ᠰᠤᠲᠤᠷ ᠨᠤᠮ ᠤᠨ ᠦᠪ ᠬᠦᠷᠤᠩᠭᠡ ᠰᠤᠶᠤᠯ ᠢᠶᠠᠨ ᠲᠡᠭᠡᠲᠤᠯᠡᠭᠰᠡᠨ ᠲᠡᠤᠬᠡᠨ ᠤᠶᠢᠯᠠᠯᠭ᠎ᠠ
ᠨᠡᠶᠢᠲᠡᠯᠡᠭᠰᠡᠨ ᠴᠠᠭ᠄
2021/1/19
              — ︽ᠬᠦᠪᠡᠭᠡᠲᠤ ᠰᠢᠷ᠎ᠠ ᠬᠤᠰᠢᠭᠤᠨ ᠤ ᠰᠤᠷᠭᠠᠨ  ᠬᠦᠮᠤᠵᠢᠯ ᠤᠨ                    ᠤᠶᠢᠯᠠᠯᠭ᠎ᠠ︾  ᠎ ᠶᠢ ᠲᠠᠷᠬᠠᠭᠠᠬᠤ ᠶᠤᠰᠤᠯᠠᠯ ᠳᠤ ᠤᠷᠤᠯᠴᠠᠭᠠᠳ                         ᠴᠠᠬᠠᠷ ᠨᠤᠲᠤᠭ ᠤᠨ ᠭᠤᠯᠤᠮᠲᠠ ᠤᠷᠤᠨ ᠤ ᠨᠢᠬᠡ ᠪᠤᠯᠬᠤ ᠬᠦᠪᠡᠭᠡᠲᠤ ᠰᠢᠷ᠎ᠠ ᠬᠤᠰᠢᠭᠤ ᠣᠶᠢᠷ᠎ᠠ ᠳᠤ᠂ ︽ᠬᠦᠪᠡᠭᠡᠲᠤ ᠰᠢᠷ᠎ᠠ ᠬᠤᠰᠢᠭᠤᠨ ᠤ ᠰᠤᠷᠭᠠᠨ ᠬᠦᠮᠤᠵᠢᠯ ᠤᠨ ᠤᠶᠢᠯᠠᠯᠭ᠎ᠠ︾ ᠬᠡᠮᠡᠬᠦ ᠨᠤᠮ ᠢᠶᠠᠨ ᠴᠡᠴᠡᠨ ᠮᠡᠷᠭᠡᠨ ᠤᠩᠰᠢᠭᠴᠢ ᠲᠦᠮᠡᠨ ᠤ ᠪᠠᠨ ᠭᠡᠭᠡᠨ ᠮᠡᠯᠮᠡᠢ ᠳᠤ ᠲᠤᠯᠢᠲᠠᠭᠤᠯᠤᠨ ᠮᠢᠯᠢᠶᠠᠨ ᠲᠠᠷᠬᠠᠭᠠᠬᠤ ᠶᠤᠰᠤᠯᠠᠯ ᠬᠢᠵᠤ ᠪᠢᠯᠡ᠃ ᠮᠡᠲᠡᠭᠡᠵᠢ ᠡᠨᠡ ᠨᠤᠮ ᠨᠢ ᠲᠤᠰ ᠬᠤᠰᠢᠭᠤᠨ ᠤ ᠲᠡᠤᠬᠡᠨ ᠳᠤ ᠠᠪᠴᠤ ᠬᠡᠯᠡᠪᠡᠯ ᠪᠠᠰᠠ ᠨᠢᠭᠡᠨ ᠲᠤᠷᠠᠳᠬᠠᠨ ᠲᠡᠮᠲᠡᠭᠯᠡᠬᠦᠰᠢᠲᠠᠢ ᠪᠠᠶᠠᠷᠲᠤ ᠶᠠᠪᠤᠲᠠᠯ ᠪᠤᠯᠬᠤ ᠶᠤᠮ᠃     120 ᠲᠦᠮᠡᠨ ᠦᠰᠤᠭ᠌ ᠪᠦᠬᠦᠢ ᠲᠡᠭᠡᠲᠤ ᠲᠤᠤᠷᠠᠲᠤ ᠬᠤᠶᠠᠷ ᠲᠡᠪᠲᠡᠷ ᠢᠶᠠᠷ ᠦᠨᠲᠤᠰᠤᠲᠡᠨ ᠤ ᠬᠡᠪᠯᠡᠯ ᠤᠨ ᠬᠤᠷᠢᠶᠠᠨ ᠠᠴᠠ ᠬᠡᠪᠯᠡᠬᠦᠯᠤᠨ ᠲᠠᠷᠬᠠᠭᠠᠭᠰᠠᠨ 1000 ᠰᠢᠬᠠᠮ ᠬᠠᠭᠤᠲᠠᠰᠤ ᠲᠠᠢ ᠡᠨᠡᠬᠦ ᠨᠤᠮ ᠪᠦᠬᠦᠶᠢᠯᠡ ᠠᠭᠤᠯᠭ᠎ᠠ ᠪᠠᠨ ᠠᠷᠪᠠᠨ ᠨᠢᠭᠡᠨ ᠪᠦᠯᠤᠭ᠌ ᠢᠶᠠᠷ ᠠᠩᠬᠢᠯᠡᠨ ᠲᠦᠯᠤᠪᠰᠢᠬᠦᠯᠵᠤ ᠪᠢᠴᠢᠭᠰᠡᠨ ᠪᠠᠶᠢᠲᠠᠭ᠃  ᠲᠤᠰ ᠨᠤᠮ ᠎ ᠳᠤ ︽ᠤᠷᠤᠰᠢᠯ᠂ ᠤᠲᠤᠷᠢᠳᠬᠠᠯ᠂ ᠲᠤᠮᠤ ᠬᠡᠷᠡᠭ ᠶᠠᠪᠤᠲᠠᠯ ᠤᠨ ᠲᠡᠮᠲᠡᠭᠯᠡᠯ᠂ ᠲᠠᠭᠠᠯᠲᠤᠭᠤᠯᠤᠯ᠂ ᠠᠰᠢᠭᠯᠠᠭᠰᠠᠨ ᠨᠤᠮ ᠮᠡᠲ᠋ᠧᠷᠢᠶᠠᠯ᠂ ᠭᠠᠷᠭᠠᠯᠭ᠎ᠠ︾ ᠵᠡᠷᠭᠡ ᠵᠢᠯᠤᠭᠤᠲᠤᠮᠵᠢ ᠲᠤᠲᠤᠷᠬᠠᠶᠢᠯᠠᠯᠲᠠ ᠶᠢᠨ ᠴᠢᠨᠠᠷᠲᠠᠢ ᠬᠠᠪᠰᠤᠷᠤᠮᠵᠢ ᠲᠠᠶᠢᠯᠤᠮᠵᠢ ᠶᠢ ᠬᠠᠨᠲᠤᠯᠭ᠎ᠠ ᠲᠠᠢ ᠪᠢᠴᠢᠬᠦ ᠶᠢᠨ ᠲᠠᠭᠠᠤ ᠡᠬᠢᠨ ᠤ 10 ᠨᠢᠭᠤᠷ ᠲᠤ ᠢᠷᠠᠭᠤ ᠠᠯᠲᠠᠷ ᠤᠨ ᠦᠨᠡᠮᠯᠡᠯ᠂ ᠤᠲᠤᠷᠢᠲᠤᠯᠭ᠎ᠠ ᠶᠢᠨ ᠪᠢᠴᠢᠭᠡᠰᠤ᠂ ᠠᠵᠢᠯ ᠪᠠᠶᠢᠴᠠᠭᠠᠯᠲᠠ ᠵᠢᠴᠢ ᠨᠡᠷᠡᠲᠤ ᠡᠷᠲᠡᠮᠲᠡᠨ᠂ ᠰᠢᠯᠢᠲᠡᠭ ᠪᠠᠭᠰᠢ ᠵᠡᠷᠭᠡ ᠲᠦᠯᠤᠭᠡᠯᠡᠬᠦ ᠴᠢᠨᠠᠷᠲᠠᠢ ᠬᠦᠮᠤᠰ ᠤᠨ ᠪᠤᠲᠤᠭᠲᠤ ᠰᠡᠬᠦᠲᠡᠷ ᠢ ᠲᠦᠬᠦᠮ ᠲᠠᠶᠢᠯᠪᠤᠷᠢ ᠬᠠᠲᠠᠵᠤ ᠤᠷᠤᠭᠤᠯᠤᠭᠰᠠᠨ ᠎ ᠠᠴᠠ ᠭᠠᠲᠠᠨ᠎ᠠ᠂ 300 ᠵᠢᠷᠭᠢᠭᠡ ᠰᠡᠬᠦᠲᠡᠷ ᠬᠢᠭᠡᠳ 170 ᠲᠦᠪ ᠰᠡᠬᠦᠲᠡᠷ ᠢ ᠰᠤᠩᠭᠤᠯᠲᠠ ᠲᠠᠢ ᠤᠷᠤᠭᠤᠯᠤᠭᠰᠠᠨ ᠪᠠᠶᠢᠲᠠᠭ᠃ ᠤᠶᠢᠯᠠᠯᠭ᠎ᠠ ᠳᠤ ᠲᠤᠭᠠᠴᠢᠨ ᠲᠡᠮᠲᠡᠭᠯᠡᠬᠦ᠂ ᠨᠠᠮᠲᠠᠷᠴᠢᠯᠠᠬᠤ᠂ ᠵᠤᠷᠪᠤᠰᠯᠠᠬᠤ᠂ ᠵᠢᠷᠤᠭᠯᠠᠬᠤ᠂ ᠬᠦᠰᠤᠨᠤᠭ᠍ᠴᠢᠯᠡᠬᠦ᠂ ᠭᠡᠯᠬᠢᠶᠡᠰᠤ ᠲᠠᠭᠠᠯᠲᠤᠭᠤᠯᠬᠤ ᠵᠡᠷᠭᠡ ᠢᠯᠡᠳᠭᠡᠬᠦ ᠠᠷᠭ᠎ᠠ ᠶᠢ ᠠᠮᠢᠲᠤᠯᠢᠭ ᠬᠡᠷᠡᠭᠯᠡᠭᠰᠡᠨ ᠢᠶᠠᠷ ᠠᠮᠠ ᠰᠡᠭᠡᠷ ᠤᠨ ᠵᠤᠯᠭᠠᠯᠲᠠ ᠠᠰᠢᠬᠦᠢ ᠰᠠᠶᠢᠬᠠᠨ ᠵᠤᠬᠢᠴᠠᠯᠲᠤᠨ᠂ ᠵᠤᠬᠢᠶᠠᠮᠵᠢ ᠨᠠᠶᠢᠷᠠᠭᠤᠯᠭ᠎ᠠ ᠢᠲᠡ ᠬᠠᠪᠤᠯᠢᠭ ᠪᠤᠯᠵᠤ᠂ ᠤᠭ ᠨᠤᠮ ᠤᠨ ᠠᠭᠤᠯᠭ᠎ᠠ ᠶᠢ ᠲᠡᠯᠡᠵᠤ  ᠪᠠᠶᠠᠯᠢᠭᠵᠢᠭᠤᠯᠣᠨ ᠪᠦᠷᠢᠨ ᠲᠡᠬᠦᠯᠲᠡᠷ ᠪᠤᠯᠭᠠᠵᠤ ᠴᠢᠲᠠᠭᠰᠠᠨ ᠢᠶᠠᠷ ᠰᠤᠨᠢᠷᠬᠠᠯᠲᠤ ᠴᠢᠨᠠᠷ᠂ ᠯᠠᠪᠯᠠᠵᠤ ᠠᠰᠢᠭᠯᠠᠬᠤ ᠦᠨ᠎ᠡ ᠦᠷᠲᠡᠭ ᠤᠨ ᠬᠤᠪᠢ ᠵᠢᠩ ᠢ  ᠎ ᠨᠢ ᠤᠯᠠᠮ ᠴᠢᠨᠠᠭᠰᠢᠲᠠ ᠨᠡᠮᠡᠭᠲᠡᠬᠦᠯᠤᠭ᠍ᠰᠡᠨ ᠪᠢᠯᠡ᠃     ᠡᠨᠡ ᠲᠤᠬᠠᠢ ᠲᠤᠰ ᠨᠤᠮ ᠤᠨ ᠶᠡᠷᠤᠩᠬᠡᠢ ᠨᠠᠶᠢᠷᠠᠭᠤᠯᠤᠭᠴᠢ ᠶᠢᠨ ᠡᠬᠦᠷᠭᠡ ᠶᠢ ᠭᠠᠷᠲᠠᠨ ᠬᠦᠢᠴᠡᠳᠭᠡᠭᠰᠡᠨ᠂ ᠰᠤᠷᠭᠠᠨ ᠬᠦᠮᠤᠵᠢᠯ ᠤᠨ ᠠᠬᠠᠮᠠᠳ ᠵᠢᠳᠬᠦᠯᠲᠡᠨ᠂ ᠬᠤᠰᠢᠭᠤᠨ ᠤ ᠤᠲᠤᠷᠢᠳᠬᠤ ᠪᠠᠭ ᠤᠨ ᠭᠤᠤᠯ ᠬᠠᠷᠢᠭᠤᠴᠠᠯᠭᠠᠲᠠᠨ ᠤ ᠨᠢᠭᠡ ᠪᠠᠷ ᠠᠵᠢᠯᠯᠠᠵᠤ ᠪᠠᠶᠢᠭᠰᠠᠨ᠂ 81᠎ ᠶᠢᠨ ᠦᠨᠲᠤᠷ ᠨᠠᠰᠤᠨ ᠬᠤᠲᠤᠭ  ᠵᠣᠭᠤᠭᠯᠠᠵᠣ ᠶᠠᠪᠤᠭ᠎ᠠ ᠯᠾᠡᠰᠦ᠋ᠷᠤᠩ ᠨᠠᠰᠤᠲᠠᠨ᠄ ︽ᠤᠶᠢᠯᠠᠯᠭ᠎ᠠ ᠪᠢᠴᠢᠨ᠎ᠡ ᠭᠡᠲᠡᠭ ᠪᠤᠯ ᠣᠷᠢᠳᠤᠬᠢ ᠬᠦᠮᠤᠨ ᠤ ᠵᠤᠷᠢᠭ ᠰᠠᠨᠠᠭ᠎ᠠ᠂ ᠤᠶᠢᠯᠡ ᠠᠵᠢᠯᠯᠠᠭ᠎ᠠ᠂ ᠠᠷᠭ᠎ᠠ ᠲᠤᠷᠰᠢᠯᠭ᠎ᠠ ᠶᠢ ᠲᠡᠮᠲᠡᠭᠯᠡᠨ᠂ ᠤᠲᠤᠬᠢ ᠬᠦᠮᠤᠰ ᠲᠤ ᠯᠠᠪᠯᠠᠯᠲᠠ ᠲᠤᠯᠢ ᠪᠤᠯᠭᠠᠵᠤ᠂ ᠬᠤᠵᠢᠮ ᠤᠨ ᠬᠦᠮᠤᠰ ᠲᠤ ᠲᠡᠤᠬᠡ ᠮᠠᠲ᠋ᠧᠷᠢᠶᠠᠯ ᠦᠯᠡᠲᠡᠭᠡᠬᠦ ᠲᠤᠮᠤ ᠶᠠᠪᠤᠲᠠᠯ ᠤᠨ ᠨᠢᠭᠡ ᠪᠤᠯᠬᠤᠷ ᠡᠷᠬᠡᠪᠰᠢ ᠲᠡᠤᠭᠡᠨ ᠦᠨᠡᠨ ᠢ ᠪᠠᠷᠢᠮᠲᠠᠯᠠᠵᠤ ᠨᠠᠷᠢᠨ ᠬᠢᠨᠠᠮᠠᠭᠠᠢ ᠬᠠᠨᠲᠤᠭᠰᠠᠨ ᠪᠠᠶᠢᠬᠤ ᠬᠡᠷᠡᠭᠲᠡᠢ᠃ ᠮᠠᠨ ᠤ ᠨᠠᠶᠢᠷᠠᠭᠤᠯᠤᠭᠴᠢᠳ ᠴᠠᠭ ᠪᠠᠴᠢᠮ᠂ ᠡᠬᠦᠷᠭᠡ ᠬᠦᠨᠲᠤ᠂ ᠠᠵᠢᠯ ᠤᠨ ᠲᠠᠷᠤᠯᠲᠠ ᠶᠡᠭᠡ ᠪᠠᠶᠢᠬᠤ ᠵᠡᠷᠭᠡ ᠵᠤᠶᠢᠯ ᠪᠦᠷᠢ ᠶᠢᠨ ᠬᠦᠴᠢᠷ ᠪᠡᠷᠬᠡ ᠶᠢ ᠢᠯᠠᠨ ᠲᠠᠪᠠᠭ᠋ᠤ ᠬᠠᠲᠠᠭᠤ ᠵᠤᠷᠢᠭ ᠢ ᠡᠪᠤᠷᠯᠡᠨ᠂ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠲᠤᠨ ᠳᠤ ᠬᠠᠷᠢᠭᠤᠴᠠᠬᠤ  ᠂ ᠴᠢᠨᠠᠭᠰᠢᠯᠠᠪᠠᠯ ᠪᠦᠬᠦ ᠬᠤᠰᠢᠭᠤᠨ ᠤ ᠠᠷᠠᠳ ᠲᠦᠮᠡᠨ ᠳᠤ ᠬᠠᠷᠢᠭᠤᠴᠠᠬᠤ ᠤᠷᠬᠢᠯᠤᠮ᠎ᠠ ᠬᠠᠯᠠᠭᠤᠨ ᠰᠡᠳᠬᠢᠯ ᠢᠶᠠᠷ᠂ 2016 ᠤᠨ ᠤ ᠵᠢᠯ ᠤᠨ ᠰᠡᠬᠦᠯᠴᠢ ᠳᠤ ︽ᠤᠶᠢᠯᠠᠯᠭ᠎ᠠ︾  ᠨᠠᠶᠢᠷᠠᠭᠤᠯᠬᠤ ᠠᠵᠢᠯ ᠤᠨ ᠤᠲᠤᠷᠢᠳᠬᠤ  ᠲᠤᠭᠤᠶᠢᠯᠠᠩ  ᠎ ᠤᠨ ᠠᠩᠬᠠᠲᠤᠭᠠᠷ ᠤᠲᠠᠭᠠᠨ ᠤ ᠬᠤᠷᠠᠯ ᠠᠴᠠ ᠨᠠᠭᠠᠰᠢ ᠬᠤᠯᠪᠤᠭᠲᠠᠯ ᠪᠦᠬᠦᠢ ᠲᠠᠩᠰᠠ ᠡᠪᠬᠡᠮᠡᠯ ᠢ ᠤᠷᠪᠠᠭᠤᠯᠵᠤ ᠲᠡᠮᠲᠡᠭᠯᠡᠨ ᠮᠠᠲ᠋ᠧᠷᠢᠶᠠᠯ ᠴᠤᠭᠯᠠᠭᠤᠯᠤᠨ᠂ 2017 ᠤᠨ ᠤ ᠡᠴᠤᠰ ᠪᠤᠯᠬᠤ ᠳᠤ ᠰᠠᠶ᠋ᠢ ᠲᠦᠩᠭᠡᠵᠤ ᠲᠤᠰ ᠨᠤᠮ ᠤᠨ ᠠᠩᠬᠠᠨ ᠤ ᠪᠤᠷᠤ ᠲᠦᠰᠤᠪ ᠢ ᠪᠢᠴᠢᠵᠤ ᠭᠠᠷᠭᠠᠭᠰᠠᠨ ᠪᠠᠶᠢᠲᠠᠭ᠃ ᠶᠡᠷᠤᠨᠢ ︽ᠤᠶᠢᠯᠠᠯᠭ᠎ᠠ︾᠎ ᠶᠢ ᠨᠠᠶᠢᠷᠠᠭᠤᠯᠬᠤ ᠠᠴᠠ ᠠᠪᠤᠭᠠᠳ ᠬᠠᠷᠭᠤᠭᠤᠯᠬᠤ᠂ ᠴᠢᠨᠠᠷᠵᠢᠭᠤᠯᠬᠤ᠂ ᠬᠢᠨᠡᠨ ᠲᠤᠭᠲᠠᠭᠠᠬᠤ ᠵᠡᠷᠭᠡ ᠠᠯᠢ ᠤᠯᠠᠨ ᠶᠠᠪᠤᠴᠠ ᠶᠢ ᠦᠩᠭᠡᠷᠡᠬᠦᠯᠵᠤ᠂ 2019 ᠤᠨ ᠤ 4 ᠰᠠᠷ᠎ᠠ ᠳᠤ  ᠦᠨᠲᠤᠰᠤᠲᠡᠨ  ᠎ ᠤ ᠬᠡᠪᠯᠡᠯ ᠤᠨ ᠬᠤᠷᠢᠶ᠎ᠠ ᠲᠠᠢ ᠭᠡᠷ᠎ᠡ ᠪᠢᠴᠢᠭ ᠬᠢᠵᠤ᠂ ᠡᠬᠡ ᠪᠢᠴᠢᠭ ᠢᠶᠠᠨ ᠲᠤᠰᠢᠶᠠᠬᠤ ᠬᠦᠷᠲᠡᠯᠡᠬᠢ ᠬᠤᠭᠤᠴᠠᠭᠠᠨ ᠳᠤ 14 ᠤᠲᠠᠭᠠᠨ ᠤ ᠶᠠᠷᠢᠯᠴᠠᠬᠤ ᠬᠤᠷᠠᠯ ᠢ ᠵᠤᠬᠢᠶᠠᠨ ᠪᠠᠶᠢᠭᠤᠯᠤᠨ ᠬᠢᠭᠰᠡᠨ ᠠᠴᠠ ᠭᠠᠲᠠᠨ᠎ᠠ  ᠂  ᠤᠨᠴᠠ ᠤᠷᠢᠭᠰᠠᠨ ᠨᠠᠶᠢᠷᠠᠭᠤᠯᠤᠭᠴᠢᠳ ︵ᠵᠦᠪᠯᠡᠭᠴᠢ︶᠎ ᠲᠠᠢ 2 ᠤᠲᠠᠭ᠎ᠠ ᠲᠤᠰᠬᠠᠢ ᠰᠠᠭᠤᠲᠠᠯ ᠤᠨ ᠬᠤᠷᠠᠯ ᠬᠢᠵᠤ ᠵᠢᠯᠤᠭᠤᠲᠤᠭᠤᠯᠤᠭᠰᠠᠨ ᠮᠦᠷᠲᠡᠭᠡᠨ  ᠰᠢᠯᠢ ᠶᠢᠨ ᠬᠤᠳᠠ᠂ ᠬᠦᠭᠡᠬᠤᠲᠠ  ᠵᠡᠷᠭᠡ ᠭᠠᠵᠠᠷ ᠤᠷᠤᠨ ᠢᠶᠠᠷ ᠴᠤ  ᠬᠡᠲᠤᠨᠲᠡ  ᠬᠦᠷᠴᠤ᠂ ᠬᠤᠰᠢᠭᠤᠨ ᠤ ᠬᠠᠭᠤᠴᠢᠨ ᠤᠲᠤᠷᠢᠲᠤᠯᠭ᠎ᠠ᠂ ᠰᠤᠷᠭᠠᠨ ᠬᠦᠮᠤᠵᠢᠯ ᠤᠨ ᠠᠵᠢᠯᠲᠠᠨ᠂ ᠠᠶᠢᠮᠠᠭ ᠤᠨ ᠰᠤᠷᠭᠠᠨ ᠬᠦᠮᠤᠵᠢᠯ ᠤᠨ ᠲᠤᠪᠴᠢᠶᠠᠨ  ᠎ ᠤ ᠤᠲᠤᠷᠢᠲᠤᠯᠭ᠎ᠠ ᠵᠢᠴᠢ ᠲᠤᠰᠬᠠᠢ ᠮᠡᠷᠭᠡᠵᠢᠯᠲᠡᠨ ᠨᠡᠷ ᠲᠠᠢ ᠦᠵᠡᠯ ᠪᠤᠲᠤᠯ ᠢᠶᠠᠨ ᠴᠢᠯᠤᠭᠡᠲᠠᠢ ᠲᠡᠯᠭᠡᠨ ᠵᠦᠪᠯᠡᠵᠤ᠂  ᠨᠡᠶᠢᠰᠯᠡᠯ ᠪᠡᠭᠡᠵᠢᠩ ᠳᠤ 2 ᠤᠲᠠᠭ᠎ᠠ  ᠬᠦᠷᠴᠤ  ᠂ ᠬᠠᠷᠭᠤᠭᠤᠯᠵᠤ ᠬᠢᠨᠠᠬᠤ ᠪᠠ ᠨᠠᠷ᠎ᠡ ᠲᠤᠮᠢᠶ᠎ᠠ ᠶᠢ ᠨᠢᠭᠡᠳᠬᠡᠬᠦ ᠠᠵᠢᠯ ᠢ ᠬᠢᠵᠤ ᠪᠢᠯᠡ︾ ᠬᠡᠮᠡᠨ ︽ᠤᠶᠢᠯᠠᠯᠭ᠎ᠠ︾᠎ ᠶᠢ ᠪᠢᠴᠢᠵᠤ  ᠨᠠᠶᠢᠷᠠᠭᠤᠯᠬᠤ ᠪᠦᠬᠦ ᠶᠠᠪᠤᠴᠠ ᠪᠠᠨ  ᠲᠡᠯᠭᠡᠷᠡᠩᠬᠦᠢ ᠰᠠᠶᠢᠬᠠᠨ  ᠶᠠᠷᠢᠬᠤ ᠶᠢᠨ ᠲᠠᠭᠠᠤ  ᠄ ︽ᠡᠨᠡᠬᠦ ︿ᠤᠶᠢᠯᠠᠯᠭ᠎ᠠ﹀  ᠎ ᠳᠤ ᠪᠠᠨ ᠪᠢᠲᠡ ᠬᠦᠪᠡᠭᠡᠲᠤ ᠰᠢᠷ᠎ᠠ ᠬᠤᠰᠢᠭᠤᠨ ᠤ ᠪᠠᠨ ᠰᠤᠷᠭᠠᠨ ᠬᠦᠮᠤᠵᠢᠯ ᠤᠨ 70 ᠵᠢᠯ ᠤᠨ ᠲᠤᠷᠰᠢ ᠶᠠᠪᠤᠵᠤ ᠢᠷᠡᠭᠰᠡᠨ ᠢᠲᠡᠷᠬᠡᠭ ᠠᠯᠬᠤᠭ᠎ᠠ᠂ ᠢᠯᠠᠭᠤᠭᠰᠠᠨ ᠠᠮᠵᠢᠯᠲᠠ ᠪᠦᠲᠤᠭᠡᠯ ᠢ ᠲᠤᠲᠤᠷᠠᠭᠤᠯᠵᠤ᠂ ᠡᠯ᠎ᠡ ᠦᠶ᠎ᠡ ᠶᠢᠨ ᠨᠠᠮ ᠵᠠᠰᠠᠭ ᠤᠨ ᠤᠲᠤᠷᠢᠲᠤᠯᠭ᠎ᠠ ᠶᠢᠨ ᠰᠤᠷᠭᠠᠨ ᠬᠦᠮᠤᠵᠢᠯ ᠢ ᠲᠡᠭᠡᠲᠤᠯᠡᠬᠦ ᠪᠤᠲᠤᠯᠭ᠎ᠠ᠂ ᠠᠷᠠᠳ ᠤᠯᠠᠨ ᠎ ᠤ ᠰᠤᠷᠭᠠᠨ ᠬᠦᠮᠤᠵᠢᠯ ᠢ ᠲᠡᠮᠵᠢᠬᠦ ᠢᠷᠠᠭᠤ ᠠᠯᠲᠠᠷᠲᠤ ᠤᠲᠤᠮᠰᠢᠯ᠂ ᠦᠷᠭᠡᠨ ᠤᠯᠠᠨ ᠪᠠᠭᠰᠢ ᠠᠵᠢᠯᠲᠠᠨ ᠤ ᠵᠢᠳᠬᠦᠯ ᠴᠢᠷᠮᠠᠶᠢᠯᠭ᠎ᠠ᠂ ᠦᠷ᠎ᠡ ᠪᠦᠲᠤᠭᠡᠯ ᠢ ᠪᠦᠬᠦ ᠲᠠᠯ᠎ᠠ ᠪᠠᠷ ᠲᠦᠬᠦᠮ ᠤᠶᠢᠯᠠᠭᠠᠮᠵᠢᠲᠠᠢ ᠮᠦᠷᠲᠡᠭᠡᠨ ᠬᠦᠨᠴᠡ ᠲᠠᠢ ᠲᠤᠰᠬᠠᠨ ᠲᠡᠮᠲᠡᠭᠯᠡᠬᠦ ᠶᠢ ᠬᠢᠴᠢᠶᠡᠩᠬᠦᠶᠢᠯᠡᠭᠰᠡᠨ ᠪᠤᠯᠬᠤᠷ ᠲᠤᠰ ᠨᠤᠮ ᠮᠠᠨᠢ ᠪᠦᠬᠦ ᠬᠤᠰᠢᠭᠤᠨ ᠤ ︿ᠤᠶᠢᠯᠠᠯᠭ᠎ᠠ﹀ ᠎ ᠶᠢᠨ ᠲᠤᠲᠠᠭᠲᠠᠵᠤ ᠪᠤᠯᠤᠰᠢ ᠦᠭᠡᠢ ᠴᠢᠬᠤᠯᠡ ᠨᠢᠭᠡᠨ ᠪᠦᠷᠢᠯᠲᠤᠬᠦᠨ ᠭᠡᠰᠡᠭ ᠪᠤᠯᠵᠤ ᠴᠢᠲᠠᠭᠰᠠᠨ ᠭᠡᠵᠤ ᠦᠵᠡᠵᠤ ᠪᠠᠶᠢᠨ᠎ᠠ᠃  ᠲᠡᠷᠡᠴᠢᠯᠡᠨ ᠡᠨᠡᠬᠦ ᠨᠤᠮ ᠨᠢ ᠪᠠᠰᠠ ᠲᠣᠰ ᠬᠤᠰᠢᠭᠤᠨ ᠤ ᠪᠠᠨ ᠰᠤᠷᠭᠠᠨ ᠬᠦᠮᠤᠵᠢᠯ ᠤᠨ ᠲᠡᠤᠬᠡ ᠤᠶᠢᠯᠠᠯᠭ᠎ᠠ ᠶᠢᠨ ᠲᠡᠯ᠎ᠡ ᠪᠠᠷ ᠬᠢ ︿ᠬᠤᠭᠤᠰᠤᠨ﹀  ᠎ ᠢ ᠨᠦᠬᠦᠪᠤᠷᠢᠯᠡᠭᠰᠡᠨ ᠤᠶᠤᠨ ᠰᠠᠨᠠᠭᠠᠨ ᠤ ᠰᠢᠮᠡᠲᠤ ᠲᠡᠵᠢᠭᠡᠯ᠂ ᠬᠤᠪᠤᠷ ᠨᠠᠨᠲᠢᠨ ᠰᠤᠶᠤᠯ ᠤᠨ ᠦᠪ  ᠬᠦᠷᠤᠩᠭᠡ ᠶᠢᠨ ᠨᠢᠭᠡ  ᠪᠤᠯᠬᠤ ᠶᠤᠮ᠃ ᠢᠢᠮᠤ ᠠᠴᠠ ᠡᠨᠡᠬᠦ ︿ᠤᠶᠢᠯᠠᠯᠭ᠎ᠠ﹀ ᠮᠠᠨᠢ ᠪᠦᠬᠦ ᠬᠤᠰᠢᠭᠤᠨ ᠤ ᠤᠯᠤᠰ ᠲᠦᠷᠤ᠂ ᠠᠵᠤ ᠠᠬᠤᠢ᠂ ᠢᠯᠠᠩᠭᠤᠶ᠎ᠡ ᠰᠤᠶᠤᠯ ᠤᠨ ᠤᠶᠢᠯᠡᠰ ᠲᠤ ᠢᠯᠭᠤᠮ ᠰᠠᠶᠢᠬᠠᠨ ᠦᠩᠭᠡ ᠪᠤᠲᠤᠭ ᠨᠡᠮᠡᠷᠢᠯᠡᠬᠦ ᠨᠢ ᠵᠠᠶᠢᠯᠠᠰᠢ ᠦᠭᠡᠢ᠃ ᠵᠤᠬᠢᠬᠤ ᠨᠢᠭᠡᠨ ᠤᠳᠬ᠎ᠠ ᠠᠴᠠ ᠠᠪᠴᠤ ᠬᠡᠯᠡᠪᠡᠯ᠂ ᠮᠠᠨ ᠤ ᠬᠤᠰᠢᠭᠤᠨ ᠤ ᠰᠤᠷᠭᠠᠨ ᠬᠦᠮᠤᠵᠢᠯ ᠪᠤᠯ ᠦᠨᠲᠤᠰᠤᠲᠡᠨ ᠤ ᠰᠤᠷᠭᠠᠨ ᠬᠦᠮᠤᠵᠢᠯ ᠪᠤᠯᠬᠤ ᠶᠤᠮ᠃ ᠡᠨᠡ ᠨᠢ ᠬᠤᠵᠢᠮ ᠤᠨ ᠬᠦᠮᠤᠰ ᠤᠨ ᠠᠲᠠᠯᠢ ᠪᠤᠰᠤ ᠲᠡᠤᠬᠡᠨ ᠴᠠᠭ ᠬᠤᠭᠤᠴᠠᠭᠠᠨ ᠤ ᠲᠦᠷᠤ ᠶᠢᠨ ᠪᠤᠲᠤᠯᠭ᠎ᠠ ᠶᠢᠨ ᠨᠠᠶᠢᠲᠠᠪᠤᠷᠢᠵᠢᠭᠤᠯᠤᠯᠲᠠ ᠠᠳᠬᠤᠯᠲᠠ ᠶᠢ ᠰᠤᠲᠤᠯᠬᠤ᠂ ᠴᠢᠨᠠᠭᠰᠢᠲᠠ ᠦᠨᠲᠤᠰᠤᠲᠡᠨ ᠤ ᠰᠤᠷᠭᠠᠨ ᠬᠦᠮᠤᠵᠢᠯ᠂ ᠰᠤᠶᠤᠯ ᠪᠤᠯᠪᠠᠰᠤᠨ ᠤ ᠤᠬᠢ ᠰᠢᠯᠢᠲᠡᠭ ᠦᠪ ᠬᠦᠷᠤᠩᠭᠡ ᠶᠢ ᠬᠠᠮᠠᠭᠠᠯᠠᠵᠤ ᠤᠯᠠᠮᠵᠢᠯᠠᠬᠤ᠂ ᠰᠤᠲᠤᠯᠤᠨ ᠰᠢᠨᠵᠢᠯᠡᠬᠦ ᠎ ᠳᠤ ᠴᠤ ᠭᠡᠰᠡᠨ ᠵᠤᠬᠢᠬᠤ ᠯᠠᠪᠯᠠᠯᠲᠠ ᠶᠢᠨ ᠤᠶᠢᠯᠡᠲᠤᠯ ᠭᠠᠷᠭᠠᠬᠤ ᠪᠤᠯᠤᠨ᠎ᠠ ᠭᠡᠲᠡᠭ ᠲᠤ ᠪᠢ ᠡᠷᠡᠭᠡᠯᠵᠡᠬᠦ ᠦᠭᠡᠢ ᠪᠠᠶᠢᠨ᠎ᠠ  ︾ ᠭᠡᠵᠤ  ᠶᠡᠷᠤᠩᠬᠡᠢ ᠨᠠᠶᠢᠷᠠᠭᠤᠯᠤᠭᠴᠢ ᠶᠢᠨ ᠬᠤᠪᠢ ᠪᠠᠷ ᠴᠢᠨᠠᠭᠰᠢᠲᠠ ᠬᠦᠨᠵᠡᠭᠡᠶᠢᠷᠡᠬᠦᠯᠤᠨ  ᠶᠠᠷᠢᠭᠰᠠᠨ ᠮᠠᠨᠢ ᠲᠤᠰ ᠨᠤᠮ ᠤᠨ ᠢᠶᠠᠨ ᠲᠤᠬᠠᠢ ᠬᠦᠮᠤᠰ ᠲᠤ ᠶᠠᠭᠤ ᠨᠢᠭᠡ ᠶᠢ ᠰᠡᠷᠡᠭᠲᠡᠬᠦᠯᠤᠭ᠍ᠰᠡᠨ ᠮᠡᠲᠤ ᠤᠴᠢᠷ ᠤᠳᠬ᠎ᠠ ᠲᠠᠢ ᠰᠠᠨᠠᠭᠲᠠᠨ᠎ᠠ᠃     ᠲᠡᠶᠢᠮᠤ ᠡ︕ ᠨᠤᠮ ᠳᠤ ᠲᠤᠪᠴᠢᠯᠡᠨ ᠦᠬᠦᠯᠡᠭᠰᠡᠨ ᠮᠡᠲᠤ ᠬᠦᠪᠡᠭᠡᠲᠤ ᠰᠢᠷ᠎ᠠ ᠬᠤᠰᠢᠭᠤ ᠨᠢ ᠰᠤᠷᠭᠠᠨ ᠬᠦᠮᠤᠵᠢᠯ ᠤᠨ ᠲᠠᠯ᠎ᠠ ᠪᠠᠷ ᠲᠤᠪᠤᠶᠢᠮ᠎ᠠ ᠠᠮᠵᠢᠯᠲᠠ ᠶᠢᠨ ᠲᠡᠤᠬᠡᠨ ᠤᠯᠡ ᠮᠦᠷ ᠲᠠᠢ ᠪᠠᠶᠢᠲᠠᠭ ᠢᠶᠠᠷ ᠬᠤᠯᠡ ᠶᠢ ᠶᠠᠷᠢᠬᠤ ᠦᠭᠡᠢ᠂ 1956 ᠤᠨ ᠳᠤ  ᠪᠠᠶᠠᠨᠲᠠᠯ᠎ᠠ ᠪᠦᠷᠢᠨ ᠪᠠᠭ᠎ᠠ ᠰᠤᠷᠭᠠᠭᠤᠯᠢ  ᠎ ᠨᠢ ᠴᠠᠬᠠᠷ ᠠᠶᠢᠮᠠᠭ ᠤᠨ ᠲᠡᠷᠢᠬᠦᠨ ᠎ ᠤ  ᠨᠢᠭᠡᠴᠡ ᠪᠠᠷ ᠲᠤᠲᠤᠷᠠᠨ᠂ 1959 ᠤᠨ ᠳᠤ  ᠰᠢᠨᠡᠪᠤᠯᠠᠭ ᠪᠦᠷᠢᠨ ᠪᠠᠭ᠎ᠠ ᠰᠤᠷᠭᠠᠭᠤᠯᠢ  ᠎ ᠨᠢ ᠰᠢᠯᠢ ᠶᠢᠨ ᠭᠤᠤᠯ ᠠᠶᠢᠮᠠᠭ ᠤᠨ ᠲᠡᠷᠢᠬᠦᠨ ᠤ ᠨᠢᠭᠡᠴᠡ ᠪᠠᠷ ᠰᠤᠩᠭᠤᠭᠲᠠᠭᠰᠠᠨ ᠤ ᠬᠠᠮᠲᠤ ᠦᠪᠡᠷᠲᠡᠭᠡᠨ ᠵᠠᠰᠠᠬᠤ ᠤᠷᠤᠨ ᠤ ︽ᠪᠦᠬᠦ ᠤᠷᠤᠨ ᠤ ᠬᠦᠲᠡᠯᠮᠤᠷᠢ ᠶᠢᠨ ᠪᠠᠭᠠᠲᠤᠷᠴᠤᠳ ᠤᠨ ᠬᠤᠷᠠᠯᠲᠤᠭᠠᠨ︾᠎ ᠳᠤ ᠢᠷᠠᠭᠤ ᠠᠯᠲᠠᠷ ᠲᠠᠢ ᠪᠠᠷ ᠤᠷᠤᠯᠴᠠᠭᠰᠠᠨ᠂ 1983 ᠤᠨ ᠳᠤ ᠬᠦᠪᠡᠭᠡᠲᠤ ᠰᠢᠷ᠎ᠠ ᠬᠤᠰᠢᠭᠤ ᠨᠢ ᠪᠦᠬᠦ ᠤᠷᠤᠨ ᠤ ᠮᠠᠯᠵᠢᠬᠤ ᠬᠤᠰᠢᠭᠤᠳ ᠎ ᠤᠨ ᠲᠤᠲᠤᠷ᠎ᠠ ᠬᠠᠮᠤᠭ ᠲᠡᠷᠢᠬᠦᠨ ᠳᠤ ᠪᠢᠴᠢᠭ ᠤᠨ ᠪᠠᠯᠠᠢ ᠶᠢ ᠠᠷᠢᠯᠭᠠᠵᠤ᠂ 1984 ᠤᠨ ᠳᠤ ᠪᠦᠬᠦ ᠤᠷᠤᠨ ᠳᠤ ᠨᠢᠭᠡ ᠵᠢᠯ ᠤᠷᠢᠳᠴᠢᠯᠡᠨ ︽ᠠᠩᠬ᠎ᠠ ᠵᠡᠷᠭᠡ ᠶᠢᠨ ᠰᠤᠷᠭᠠᠨ ᠬᠦᠮᠤᠵᠢᠯ ᠢ ᠲᠦᠭᠡᠮᠡᠯᠵᠢᠬᠦᠯᠤᠭ᠍ᠰᠡᠨ ᠬᠤᠰᠢᠭᠤ︾ ᠪᠤᠯᠤᠭᠰᠠᠨ᠂ 1986 ᠤᠨ ᠳᠤ ︽ᠪᠦᠬᠦ ᠤᠯᠤᠰ ᠤᠨ ᠰᠠᠭᠤᠷᠢ ᠰᠤᠷᠭᠠᠨ ᠬᠦᠮᠤᠵᠢᠯ ᠤᠨ ᠲᠡᠷᠢᠬᠦᠨ ᠤ ᠰᠢᠶᠠᠨ ︵ᠬᠤᠰᠢᠭᠤ︶︾  ᠎ ᠪᠠᠷ ᠨᠡᠷᠡᠶᠢᠲᠤᠭ᠍ᠲᠡᠨ᠂ 1988 ᠤᠨ ᠳᠤ ︽ᠪᠦᠬᠦ ᠤᠯᠤᠰ ᠤᠨ ᠪᠢᠴᠢᠭ ᠤᠨ ᠪᠠᠯᠠᠢ ᠶᠢ ᠠᠷᠢᠯᠭᠠᠭᠰᠠᠨ ᠲᠡᠷᠢᠬᠦᠨ ᠤ ᠰᠢᠶᠠᠨ ︵ᠬᠤᠰᠢᠭᠤ  ︶︾ ᠪᠤᠯᠵᠤ᠂ 1998 ᠤᠨ ᠳᠤ ᠦᠪᠡᠷᠲᠡᠭᠡᠨ ᠵᠠᠰᠠᠬᠤ ᠤᠷᠤᠨ ᠎ ᠤ ᠠᠯᠪᠠᠨ ᠵᠢᠷᠤᠮ ᠤᠨ ᠰᠤᠷᠭᠠᠨ ᠬᠦᠮᠤᠵᠢᠯ ᠤᠨ ︽ᠬᠤᠶᠠᠷ ᠦᠨᠲᠤᠰᠤᠨ︾᠎ ᠢ ᠪᠡᠶᠡᠯᠡᠬᠦᠯᠤᠭ᠍ᠰᠡᠨ ᠵᠡᠷᠭᠡ ᠲᠡᠤᠬᠡᠲᠤ ᠠᠮᠵᠢᠯᠲᠠ ᠶᠢᠨ ᠲᠤᠷᠠᠰᠤᠮᠵᠢ ᠲᠠᠢ ᠪᠠᠶᠢᠲᠠᠭ ᠪᠢᠯᠡ᠃  ᠮᠦᠨ ᠴᠤ ᠲᠦᠷᠤ ᠶᠢᠨ ᠡᠷᠬᠦᠮᠵᠢᠯᠡᠯᠲᠤ ︽ᠤᠯᠤᠰ ᠤᠨ ᠶᠡᠭᠡ ᠤᠲᠠᠴᠢ︾  ᠂  ᠠᠨᠠᠭᠠᠬᠤ ᠤᠬᠠᠭᠠᠨ ᠤ ᠠᠯᠲᠠᠷᠲᠤ ᠡᠷᠲᠡᠮᠲᠡᠨ᠂ ᠫᠷᠤᠹᠧᠰᠰᠤᠷ᠂ ᠰᠤᠷᠭᠠᠨ ᠬᠦᠮᠤᠵᠢᠯ ᠤᠨ ᠵᠢᠳᠬᠦᠯᠲᠡᠨ᠂ ᠠᠯᠲᠠᠷᠲᠤ ᠮᠤᠩᠭᠤᠯ ᠡᠮᠴᠢ —   ᠽᠸ᠊ · ᠰᠦᠷᠤᠩᠵᠡᠪ ᠨᠠᠰᠤᠲᠠᠨ ᠠᠴᠠ ᠠᠪᠤᠭᠠᠳ ᠠᠯᠲᠠᠷᠲᠤ ᠵᠤᠬᠢᠶᠠᠯᠴᠢ ᠯᠢᠭᠲᠡᠨ ᠵᠢᠴᠢ ᠲᠡᠭᠡᠲᠤ ᠮᠤᠯᠧᠺᠦ᠋ᠯ ᠤᠨ ᠬᠢᠮᠢ ᠪᠠ ᠠᠮᠢᠲᠤ ᠪᠤᠲᠠᠰ ᠢ ᠭᠤᠤᠯᠴᠢᠯᠠᠨ ᠰᠤᠲᠤᠯᠤᠭᠠᠳ ᠳ᠋ᠤᠺᠲ᠋ᠤᠷ ᠴᠤᠯᠠ ᠬᠠᠮᠠᠭᠠᠯᠠᠭᠰᠠᠨ ᠮᠠᠨ ᠤ ᠤᠯᠤᠰ ᠤᠨ ᠮᠤᠩᠭᠤᠯ ᠡᠮᠨᠡᠯᠭᠡ ᠶᠢᠨ ᠤᠬᠠᠭᠠᠨ ᠤ ᠤᠤᠭᠠᠨ ᠳ᠋ᠤᠺᠲ᠋ᠤᠷ ᠪᠤᠯᠬᠤ ᠪᠤᠷᠵᠢᠬᠢᠨ ᠭᠡᠷᠡᠯᠲᠤ᠂  ᠬᠦᠲᠡᠭᠡ ᠠᠵᠤ ᠠᠬᠤᠢ ᠶᠢᠨ ᠤᠬᠠᠭᠠᠨ ᠪᠤᠯᠤᠨ ᠮᠠᠯ ᠡᠮᠨᠡᠯᠭᠡ ᠶᠢᠨ ᠤᠬᠠᠭᠠᠨ ᠤ  ᠳ᠋ᠤᠺᠲ᠋ᠤᠷ ᠮᠠᠩᠯᠠᠢ ᠭᠡᠬᠦ ᠮᠡᠲᠤ ᠪᠠᠷ ᠨᠤᠲᠤᠭ ᠤᠷᠤᠨ ᠠᠴᠠ ᠪᠠᠨ ᠴᠤᠯᠭᠤᠷᠠᠨ ᠭᠠᠷᠤᠭᠰᠠᠨ ᠡᠷᠲᠡᠮᠲᠡᠨ ᠮᠡᠷᠭᠡᠳ ᠢᠶᠠᠨ ᠶᠠᠷᠢᠬᠤ ᠳᠤ ᠪᠦᠬᠦ ᠤᠷᠤᠨ ᠪᠠᠶᠢᠲᠤᠭᠠᠢ᠂  ᠪᠦᠬᠦ ᠤᠯᠤᠰ ᠲᠤ ᠴᠤ ᠭᠡᠰᠡᠨ ᠵᠤᠬᠢᠬᠤ ᠨᠦᠯᠤᠭᠡ ᠲᠤᠰᠬᠠᠯ ᠲᠠᠢ  ᠪᠤᠯᠤᠭᠰᠠᠨ ᠶᠤᠮ᠃  ᠢᠢᠮᠤ ᠪᠤᠯᠬᠤᠷ ︽ᠳ᠋ᠤᠺᠲ᠋ᠤᠷ ᠤᠨ ᠦᠯᠤᠭᠡᠢ ᠬᠦᠪᠡᠭᠡᠲᠤ ᠰᠢᠷ᠎ᠠ ᠬᠤᠰᠢᠭᠤ︾ ᠬᠡᠮᠡᠬᠦ ᠨᠡᠷ᠎ᠡ ᠠᠯᠲᠠᠷ ᠢ ᠡᠷᠬᠦᠮᠵᠢᠯᠡᠭᠰᠡᠨ ᠤ ᠤᠴᠢᠷ ᠶᠤᠰᠤ ᠤᠭ ᠭᠠᠷᠤᠯ ᠢ ᠲᠤᠲᠤᠷᠠᠭᠤᠯᠬᠤ ᠳᠤ ᠰᠠᠭᠤᠷᠢ ᠰᠤᠷᠭᠠᠨ ᠬᠦᠮᠤᠵᠢᠯ ᠎ ᠤᠨ ᠬᠢᠷᠢ ᠲᠦᠪᠰᠢᠨ ᠢᠶᠠᠷ ᠤᠯᠪᠠᠭᠠᠯᠠᠭᠲᠠᠬᠤ ᠨᠢ ᠠᠶᠠᠨᠲᠠᠭᠠᠨ ᠤ ᠤᠴᠢᠷ ᠪᠤᠯᠬᠤ  ᠨᠢᠭᠡ ᠶᠤᠰᠤᠨ ᠤ ᠵᠦᠢ ᠴᠤ ᠪᠠᠶᠢᠵᠤ ᠲᠠᠭᠠᠷᠠᠨ᠎ᠠ᠃     ᠲᠠᠷᠬᠠᠭᠠᠯᠲᠠ ᠶᠢᠨ ᠶᠤᠰᠤᠯᠠᠯ ᠳᠤ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠬᠦᠨ᠂ ᠪᠠᠶᠢᠩᠭᠤ ᠎ ᠶᠢᠨ ᠲᠡᠳ᠋ ᠬᠤᠰᠢᠭᠤ ᠲᠠᠷᠤᠭ᠎ᠠ ᠴᠧᠨ ᠢᠤᠢ ᠴᠧᠩ ᠨᠦᠬᠦᠷ ᠬᠠᠯᠠᠭᠤᠨ ᠮᠠᠨᠲᠤᠴᠢᠯᠡᠯ ᠲᠡᠪᠰᠢᠬᠦᠯᠤᠭ᠍ᠰᠡᠨ ᠪᠠᠶᠠᠷ ᠤᠨ ᠦᠭᠡ ᠬᠡᠯᠡᠬᠦ  ᠎ ᠳᠤ ᠪᠠᠨ᠄ ︽ᠪᠢ ᠶᠠᠭᠤᠨ ᠤ ᠤᠷᠢᠳ ︿ᠤᠶᠢᠯᠠᠯᠭ᠎ᠠ﹀ ᠪᠢᠴᠢᠬᠦ ᠠᠵᠢᠯ ᠳᠤ  ᠪᠡᠶ᠎ᠡ ᠰᠡᠳᠬᠢᠯ ᠢᠶᠠᠨ ᠵᠤᠷᠢᠭᠤᠯᠤᠭᠰᠠᠨ ᠨᠠᠶᠢᠷᠠᠭᠤᠯᠤᠭᠴᠢᠳ ᠢᠶᠠᠷ ᠭᠤᠤᠯᠯᠠᠭᠰᠠᠨ ᠪᠦᠬᠦ ᠨᠦᠬᠦᠳ ᠲᠤ ᠪᠠᠨ ᠲᠠᠯᠠᠷᠬᠠᠵᠤ ᠪᠠᠶᠢᠨ᠎ᠠ᠃ ᠡᠨᠡ ᠪᠤᠯ ᠮᠠᠨ ᠤ ᠬᠤᠰᠢᠭᠤᠨ ᠤ ᠲᠡᠤᠬᠡᠨ ᠲᠡᠭᠡᠷᠡᠬᠢ ᠬᠦᠰᠢᠶ᠎ᠠ ᠲᠤᠷᠠᠰᠬᠠᠯ ᠤᠨ ᠴᠢᠨᠠᠷᠲᠠᠢ ᠪᠠᠰᠠ ᠨᠢᠭᠡᠨ ᠪᠠᠶᠠᠷᠲᠤ ᠤᠴᠢᠷ ᠪᠤᠯᠬᠤ ᠶᠤᠮ᠃ ᠲᠤᠰ ︿ᠤᠶᠢᠯᠠᠯᠭ᠎ᠠ﹀᠎ ᠨᠢ ᠵᠤᠷᠢᠯᠲᠡ ᠲᠤᠲᠤᠷᠬᠠᠢ᠂ ᠲᠡᠤᠬᠡᠨ ᠮᠡᠲ᠋ᠧᠷᠢᠶᠠᠯ ᠤᠨ ᠠᠰᠢᠭᠯᠠᠮᠵᠢ ᠪᠦᠷᠢᠨ᠂ ᠦᠩᠭᠡᠷᠡᠭᠰᠡᠨ ᠪᠠ ᠦᠨᠤᠲᠤᠷ ᠢ ᠪᠦᠬᠦ ᠲᠡᠯ᠎ᠡ ᠪᠠᠷ ᠢᠯᠡᠷᠡᠬᠦᠯᠬᠦ ᠶᠢ ᠵᠤᠷᠢᠵᠤ᠂ ᠭᠠᠵᠠᠷ ᠤᠷᠤᠨ ᠤ ᠤᠨᠴᠠᠯᠢᠭ᠂ ᠦᠨᠲᠤᠰᠤᠲᠡᠨ ᠤ ᠤᠨᠴᠠᠯᠢᠭᠲᠤ ᠴᠢᠨᠠᠷ ᠢᠶᠠᠷ ᠲᠤᠪᠤᠶᠢᠮ᠎ᠠ ᠪᠠᠶᠢᠵᠤ᠂ ᠮᠠᠨ ᠤ ᠬᠤᠰᠢᠭᠤᠨ ᠤ ᠰᠤᠷᠭᠠᠨ ᠬᠦᠮᠤᠵᠢᠯ ᠤᠨ ᠤᠶᠢᠯᠡᠰ ᠤᠨ ᠬᠦᠭᠵᠢᠯᠲᠠ ᠶᠢᠨ ᠲᠡᠤᠬᠡ ᠶᠢ ᠪᠤᠰᠤᠳᠴᠢ ᠪᠠᠷ ᠲᠡᠮᠲᠡᠭᠯᠡᠨ ᠲᠤᠭᠠᠴᠢᠵᠤ᠂ ᠡᠯ᠎ᠡ ᠲᠡᠤᠬᠡᠨ  ᠴᠠᠭ ᠬᠤᠭᠤᠴᠠᠭᠠᠨ ᠤ  ᠠᠮᠵᠢᠯᠲᠠ ᠪᠦᠲᠤᠮᠵᠢ᠂ ᠲᠤᠷᠰᠢᠯᠭ᠎ᠠ ᠰᠤᠷᠭᠠᠮᠵᠢ᠂ ᠨᠤᠭᠤᠷᠠᠯ ᠪᠦᠲᠤᠷᠢᠯ ᠢ ᠬᠠᠷᠠᠭᠤᠯᠤᠨ᠂ ᠰᠤᠷᠭᠠᠨ ᠬᠦᠮᠤᠵᠢᠯ ᠤᠨ ᠦᠵᠡᠯ ᠰᠠᠨᠠᠭ᠎ᠠ᠂ ᠤᠨᠤᠯ ᠤᠨ ᠰᠢᠰᠲ᠋ᠧᠮ ᠵᠢᠴᠢ ᠴᠠᠭ ᠦᠶ᠎ᠡ ᠶᠢᠨ ᠵᠤᠷᠢᠭ ᠰᠠᠨᠠᠭ᠎ᠠ ᠶᠢ ᠬᠦᠢᠴᠡᠳ ᠢᠯᠡᠷᠡᠬᠦᠯᠤᠭ᠍ᠰᠡᠨ ᠪᠠᠶᠢᠨ᠎ᠠ︾ ᠭᠡᠵᠤ ᠦᠨᠡᠯᠡᠯᠲᠡ ᠦᠭᠴᠤ  ᠪᠠᠶᠢᠯ᠎ᠠ  ᠃       ᠶᠠᠭ ᠢᠢᠮᠤ ᠠᠴᠠ ︽ᠬᠦᠪᠡᠭᠡᠲᠤ ᠰᠢᠷ᠎ᠠ ᠬᠤᠰᠢᠭᠤᠨ ᠤ ᠰᠤᠷᠭᠠᠨ ᠬᠦᠮᠤᠵᠢᠯ ᠤᠨ ᠤᠶᠢᠯᠠᠯᠭ᠎ᠠ︾  ᠬᠡᠬᠦ ᠨᠤᠮ ᠎ ᠨᠢ  ᠤᠷᠤᠨ ᠨᠤᠲᠤᠭ ᠤᠨ ᠴᠢᠨᠠᠷᠲᠠᠢ ᠲᠡᠤᠬᠡ ᠤᠶᠢᠯᠠᠯᠭ᠎ᠠ ᠶᠢᠨ ᠨᠤᠮ ᠪᠤᠯᠤᠭᠰᠠᠨ ᠤ ᠬᠤᠪᠢ ᠳᠤ ᠲᠡᠷᠡ ᠨᠢ ᠦᠪᠡᠷᠮᠢᠴᠨ ᠤᠨᠴᠠᠯᠢᠭ ᠤᠨ  ᠬᠦᠨ ᠵᠤᠵᠠᠭᠠᠨ ᠬᠤᠪᠢ ᠶᠢᠨ ᠵᠢᠩ ᠲᠠᠢ ᠪᠠᠶᠢᠲᠠᠭ ᠢᠶᠠᠷ ᠬᠤᠰᠢᠭᠤ ᠨᠤᠲᠤᠭ ᠤᠨ ᠎ ᠢᠶᠠᠨ ᠨᠡᠷ᠎ᠡ ᠶᠢᠨ ᠬᠠᠭᠤᠲᠠᠰᠤ ᠶᠢᠨ ᠲᠦᠯᠤᠭᠡᠯᠡᠯ ᠪᠤᠯᠵᠤ᠂ ᠲᠤᠷᠭᠠᠨ ᠨᠤᠲᠤᠭ —  ᠬᠦᠪᠡᠭᠡᠲᠤ ᠰᠢᠷ᠎ᠠ ᠶᠢᠨ ᠢᠶᠠᠨ ᠬᠦᠭ ᠠᠶᠠᠯᠭᠤ ᠪᠠᠷ ᠤᠶᠠᠩᠭᠠᠷᠠᠬᠤ ᠤᠴᠢᠷᠲᠠᠢ  ᠃       ︽ᠨᠤᠮ ᠬᠡᠭᠴᠢ ᠲᠡᠤᠬᠡ ᠶᠢ ᠲᠤᠯᠢᠲᠠᠨ᠂ ᠶᠢᠷᠲᠢᠨᠴᠤ ᠶᠢ ᠬᠠᠷᠠᠬᠤ ᠴᠤᠩᠬᠤ︾  ᠤᠴᠢᠷ᠂  ᠨᠤᠮ ᠤᠨ ᠰᠢᠲᠢ ᠎ ᠪᠠᠷ ᠬᠦᠮᠤᠰ ᠤᠨ ᠪᠢᠯᠢᠭ ᠤᠨ ᠮᠡᠯᠮᠡᠢ ᠨᠡᠭᠡᠭᠡᠭᠲᠡᠵᠤ᠂ ᠠᠮᠵᠢᠯᠲᠠ ᠳᠤ ᠬᠦᠷᠬᠦ ᠱᠠᠲᠤ ᠪᠠᠨ ᠦᠭᠰᠤᠵᠤ  ᠤᠶᠢᠯᠡᠰ ᠤᠨ ᠬᠡᠶᠢᠮᠤᠷᠢ ᠪᠠᠨ ᠲᠠᠯᠠᠯᠵᠤ ᠪᠠᠶᠢᠲᠠᠭ᠃     ᠨᠤᠮ ᠤᠨ ᠴᠠᠭᠠᠨ ᠪᠤᠶᠠᠨ ᠤ ᠭᠡᠰᠢᠭ ᠢᠪᠡᠭᠡᠯ ᠢᠶᠠᠷ ᠰᠢᠨ᠎ᠡ ᠤᠨ ᠤ ᠡᠬᠦᠲᠡᠨ ᠪᠤᠱᠤᠭ᠎ᠠ ᠪᠠᠨ ᠮᠢᠯᠢᠶᠠᠰᠤᠭᠠᠢ︕
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号