ᠨᠢᠬᠡ | ᠣᠷᠠᠨ ᠵᠣᠬᠢᠶᠠᠯ ᠪᠣᠯ ᠵᠣᠬᠢᠶᠠᠯᠴᠢ ᠶᠢᠨ ᠡᠭᠦᠳᠦᠯᠳᠡ ᠶᠤᠮ᠃ ᠡᠨᠡᠬᠦ ᠡᠭᠦᠳᠦᠯᠳᠡ ᠨᠢ ᠬᠡᠳᠦᠢ ᠶᠡᠭᠡ | ᠦᠪᠡᠷᠮᠢᠴᠡ ᠣᠨᠴᠠᠯᠢᠭ ᠲᠠᠢ ᠪᠣᠯ ᠲᠡᠳᠦᠢ ᠶᠡᠭᠡ ᠠᠮᠵᠢᠯᠳᠠ ᠲᠠᠢ ᠪᠦᠳᠦᠭᠡᠯ ᠪᠣᠯᠬᠤ ᠪᠤᠯᠤᠮᠵᠢ ᠪᠤᠢ᠃ ᠨᠢᠭᠡᠨ ᠪᠣᠳᠢ | ᠰᠢᠯᠢᠳᠡᠭ ᠣᠷᠠᠨ ᠵᠣᠬᠢᠶᠠᠯ ᠤᠨ ᠪᠦᠳᠦᠭᠡᠯ ᠤᠨ ᠣᠩᠰᠢᠭᠴᠢ ᠶᠢᠨ ᠦᠵᠡᠯ ᠰᠠᠨᠠᠭ᠎ᠠ ᠴᠤᠭ ᠰᠦᠯᠳᠡ ᠳᠤ ᠦᠭᠬᠦ | ᠬᠦᠮᠦᠵᠢᠯ ᠪᠣᠯᠣᠨ ᠨᠦᠯᠦᠭᠡᠯᠡᠯ ᠲᠣᠩ ᠶᠡᠭᠡ ᠭᠦᠨᠵᠡᠭᠡᠢ ᠪᠠᠶᠢᠳᠠᠭ᠃ ᠲᠡᠷᠡ ᠨᠢ ᠴᠠᠭ ᠦᠶ᠎ᠡ ᠶᠢ ᠠᠯᠣᠰᠯᠠᠵᠣ | ᠪᠣᠯᠣᠨ᠎ᠠ᠂ ᠣᠯᠣᠰ ᠤᠨ ᠬᠢᠯᠢ ᠠᠴᠠ ᠲᠠᠪᠠᠵᠦ ᠪᠣᠯᠣᠨ᠎ᠠ᠃ ᠠᠯᠢᠪᠠ ᠠᠭᠤᠣ ᠶᠡᠭᠡ ᠣᠷᠠᠨ ᠵᠣᠬᠢᠶᠠᠯ ᠤᠨ ᠪᠦᠳᠦᠭᠡᠯ ᠨᠢ | ᠪᠦᠷ ᠯᠡ ᠲᠡᠯᠡᠬᠡᠢ ᠶᠢᠷᠳᠢᠨᠴᠣ ᠲᠠᠢ ᠬᠠᠮᠳᠣ ᠦᠨᠢ ᠮᠦᠩᠬᠡ ᠣᠷᠣᠰᠢᠨ ᠲᠣᠭᠳᠠᠨᠢᠬᠤ ᠰᠢᠳᠢᠳᠣ ᠬᠦᠴᠦᠨ ᠲᠠᠢ | ᠪᠠᠶᠢᠳᠠᠭ ᠪᠢᠯᠠ᠃ | ᠵᠣᠬᠢᠶᠠᠯ ᠪᠦᠳᠦᠭᠡᠯ ᠨᠢ ᠨᠡᠶᠢᠭᠡᠮ ᠤᠨ ᠠᠮᠢᠳᠣᠷᠠᠯ ᠤᠨ ᠲᠣᠰᠬᠠᠯ ᠪᠣᠯᠬᠤ ᠶᠢᠨ ᠬᠤᠪᠢ ᠳᠤ ᠮᠠᠭᠳᠠᠨ ᠲᠠᠭᠤᠯᠠᠬᠤ | ᠬᠡᠷᠡᠭᠳᠡᠢ ᠪᠦᠭᠡᠳ ᠪᠠᠰᠠ ᠢᠯᠡᠴᠢᠯᠡᠬᠦ ᠴᠦ ᠴᠢᠬᠤᠯᠠ ᠲᠠᠢ ᠶᠣᠮ᠃ ᠬᠤᠳᠠᠯ ᠬᠠᠭᠤᠷᠮᠠᠭ ᠨᠢ ᠣᠷᠠᠯᠢᠭ ᠤᠨ ᠶᠡᠭᠡ | ᠲᠠᠶᠢᠰᠣᠨ ᠮᠦᠨ᠃ ︽ᠭᠤᠸ᠎ᠠ ᠰᠠᠶᠢᠬᠠᠨ︾ ᠨᠢ ︽ᠦᠨᠡᠨ︾ ᠤ ᠰᠠᠭᠤᠷᠢᠨ ᠲᠡᠭᠡᠷ᠎ᠡ ᠭᠦᠨ ᠦᠨᠳᠦᠰᠦᠯᠡᠪᠡᠯ | ᠵᠣᠬᠢᠨ᠎ᠠ᠃ | ᠨᠢᠭᠡ ᠵᠣᠬᠢᠶᠠᠯᠴᠢ ᠶᠢᠨ ᠬᠤᠪᠢ ᠳᠤ ᠠᠪᠴᠣ ᠦᠵᠡᠪᠡᠯ ᠶᠢᠷᠳᠢᠨᠴᠣ ᠶᠢᠨ ᠦᠵᠡᠯᠳᠡ ᠨᠢ ᠬᠠᠮᠤᠭ ᠤᠨ ᠴᠢᠬᠤᠯᠠ᠃ | ᠨᠡᠶᠢᠭᠡᠮ ᠤᠨ ᠠᠮᠢᠳᠣᠷᠠᠯ ᠪᠣᠯ ᠣᠳᠬ᠎ᠠ ᠵᠣᠬᠢᠶᠠᠯ ᠤᠨ ᠵᠣᠬᠢᠶᠠᠨ ᠪᠦᠳᠦᠭᠡᠬᠦ ᠶᠢᠨ ᠡᠬᠢ ᠰᠣᠷᠪᠣᠯᠵᠢ ᠶᠢᠨ ᠨᠢᠬᠡ᠃ | ᠪᠢᠴᠢᠬᠦ ᠭᠡᠰᠡᠨ ᠰᠡᠳᠦᠪᠯᠡᠭᠰᠡᠨ ᠮᠠᠲ᠋ᠧᠷᠢᠶᠠᠯ ᠴᠢᠨᠢ ᠵᠠᠪᠠᠯ ᠴᠢᠨᠣ ᠬᠠᠮᠤᠭ ᠤᠨ ᠪᠣᠯᠪᠠᠰᠣᠷᠠᠩᠭᠤᠢ ᠮᠡᠳᠡᠬᠦ ᠵᠦᠢᠯ | ᠪᠠᠶᠢᠬᠤ ᠬᠡᠷᠡᠭᠳᠡᠢ᠃ ᠵᠠᠷᠢᠮ ᠣᠷᠠᠨ ᠵᠣᠬᠢᠶᠠᠯ ᠪᠣᠶᠣ ᠺᠢᠨᠣ᠋ ᠵᠦᠴᠦᠭᠡ ᠨᠢ ᠶᠠᠭᠠᠬᠢᠭᠠᠳ ᠲᠠᠩᠳᠠ ᠠᠯᠳᠠᠭ᠎ᠠ | ᠡᠭᠡᠵᠡᠭ ᠲᠠᠢ ᠪᠠᠶᠢᠭ᠎ᠠ ᠪᠣᠢ ᠭᠡᠵᠦ ᠦᠨᠳᠦᠰᠦ ᠶᠢ ᠨᠢ ᠣᠬᠤᠴᠢᠯᠠᠪᠠᠯ᠂ ᠣᠯᠠᠩᠬᠢ ᠳᠠᠭᠠᠨ ᠵᠣᠬᠢᠶᠠᠭᠴᠢ | ᠦᠪᠡᠷ ᠤᠨ ᠢᠯᠡᠷᠡᠭᠦᠯᠬᠦ ᠭᠡᠰᠡᠨ ᠠᠮᠢᠳᠣᠷᠠᠯ ᠢᠶᠠᠨ ᠰᠠᠶᠢᠨ ᠮᠡᠳᠡᠬᠦ ᠦᠭᠡᠢ᠂ ᠵᠣᠬᠢᠬᠤ ᠬᠤᠷᠠᠮᠳᠣᠭᠤᠯᠣᠯ | ᠲᠣᠳᠠᠭᠳᠠᠭᠰᠠᠨ ᠠᠴᠠ ᠪᠣᠯᠣᠭᠰᠠᠨ ᠪᠠᠶᠢᠳᠠᠭ᠃ | ᠪᠢᠯᠢᠭ ᠰᠡᠷᠡᠯ ᠨᠢ ᠵᠣᠬᠢᠶᠠᠭᠴᠢ ᠶᠢ ᠪᠢᠷ ᠬᠦᠳᠡᠯᠭᠡᠨ ᠵᠣᠬᠢᠶᠠᠨ ᠪᠢᠴᠢᠬᠦ ᠳᠤ ᠬᠦᠷᠦᠭᠦᠯᠳᠡᠭ᠃ ᠲᠡᠷᠡ ᠨᠢ | ᠵᠣᠬᠢᠶᠠᠯᠴᠢ ᠣᠷᠠᠯᠢᠭᠴᠢ ᠶᠢᠨ ᠰᠡᠳᠬᠢᠨ ᠪᠣᠳᠣᠯᠬᠢᠯᠠᠯ ᠨᠢ ᠪᠣᠯᠪᠠᠰᠣᠷᠠᠩᠭᠤᠢ ᠪᠣᠯᠣᠭᠰᠠᠨ ᠱᠠᠳᠣ ᠮᠦᠨ᠃ ᠲᠡᠭᠦᠨ ᠤ | ᠪᠦᠳᠦᠭᠡᠬᠦᠢ ᠬᠦᠴᠦᠨ ᠦᠷᠨᠢᠨ ᠲᠡᠭᠡᠭᠰᠢᠯᠡᠵᠦ ᠬᠡᠷᠡᠭ ᠪᠣᠳᠠᠰ ᠤᠨ ᠰᠡᠳᠡᠯᠳᠡ ᠠᠴᠠ ᠪᠣᠯᠣᠭᠠᠳ ᠵᠣᠬᠢᠶᠠᠨ ᠪᠦᠳᠦᠭᠡᠬᠦ | ᠰᠡᠳᠬᠢᠴᠡ ᠶᠢᠨ ᠵᠠᠮ ᠳᠠᠬᠢ ᠲᠠᠭᠯᠠᠭ᠎ᠠ ᠨᠢ ᠦᠳᠳᠡᠷ ᠨᠡᠬᠡᠬᠡᠭᠳᠡᠮᠡᠭᠴᠡ ᠯᠡ ᠵᠣᠬᠢᠶᠠᠨ ᠪᠢᠴᠢᠬᠦ ᠠᠪᠢᠶᠠᠰ ᠨᠢ | ᠣᠷᠭᠢᠯᠵᠣ᠂ ᠨᠢᠭᠡ ᠪᠦᠳᠦᠭᠡᠯ ᠰᠢᠯᠣᠭᠤᠬᠠᠨ ᠵᠣᠬᠢᠶᠠᠭᠳᠠᠨ᠎ᠠ᠃ ᠲᠡᠷᠡ ᠨᠢ ᠶᠠᠭ ᠯᠡ ᠨᠣᠴᠣᠭᠠᠭᠰᠠᠨ ᠴᠦᠳᠡᠩ ᠢ | ᠲᠣᠰᠣᠨ ᠤ ᠬᠦᠮᠦᠷᠭᠡ ᠳᠤ ᠰᠢᠳᠡᠭᠰᠡᠨ ᠲᠠᠢ ᠠᠳᠠᠯᠢ᠂ ᠠᠯᠢᠪᠠ ᠬᠡᠷᠡᠭᠴᠡᠭᠡ ᠪᠦᠬᠦᠢ ᠠᠮᠢᠳᠣᠷᠠᠯ ᠤᠨ ᠴᠡᠭᠡᠵᠢᠯᠡᠯ ᠴᠦᠮ | ᠲᠦᠷᠡᠯᠵᠢᠨ ᠨᠣᠴᠣᠵᠣ᠂ ᠠᠯᠢᠪᠠ ᠨᠠᠷᠢᠨ ᠵᠦᠢᠯᠡᠰ ᠴᠦᠮ ᠭᠡᠨᠡᠳᠳᠡ ᠭᠡᠷᠡᠯᠳᠣᠨ ᠲᠣᠳᠣᠷᠠᠳᠠᠭ᠃ | ᠵᠣᠬᠢᠶᠠᠯ ᠤᠨ ᠭᠠᠷᠴᠠᠭ ᠪᠣᠯ ᠪᠦᠬᠦ ᠵᠣᠬᠢᠶᠠᠯ ᠤᠨ ᠢᠶᠠᠨ ᠨᠢᠳᠣ ᠪᠣᠯᠵᠣ ᠪᠠᠶᠢᠭ᠎ᠠ ᠶᠣᠮ᠃ ᠵᠣᠬᠢᠶᠠᠯᠴᠢ ᠶᠢᠨ | ᠨᠢᠳᠣ ᠡᠷᠬᠡᠪᠰᠢ ᠡᠳᠡᠭᠡᠳ ᠬᠢᠷᠠᠬᠠᠢ ᠪᠠᠶᠢᠬᠤ ᠬᠡᠷᠡᠭᠳᠡᠢ᠃ ᠵᠠᠷᠢᠮ ᠬᠦᠮᠦᠨ ᠤ ᠦᠵᠡᠬᠦ ᠪᠠᠷ ᠵᠣᠬᠢᠶᠠᠯ ᠤᠨ | ᠡᠬᠢᠯᠡᠯᠳᠡ ᠶᠢ ᠭᠤᠶᠣ ᠰᠠᠶᠢᠬᠠᠨ ᠪᠢᠴᠢᠨ ︽ᠲᠣᠭᠤᠰ ᠤᠨ ᠲᠣᠯᠣᠭᠠᠢ︾ ᠰᠢᠭ᠋᠂ ᠲᠣᠮᠳᠠᠬᠢ ᠠᠭᠤᠯᠭ᠎ᠠ ᠶᠢ ᠨᠢ | ᠪᠠᠶᠠᠯᠢᠭ ᠪᠢᠴᠢᠵᠦ ︽ᠭᠠᠭ᠋ᠠᠢ ᠶᠢᠨ ᠭᠡᠳᠡᠰᠣ︾ ᠰᠢᠭ᠂ ᠲᠡᠭᠦᠰᠭᠡᠯ ᠢ ᠨᠢ ᠢᠳᠡᠯᠢᠭ ᠪᠢᠴᠢᠵᠦ ︽ᠢᠷᠪᠢᠰ ᠤᠨ ᠰᠡᠭᠦᠯ︾ | ᠰᠢᠭ ᠪᠠᠶᠢᠯᠭᠠᠬᠤ ᠬᠡᠷᠡᠭᠳᠡᠢ ᠭᠡᠳᠡᠭ᠃ ᠭᠠᠳᠠᠭᠠᠳᠣ ᠶᠢᠨ ᠨᠢᠭᠡ ᠦᠯᠢᠭᠡᠷ ᠤᠨ ᠵᠣᠬᠢᠶᠠᠯᠴᠢ ᠶᠢᠨ ᠦᠵᠡᠬᠦ ᠪᠠᠷ᠄ ︽ | ᠬᠡᠨ ᠬᠡᠷᠪᠡ ᠰᠢᠨ᠎ᠡ ᠲᠡᠭᠦᠰᠭᠡᠯ ᠢ ᠡᠭᠦᠳᠦᠪᠡᠯ ᠲᠡᠷᠡ ᠮᠠᠨᠢ ᠰᠢᠨ᠎ᠡ ᠡᠷᠢᠨ ᠢ ᠨᠡᠬᠡᠬᠡᠭᠰᠡᠨ ᠶᠠᠪᠣᠳᠠᠯ ᠪᠣᠯᠣᠨ᠎ᠠ︾ ᠭᠡᠰᠡᠨ | ᠪᠢᠯᠠ᠃ | ᠨᠢᠭᠡ ᠵᠣᠬᠢᠶᠠᠯ ᠨᠢ ᠰᠠᠶᠢᠨ ᠠᠭᠤᠯᠭ᠎ᠠ ᠪᠠᠶᠢᠬᠤ ᠬᠡᠷᠡᠭᠳᠡᠢ ᠮᠦᠷᠳᠡᠬᠡᠨ ᠪᠠᠰᠠ ᠭᠤᠴᠣ ᠰᠠᠶᠢᠬᠠᠨ ᠬᠡᠯᠪᠡᠷᠢ | ᠪᠠᠶᠢᠬᠤ ᠬᠡᠷᠡᠭᠳᠡᠢ᠃ ᠣᠯᠠᠩᠬᠢ ᠰᠢᠯᠢᠳᠡᠭ ᠵᠣᠬᠢᠶᠠᠯᠴᠢ ᠪᠣᠯ ᠴᠦᠮ ᠦᠢᠯᠡ ᠶᠠᠪᠣᠳᠠᠯ ᠢ ᠨᠠᠷᠢᠨ ᠪᠣᠳᠣᠯᠬᠢᠯᠠᠬᠤ᠂ | ᠰᠢᠯᠢᠵᠦ ᠰᠢᠯᠭᠠᠷᠠᠭᠤᠯᠬᠤ ᠪᠠᠷ ᠲᠠᠮᠵᠢᠭᠤᠯᠵᠣ ᠠᠮᠢᠳᠣᠷᠠᠯ ᠲᠣᠮᠳᠠᠬᠢ ᠨᠢᠭᠤᠭᠳᠠᠮᠠᠯ ᠵᠦᠢᠯᠡᠰ ᠢ ᠢᠯᠡ ᠲᠣᠳᠣ | ᠪᠣᠯᠭᠠᠨ᠂ ᠬᠡᠯᠪᠡᠷᠢ ᠠᠴᠠ ᠨᠢ ᠦᠵᠡᠪᠡᠯ ᠡᠪ ᠡᠩ ᠤᠨ ᠶᠠᠪᠣᠳᠠᠯ ᠢ ᠶᠡᠷᠦ ᠪᠣᠰᠣ ᠶᠢᠨ ᠣᠳᠬ᠎ᠠ ᠴᠢᠨᠠᠷ ᠲᠠᠢ | ᠪᠣᠯᠭᠠᠳᠠᠭ ᠶᠣᠮ᠃ ᠵᠣᠬᠢᠶᠠᠯ ᠤᠨ ᠦᠢᠯᠡ ᠶᠠᠪᠣᠳᠠᠯ ᠤᠨ ᠣᠷᠭᠢᠯ ᠤᠨ ᠬᠡᠰᠡᠭ ᠨᠢ ᠣᠩᠰᠢᠭᠴᠢ ᠶᠢᠨ ᠣᠷᠮ᠎ᠠ | ᠪᠠᠬ᠎ᠠ ᠶᠢ ᠬᠠᠮᠤᠭ ᠠᠴᠠ ᠢᠯᠡᠭᠦᠦ ᠬᠦᠳᠡᠯᠭᠡᠵᠦ᠂ ᠣᠩᠰᠢᠭᠴᠢ ᠶᠢᠨ ᠰᠡᠳᠬᠢᠯ ᠢ ᠬᠠᠮᠤᠭ ᠠᠴᠠ ᠶᠡᠭᠡ ᠰᠢᠵᠢᠮᠳᠡᠳᠡᠭ | ᠪᠠᠶᠢᠬᠤ ᠳᠠᠭᠠᠨ ᠲᠠᠭᠠᠷᠠᠨ᠎ᠠ᠃ | ᠣᠳᠬ᠎ᠠ ᠵᠣᠬᠢᠶᠠᠯ ᠤᠨ ᠲᠦᠷᠢ ᠪᠣᠯ ᠢᠮᠠᠭᠳᠠ ᠪᠣᠳᠠᠳᠠᠢ᠂ ᠬᠡᠪ ᠰᠢᠨᠵᠢᠳᠣ ᠲᠦᠷᠢ ᠨᠢ ᠮᠦᠨ ᠴᠦ ᠪᠣᠳᠠᠳᠠᠢ | ᠪᠠᠶᠢᠳᠠᠭ᠂ ᠭᠡᠪᠡᠴᠦ ᠲᠡᠷᠡ ᠨᠢ ︽ᠨᠢᠭᠡ︾ ᠪᠠᠷ ︽ᠠᠷᠪᠠ︾ ᠶᠢ ᠲᠦᠯᠦᠭᠡᠯᠡᠵᠦ ᠪᠠᠶᠢᠳᠠᠭ᠃ ᠬᠡᠪ ᠰᠢᠨᠵᠢᠳᠣ | ᠲᠦᠷᠢ ᠨᠢ ᠬᠡᠪ ᠰᠢᠨᠵᠢᠳᠣ ᠣᠷᠴᠢᠨ ᠲᠣᠭᠤᠷᠢᠨ ᠳᠤ ᠯᠡ ᠰᠠᠶ᠋ᠢ ᠦᠨᠳᠦᠰᠦ ᠬᠠᠳᠬᠤᠨ ᠦᠰᠦᠨ ᠪᠤᠶᠢᠵᠢᠳᠠᠭ᠃ | ᠵᠠᠷᠢᠮ ᠣᠳᠬ᠎ᠠ ᠠᠴᠠ ᠠᠪᠴᠣ ᠬᠡᠯᠡᠪᠡᠯ ᠬᠡᠪ ᠰᠢᠨᠵᠢᠳᠣ ᠲᠦᠷᠢ ᠨᠢ ᠣᠷᠴᠢᠨ ᠲᠣᠭᠤᠷᠢᠨ ᠤ ᠪᠦᠳᠦᠬᠡᠭᠳᠡᠬᠦᠨ ᠮᠦᠨ᠃ | ᠨᠢᠭᠡᠨ ᠣᠷᠠᠯᠢᠭ ᠤᠨ ᠲᠦᠷᠢ ᠶᠢᠨ ᠠᠮᠢᠳᠣ ᠲᠦᠷᠰᠦᠯᠢᠭ ᠪᠠᠶᠢᠬᠤ ᠡᠰᠡᠬᠦ ᠨᠢ ᠨᠡᠯᠢᠶᠡᠳ ᠶᠡᠭᠡ ᠬᠡᠮᠵᠢᠶᠡᠨ ᠳᠤ ᠨᠠᠷᠢᠨ | ᠵᠦᠢᠯᠡᠰ ᠲᠤ ᠪᠠᠶᠢᠳᠠᠭ ᠶᠣᠮ᠃ ︽ᠦᠯᠢᠭᠡᠷ ᠤᠨ ᠵᠣᠬᠢᠶᠠᠯ ᠢ ᠪᠦᠳᠦᠭᠡᠬᠦ ᠪᠠᠷ ᠠᠪᠴᠣ ᠬᠡᠯᠡᠪᠡᠯ᠂ ᠨᠠᠷᠢᠨ ᠵᠦᠢᠯᠡᠰ | ᠪᠦᠬᠦᠨ ᠨᠢ ᠴᠦᠮ ᠨᠢᠭᠡ ᠮᠦᠬᠦᠯᠢᠭ ᠰᠣᠪᠣᠳ ᠰᠢᠭ᠋ ᠶᠣᠮ᠂ ᠪᠢᠳᠡ ᠲᠡᠭᠦᠨ ᠢ ᠬᠡᠯᠬᠢᠵᠦ ᠨᠡᠶᠢᠯᠡᠭᠦᠯᠪᠡᠯ ᠰᠠᠶ᠋ᠢ ᠨᠢᠭᠡᠨ | ᠰᠣᠨᠳᠣᠷ ᠪᠣᠯᠳᠠᠭ᠃ ᠨᠢᠭᠡ ᠦᠭᠦᠯᠡᠯᠭᠡ ᠳᠤ ᠬᠦᠮᠦᠨ ᠤ ᠰᠡᠳᠬᠢᠯ ᠢ ᠬᠦᠳᠡᠯᠭᠡᠮ᠎ᠡ ᠨᠢᠭᠡ ᠨᠠᠷᠢᠨ ᠵᠦᠢᠯᠡᠰ ᠪᠠᠶᠢᠪᠠᠯ | ᠡᠨᠡ ᠬᠦ ᠦᠭᠦᠯᠡᠯᠭᠡ ᠶᠢ ᠭᠡᠷᠡᠯ ᠰᠠᠴᠣᠷᠠᠮᠠ ᠦᠩᠭᠡ ᠭᠢᠯᠪᠠᠭ᠎ᠠ ᠲᠠᠢ ᠪᠣᠯᠭᠠᠳᠠᠭ︾ ᠭᠡᠰᠡᠨ ᠦᠬᠦᠯᠡᠯ ᠪᠠᠶᠢᠳᠠᠭ᠃ | ᠵᠣᠬᠢᠶᠠᠯ ᠪᠦᠳᠦᠭᠡᠯ ᠳᠤ ︽ᠰᠦᠢᠯᠳᠠ︾ ᠬᠢᠬᠦ ᠶᠢ ᠵᠠᠷᠢᠮ ᠬᠦᠮᠦᠨ ︽ᠡᠷᠡᠭᠡᠯᠵᠡᠭᠡ︾ ᠭᠡᠳᠡᠭ᠂ ᠪᠠᠰᠠ ︽ | ᠲᠡᠩᠰᠡᠯᠭᠡᠯ︾ ᠭᠡᠳᠡᠭ᠃ ᠡᠨᠡ ᠠᠷᠭ᠎ᠠ ᠨᠢ ᠦᠯᠢᠭᠡᠷ ᠤᠨ ᠵᠣᠬᠢᠶᠠᠯ ᠪᠣᠯᠣᠨ ᠺᠢᠨᠣ᠋ ᠵᠦᠴᠦᠭᠡ ᠶᠢᠨ ᠵᠣᠬᠢᠶᠠᠯ ᠳᠤ | ᠦᠷᠬᠦᠯᠵᠢ ᠬᠡᠷᠡᠭᠯᠡᠭᠳᠡᠳᠡᠭ᠃ ᠣᠩᠰᠢᠭᠴᠢ ᠶᠢᠨ ᠣᠷᠮ᠎ᠠ ᠪᠠᠬ᠎ᠠ ᠶᠢ ᠲᠠᠳᠠᠨ ᠲᠡᠰᠬᠦ ᠠᠯᠳᠠᠷᠠᠭᠤᠯᠣᠨ ᠲᠡᠩᠰᠡᠯᠭᠡᠵᠦ᠂ | ᠣᠷᠠᠯᠢᠭ ᠤᠨ ᠲᠠᠳᠠᠬᠤ ᠬᠦᠴᠦᠨ ᠢ ᠴᠢᠩᠭᠠᠷᠠᠭᠤᠯᠳᠠᠭ ᠠᠷᠭ᠎ᠠ ᠮᠦᠨ᠃ ︽ᠲᠣᠬᠢᠶᠠᠯ︾ ᠢ ᠬᠡᠷᠡᠭᠯᠡᠬᠦ ᠪᠣᠯ | ᠵᠣᠬᠢᠶᠠᠯᠴᠢ ᠶᠢᠨ ᠵᠣᠬᠢᠶᠠᠨ ᠪᠦᠳᠦᠭᠡᠬᠦ ᠦᠶ᠎ᠡ ᠶᠢᠨ ᠨᠢᠭᠡ ᠵᠦᠢᠯ ᠤᠨ ᠣᠨᠴᠠᠭᠠᠢ ᠴᠢᠳᠠᠪᠣᠷᠢ ᠮᠦᠨ᠃ ᠶᠡᠷᠦ ᠶᠢᠨ | ᠦᠭᠡᠨ ᠳᠤ᠄ ᠦᠨᠡᠨ ᠲᠣᠬᠢᠶᠠᠯ ᠦᠭᠡᠢ ᠪᠣᠯ ᠦᠯᠢᠭᠡᠷ ᠬᠠᠮᠢᠭ᠎ᠠ ᠠᠴᠠ ᠡᠭᠦᠰᠬᠦ ᠪᠣᠢ ᠭᠡᠳᠡᠭ ᠨᠢ ︽ᠲᠣᠬᠢᠶᠠᠯ︾ ᠪᠣᠯ | ᠠᠶᠠᠨᠳᠠᠭᠠᠨ ᠤ ᠪᠦᠭᠡᠳ ᠦᠨᠡᠨ ᠮᠦᠨ ᠲᠦᠷᠦᠭᠳᠡᠯ ᠣᠯᠭᠤᠳᠠᠭ ᠪᠣᠯᠬᠤᠷ ᠵᠦᠷᠢᠴᠡᠯ ᠮᠦᠷᠭᠦᠯᠳᠦᠭᠡᠨ ᠢ | ᠰᠢᠢᠳᠪᠦᠷᠢᠯᠡᠬᠦ ᠰᠠᠶᠢᠨ ᠠᠷᠭ᠎ᠠ ᠮᠦᠨ᠃ ᠣᠳᠬ᠎ᠠ ᠵᠣᠬᠢᠶᠠᠯ ᠤᠨ ︽ᠪᠡᠯᠭᠡᠳᠡᠯ︾ ᠤᠨ ᠠᠷᠭ᠎ᠠ ᠶᠢ ᠬᠡᠷᠡᠭᠯᠡᠪᠡᠯ | ᠵᠣᠬᠢᠶᠠᠯ ᠢ ᠲᠠᠯᠳᠠ ᠪᠢᠳᠡᠭᠦᠦ ᠣᠳᠬ᠎ᠠ ᠲᠠᠢ ᠪᠣᠯᠭᠠᠳᠠᠭ᠃ ᠪᠡᠯᠭᠡᠳᠡᠯ ᠤᠨ ᠲᠣᠣᠷ᠎ᠠ ᠶᠦᠬᠡᠳᠡᠯ ᠬᠢᠭᠡᠳ ᠵᠣᠷᠢᠭᠳᠠᠢ | ᠬᠡᠯᠡᠬᠦ ᠦᠭᠡ ᠪᠠᠨ ᠣᠷᠠᠯᠢᠭ ᠢᠶᠠᠷ ᠲᠠᠯᠳᠠᠯᠠᠵᠣ ᠪᠣᠯᠳᠠᠭ᠂ ᠪᠡᠯᠭᠡᠳᠡᠯ ᠤᠨ ᠲᠣᠳᠣᠷ᠎ᠠ ᠮᠠᠰᠢ ᠶᠡᠭᠡ ᠦᠵᠡᠯ ᠰᠠᠨᠠᠭᠠᠨ ᠤ | ᠠᠭᠤᠯᠭ᠎ᠠ ᠶᠢ ᠰᠢᠩᠭᠡᠭᠡᠨ ᠣᠷᠣᠭᠤᠯᠵᠣ ᠪᠣᠯᠳᠠᠭ ᠶᠣᠮ᠃ ︽ᠰᠡᠮ ᠲᠣᠬᠢᠯᠳᠠ︾ ᠪᠠᠷ ᠠᠯᠢᠪᠠ ︽ᠡ ︾ ᠪᠠᠷ ︽ᠠ︾ | ᠶᠢ ᠦᠵᠡᠭᠦᠯᠬᠦ ᠠᠷᠭ᠎ᠠ ᠶᠢ ᠬᠡᠷᠡᠭᠯᠡᠵᠣ ᠪᠣᠯᠳᠠᠭ᠃ | ᠪᠣᠷᠣ ᠲᠦᠷᠰᠦᠯᠡᠯ ᠪᠣᠯ ᠲᠣᠪᠴᠢ ᠪᠣᠷᠣᠭᠵᠢᠭᠤᠨ ᠪᠠᠶᠢᠬᠤ ᠶᠢ ᠡᠷᠬᠢᠮᠯᠡᠨ᠎ᠡ᠂ ᠨᠠᠷᠢᠨ ᠵᠢᠷᠣᠭᠯᠠᠯ ᠪᠣᠯ ᠣᠯᠠᠨ | ᠵᠦᠢᠯ ᠤᠨ ᠢᠯᠡᠳᠬᠡᠬᠦ ᠠᠷᠭ᠎ᠠ ᠶᠢ ᠶᠡᠷᠦᠩᠬᠡᠶᠢᠯᠡᠨ ᠬᠡᠷᠡᠭᠯᠡᠵᠦ ᠦᠩᠭᠡ ᠲᠦᠷᠰᠦ ᠶᠢ ᠨᠠᠷᠢᠨ ᠭᠠᠷᠭᠠᠳᠠᠭ᠃ ᠯᠦ | ᠰᠢᠶᠦ᠋ᠨ ᠪᠣᠯ ᠪᠣᠷᠣ ᠲᠦᠷᠰᠦᠯᠡᠯ ᠤᠨ ᠠᠷᠭ᠎ᠠ ᠶᠢ ᠬᠡᠷᠡᠭᠯᠡᠳᠡᠭ ᠲᠠᠷᠬᠠᠨ ᠶᠣᠮ᠃ ᠲᠡᠷᠡ᠂ ᠪᠣᠷᠣ ᠲᠦᠷᠰᠦᠯᠡᠯ ᠤᠨ | ᠮᠦᠨ ᠴᠢᠨᠠᠷ ᠢ ︽ᠦᠨᠡᠨ ᠰᠠᠨᠠᠭ᠎ᠠ ᠠᠬᠤᠢ ᠲᠠᠢ᠂ ᠶᠠᠩᠵᠣᠯᠠᠵᠣ ᠴᠢᠮᠡᠬᠦ ᠦᠭᠡᠢ᠂ ᠮᠠᠶ᠋ᠢᠡᠡᠯᠠᠬᠤ ᠦᠭᠡᠢ᠂ | ᠭᠠᠶᠢᠬᠠᠭᠤᠯᠬᠤ ᠦᠭᠡᠢ︾ ᠭᠡᠵᠦ ᠬᠤᠷᠢᠶᠠᠩᠭᠤᠶᠢᠯᠠᠵᠠᠢ᠃ ᠪᠣᠷᠣ ᠲᠦᠷᠰᠦᠯᠡᠯ ᠬᠢᠭᠡᠳ ᠨᠠᠷᠢᠨ ᠵᠢᠷᠣᠭᠯᠠᠯ ᠨᠢ ᠦᠪᠡᠷ | ᠦᠪᠡᠷ ᠤᠨ ᠬᠢᠨᠢ ᠣᠨᠴᠠᠯᠢᠭ᠂ ᠲᠠᠪᠠᠭᠤᠯᠢᠭ ᠲᠠᠯ᠎ᠠ ᠲᠠᠢ ᠪᠣᠯᠬᠤᠷ ᠶᠡᠷᠦ ᠳᠡᠭᠡᠨ ᠵᠣᠬᠢᠶᠠᠭᠴᠢᠳ ᠣᠶᠠᠯᠳᠣᠭᠤᠯᠣᠨ | ᠬᠡᠷᠡᠭᠯᠡᠳᠡᠭ ᠪᠢᠯᠠ᠃ | ᠣᠷᠠᠨ ᠵᠣᠬᠢᠶᠠᠯ ᠪᠣᠯ ᠲᠦᠷᠰᠦᠯᠢᠭ ᠲᠣᠰᠬᠠᠯ᠂ ᠬᠡᠯᠡᠨ ᠤ ᠣᠷᠠᠯᠢᠭ ᠮᠦᠨ᠃ ᠲᠡᠷᠡ ᠨᠢ ᠮᠠᠰᠢ ᠡᠪᠯᠢᠭ | ᠲᠣᠬᠢᠯᠢᠭ ᠲᠣᠬᠢᠷᠠᠭᠤᠯᠣᠭᠰᠠᠨ ᠨᠢᠭᠡ ᠬᠡᠯᠬᠢᠶ᠎ᠡ ᠬᠡᠯᠡ ᠬᠡᠯᠡᠯᠭᠡ ᠮᠦᠨ᠃ ᠣᠳᠬ᠎ᠠ ᠵᠣᠬᠢᠶᠠᠯ ᠤᠨ ᠬᠡᠯᠡ ᠨᠢ | ᠣᠶᠠᠩᠭᠠᠯᠢᠭ᠂ ᠲᠦᠷᠰᠦᠯᠢᠭ᠂ ᠣᠨᠣᠪᠴᠢᠳᠠᠢ᠂ ᠲᠣᠪᠴᠢ ᠲᠣᠳᠣᠷᠠᠭᠤᠨ᠂ ᠰᠢᠨ᠎ᠡ ᠰᠣᠷᠭᠤᠭ ᠪᠠᠶᠢᠬᠤ ᠬᠡᠷᠡᠭᠳᠡᠢ᠃ | ᠭᠤᠷᠺᠢ ᠵᠣᠬᠢᠶᠠᠨ ᠪᠦᠳᠦᠭᠡᠭᠰᠡᠨ ᠲᠣᠷᠰᠢᠯᠭ᠎ᠠ ᠪᠠᠨ ᠳ᠋ᠦᠩᠨᠡᠭᠰᠡᠨ ᠨᠢᠭᠡ ᠵᠣᠬᠢᠶᠠᠯ ᠳᠠᠭᠠᠨ ᠣᠷᠣᠰ ᠤᠨ ᠨᠢᠭᠡᠨ | ᠰᠢᠯᠦᠭᠴᠢᠨ ᠤ᠄ ︽ᠲᠡᠯᠡᠬᠡᠢ ᠲᠡᠭᠡᠷ᠎ᠡ ᠬᠡᠯᠡᠨ ᠤ ᠭᠠᠴᠢᠭᠳᠠᠯ ᠠᠴᠠ ᠦᠭᠡᠷ᠎ᠡ ᠨᠡᠩ ᠬᠡᠴᠡᠭᠦᠦ ᠭᠠᠴᠢᠭᠳᠠᠯ ᠠᠯᠠᠭ᠎ᠠ︾ | ᠭᠡᠵᠣ ᠬᠡᠯᠡᠭᠰᠡᠨ ᠦᠭᠡ ᠪᠠᠷ ᠡᠰᠢ ᠲᠠᠳᠠᠭᠰᠠᠨ ᠪᠢᠯᠠ᠃ | ᠦᠪᠡᠷᠮᠢᠴᠡ ᠡᠭᠦᠳᠦᠯᠳᠡ ᠲᠠᠢ ᠪᠠᠶᠢᠬᠤ ᠪᠣᠯ ᠣᠷᠠᠨ ᠵᠣᠬᠢᠶᠠᠯ ᠤᠨ ᠣᠷᠠᠯᠢᠭᠴᠢ ᠴᠢᠨᠠᠷ ᠤᠨ ᠴᠢᠬᠤᠯᠠ ᠪᠡᠯᠭᠡ | ᠲᠡᠮᠳᠡᠭ ᠮᠦᠨ᠃ ᠣᠳᠬ᠎ᠠ ᠣᠷᠠᠯᠢᠭ ᠤᠨ ᠨᠣᠳᠤᠭ ᠲᠡᠪᠢᠰᠭᠡᠷ ᠢ ᠨᠡᠬᠡᠬᠡᠵᠦ ᠦᠷᠭᠡᠳᠬᠡᠬᠦ ᠨᠢ ᠣᠷᠠᠨ | ᠵᠣᠬᠢᠶᠠᠯᠴᠢᠳ ᠤᠨ ᠣᠶᠣᠨ ᠰᠠᠨᠠᠭᠠᠨ ᠤ ᠨᠢᠭᠡ ᠵᠦᠢᠯ ᠤᠨ ᠵᠣᠷᠢᠭᠳᠠᠢ ᠡᠭᠦᠳᠦᠯᠳᠡ ᠶᠣᠮ᠃ ᠵᠣᠬᠢᠶᠠᠨ ᠪᠦᠳᠦᠭᠡᠬᠦ | ᠲᠠᠯ᠎ᠠ ᠪᠠᠷ ᠬᠢ ᠪᠣᠰᠣᠳ ᠠᠴᠠ ᠢᠯᠭᠠᠭᠳᠠᠬᠤ ᠦᠪᠡᠷᠮᠢᠴᠡ ᠰᠢᠨᠵᠢ ᠲᠡᠮᠳᠡᠭ ᠪᠣᠯᠬᠤ ︽ᠪᠢ︾ ᠶᠢ ᠬᠡᠳᠦᠢ ᠶᠡᠭᠡ | ᠢᠯᠡᠷᠡᠭᠦᠯᠵᠦ ᠴᠢᠳᠠᠵᠦ ᠪᠠᠶᠢᠪᠠᠯ᠂ ᠵᠣᠬᠢᠶᠠᠭᠴᠢ ᠶᠢᠨ ᠬᠡᠪ ᠨᠠᠮᠪᠠ ᠮᠦᠨ ᠲᠡᠳᠦᠢ ᠢᠯᠡ ᠲᠣᠳᠣ ᠪᠣᠯᠵᠣ᠂ ᠣᠳᠬ᠎ᠠ | ᠣᠷᠠᠯᠢᠭ ᠤᠨ ᠦᠨᠢᠷ ᠴᠡᠴᠡᠭ ᠤᠨ ᠬᠦᠷᠢᠶᠡᠯᠡᠩ ᠳᠤ ᠦᠩᠭᠡ ᠶᠢᠨ ᠴᠡᠴᠡᠭ ᠮᠢᠷᠠᠯᠵᠠᠨ ᠲᠡᠯᠭᠡᠷᠡᠭᠰᠡᠨ ᠦᠷᠨᠢᠨ | ᠬᠦᠭᠵᠢᠭᠰᠡᠨ ᠦᠵᠡᠮᠵᠢ ᠲᠣᠳᠣᠷᠠᠬᠤ ᠶᠣᠮ᠃ | ᠬᠦᠮᠦᠨ ᠤ ᠡᠷᠬᠢᠮ ᠢᠨᠣ ᠠᠰ ᠰᠢᠯᠣᠭᠤᠨ ᠳᠤᠷ ᠪᠣᠢ᠂ ᠰᠢᠯᠦᠭ ᠵᠣᠬᠢᠶᠠᠯ ᠤᠨ ᠡᠷᠬᠢᠮ ᠢᠨᠣ ᠨᠣᠭᠤᠯᠤᠭ᠎ᠠ | ᠡᠷᠭᠢᠯᠭᠡ ᠳᠤᠷ ᠪᠣᠢ᠃ ᠣᠷᠠᠨ ᠵᠣᠬᠢᠶᠠᠯ ᠨᠢ ︽ᠲᠣᠯᠢᠨ ᠤ ᠲᠣᠳᠣᠷᠠᠬᠢ ᠰᠠᠷ᠎ᠠ᠂ ᠮᠠᠨᠠᠨ ᠤ ᠲᠣᠮᠳᠠᠬᠢ ᠴᠡᠴᠡᠭ︾ | ᠰᠢᠭ ᠪᠦᠳᠡᠬᠢ ᠭᠤᠸ᠎ᠠ ᠰᠠᠶᠢᠬᠠᠨ ᠢ ᠢᠯᠡᠷᠡᠭᠦᠯᠪᠡᠯ ᠲᠦᠮᠡᠨ ᠴᠡᠴᠡᠭ ᠤᠨ ᠬᠦᠷᠢᠶᠡᠯᠡᠩ ᠳᠤ ᠦᠩᠭᠡ ᠢᠯᠭᠠᠷᠠᠨ | ᠮᠢᠷᠠᠯᠵᠠᠬᠤ ᠶᠣᠮ᠃ | ᠬᠤᠶᠡᠷ | ᠵᠣᠬᠢᠶᠠᠨ ᠪᠦᠳᠦᠭᠡᠬᠦ ᠪᠣᠯ ᠨᠢᠭᠡᠨ ᠬᠠᠳᠠᠭᠤ ᠪᠡᠷᠬᠡᠰᠢᠶᠡᠯᠳᠡᠢ᠂ ᠬᠢᠨᠠᠮᠠᠭᠠᠢ ᠴᠢᠩᠭ᠎ᠠ᠂ ᠦᠢᠯᠡ ᠬᠠᠯᠠ ᠲᠠᠢ | ᠣᠷᠳᠣ ᠣᠳᠠᠭᠠᠨ ᠲᠠᠶᠢᠨ ᠮᠦᠨ᠃ | ᠣᠷᠣᠰ ᠤᠨ ᠠᠬᠤᠶᠢᠴᠢ ᠦᠵᠡᠯ ᠤᠨ ᠠᠭᠤᠣ ᠶᠡᠭᠡ ᠵᠣᠬᠢᠶᠠᠯᠴᠢ ᠲᠣᠯᠰᠲ᠋ᠣᠢ ᠵᠠᠭᠤ ᠭᠠᠷᠣᠢ ᠲᠦᠮᠡᠨ | ᠦᠭᠡ ᠲᠠᠢ ᠠᠪᠣᠷᠭᠤ ᠪᠦᠳᠦᠭᠡᠯ ︽ᠲᠠᠶᠢᠨ ᠪᠠ ᠡᠩᠬᠡ︾ ᠪᠠᠨ ᠨᠠᠢᠮᠠᠨᠳᠠ ᠪᠢᠴᠢᠪᠡ᠂ ᠵᠦᠪᠬᠡᠨ ᠡᠬᠢᠯᠡᠯᠳᠡ ᠪᠠᠨ | ᠠᠷᠪᠠᠨ ᠲᠠᠪᠤ ᠣᠳᠠᠭ᠎ᠠ ᠵᠠᠰᠠᠯ᠎ᠠ ᠭᠡᠳᠡᠭ᠃ ᠲᠡᠭᠦᠨ ᠤ ᠨᠢᠭᠡ ᠵᠣᠬᠢᠶᠠᠯ ᠨᠢ ᠦᠨᠡᠨ ᠳᠡᠭᠡᠨ ᠲᠠᠪᠣᠬᠠᠨ ᠨᠢᠭᠤᠷ ᠢᠶᠠᠷ | ᠲᠣᠭᠳᠠᠪᠠ᠂ ᠭᠡᠳᠡᠯ᠎ᠡ ᠨᠣᠣᠷᠠᠭᠯᠠᠭᠰᠠᠨ ᠡᠬᠡ ᠪᠢᠴᠢᠭ ᠨᠢ ᠨᠠᠢᠮᠠᠨ ᠵᠠᠭᠤᠨ ᠨᠢᠭᠤᠷ ᠲᠤ ᠬᠦᠷᠦᠭᠰᠡᠨ ᠶᠣᠮ᠃ ᠲᠡᠷᠡ | ᠵᠣᠬᠢᠶᠠᠨ ᠪᠢᠴᠢᠬᠦ ᠪᠦᠷᠢ ᠳᠤ ᠦᠢᠯᠡ ᠪᠠᠨ ᠦᠵᠡᠵᠦ᠂ ᠦᠰᠦ ᠪᠠᠨ ᠲᠣᠭᠠᠯᠠᠳᠠᠭ ᠪᠠᠶᠢᠭᠰᠠᠨ᠃ | ᠨᠣᠹᠧᠯ ᠤᠨ ᠱᠠᠩᠨᠠᠯ ᠢ ᠬᠦᠷᠳᠡᠭᠰᠡᠨ ᠠᠮᠧᠷᠢᠺᠡ ᠶᠢᠨ ᠵᠣᠬᠢᠶᠠᠯᠴᠢ ᠾᠧᠮᠢᠩᠸᠧᠢ ᠶᠢᠨ ᠲᠣᠭᠤᠵᠢ ︽ᠡᠪᠦᠭᠡᠨ | ᠬᠢᠭᠡᠳ ᠲᠠᠯᠠᠢ︾ ᠪᠠᠨ ᠬᠤᠶᠠᠷ ᠵᠠᠭᠤᠭᠠᠳ ᠣᠳᠠᠭ᠎ᠠ ᠵᠠᠰᠠᠵᠠᠢ ᠭᠡᠳᠡᠭ᠃ ᠲᠡᠷᠡ᠂ ᠵᠣᠬᠢᠶᠠᠯ ᠤᠨ ᠲᠣᠳᠣᠷᠠᠬᠢ ᠬᠡᠷᠡᠭ | ᠦᠭᠡᠢ ᠭᠡᠵᠦ ᠪᠣᠳᠣᠭᠳᠠᠭᠰᠠᠨ ᠦᠭᠡ ᠦᠭᠦᠯᠡᠪᠦᠷᠢ ᠪᠠᠨ ᠬᠠᠶᠢᠷ᠎ᠠ ᠨᠠᠶᠢᠷ ᠦᠭᠡᠢ ᠬᠠᠰᠣᠵᠦ ᠯᠡ ᠪᠠᠶᠢᠳᠠᠭ᠃ | ᠢᠩᠭᠢᠬᠦ ᠳᠡᠭᠡᠨ ᠬᠦᠮᠦᠰ ᠲᠡᠭᠦᠨ ᠢ ︽ᠰᠦᠬᠡ ᠪᠠᠷᠢᠭᠰᠠᠨ ᠵᠣᠬᠢᠶᠠᠯᠴᠢ︾ ᠭᠡᠯᠴᠡᠳᠡᠭ᠃ | ᠮᠠᠨ ᠤ ᠣᠯᠣᠰ ᠤᠨ ᠵᠣᠬᠢᠶᠠᠭᠴᠢ ᠳ᠋ᠦ᠋ ᠫᠧᠩ ᠴᠧᠩ ᠭᠤᠴᠢ ᠭᠠᠷᠣᠢ ᠲᠦᠮᠡᠨ ᠦᠭᠡ ᠲᠠᠢ ︽ᠶᠠᠨ ᠠᠨ ᠤ | ᠬᠠᠮᠠᠭᠠᠯᠠᠯᠳᠠ︾ ᠭᠡᠬᠦ ᠷᠣᠮᠠᠨ ᠢᠶᠠᠨ ᠪᠢᠴᠢᠬᠦ ᠳᠤ ᠨᠢᠭᠡ ᠮᠣᠷᠢᠨ ᠲᠡᠷᠭᠡ ᠴᠠᠭᠠᠰᠣ ᠬᠡᠷᠡᠭᠯᠡᠭᠰᠡᠨ ᠭᠡᠳᠡᠭ ᠢ ᠬᠡᠯᠡᠬᠦ ᠳᠤ | ᠬᠦᠮᠦᠰ ᠢᠳᠡᠭᠡᠬᠦᠶᠡ ᠪᠡᠷᠬᠡ ᠶᠣᠮ᠃ | ᠬᠡᠯᠡ ᠶᠢ ᠣᠳᠬ᠎ᠠ ᠵᠣᠬᠢᠶᠠᠯ ᠤᠨ ᠲᠡᠷᠢᠭᠦᠨ ᠴᠢᠬᠤᠯᠠ ᠠᠨᠢᠰᠣ ᠪᠠᠷ ᠦᠵᠡᠳᠡᠭ ᠵᠦᠪᠯᠡᠯᠳᠣ ᠶᠢᠨ ᠠᠪᠣᠷᠭᠤ | ᠵᠣᠬᠢᠶᠠᠯᠴᠢ ᠭᠤᠷᠺᠢ ᠨᠢᠭᠡᠨ ᠣᠳᠠᠭ᠎ᠠ ᠵᠣᠬᠢᠶᠠᠯ ᠢᠶᠠᠨ ᠨᠢᠭᠡᠨᠳᠡ ᠪᠢᠴᠢᠭᠡᠳ ᠪᠠᠷᠠᠴᠢᠬᠠᠭᠰᠠᠨ ᠪᠣᠯᠪᠠᠴᠣ ᠲᠣᠰᠢᠶᠠᠬᠤ | ᠦᠭᠡᠢ ᠪᠠᠶᠢᠪᠠ᠃ ᠨᠠᠶᠢᠷᠠᠭᠤᠯᠣᠭᠴᠢ ᠠᠴᠠ ᠭᠤᠷᠺᠢ ᠳᠤ ᠡᠬᠡ ᠪᠢᠴᠢᠭ ᠢᠶᠠᠨ ᠲᠣᠰᠢᠶᠠᠭᠠᠷᠠᠢ ᠭᠡᠵᠦ ᠱᠠᠭᠠᠷᠳᠠᠪᠠ᠃ | ᠭᠡᠳᠡᠯ᠎ᠡ ᠭᠤᠷᠺᠢ ᠵᠣᠬᠢᠶᠠᠯ ᠤᠨ ᠢᠶᠠᠨ ᠲᠣᠳᠣᠷ᠎ᠠ ᠨᠢᠭᠡ ᠦᠭᠡ ᠶᠢ ᠬᠡᠷᠡᠭᠯᠡᠭᠰᠡᠨ ᠨᠢ ᠣᠨᠣᠪᠴᠢ ᠦᠭᠡᠢ ᠪᠠᠶᠢᠨ᠎ᠠ ᠭᠡᠵᠦ | ᠪᠣᠳᠣᠭᠰᠠᠨ ᠲᠣᠯᠠ ᠡᠬᠡ ᠪᠢᠴᠢᠭ ᠢᠶᠠᠨ ᠦᠭᠬᠦ ᠦᠭᠡᠢ ᠬᠤᠶᠢᠰᠢᠯᠠᠭᠤᠯᠣᠭᠠᠳ ᠪᠠᠶᠢᠵᠠᠢ᠃ ᠨᠢᠭᠡ ᠡᠳᠦᠷ ᠲᠡᠷᠡ | ᠮᠣᠷᠢᠨ ᠲᠣᠭᠯᠠᠭᠠᠮ ᠦᠵᠡᠬᠦ ᠪᠠᠷ ᠣᠴᠢᠭᠠᠳ ᠲᠣᠭᠯᠠᠭᠠᠮ ᠤᠨ ᠢᠳᠡᠨ ᠲᠡᠭᠡᠷ᠎ᠡ ᠨᠢ ᠬᠦᠷᠬᠦ ᠦᠶ᠎ᠡ ᠳᠤ ᠭᠡᠨᠡᠳᠳᠡ | ᠨᠢᠭᠡ ᠬᠠᠪᠣᠯᠢᠭ ᠦᠭᠡ ᠰᠡᠷᠡᠭᠳᠡᠪᠡ᠃ ᠲᠡᠷᠡ ᠪᠠᠷᠢᠨ ᠲᠣᠣᠷ᠎ᠠ ᠪᠠᠨ ᠭᠡᠷ ᠲᠡᠭᠡᠨ ᠬᠠᠷᠢᠭᠠᠳ ᠠᠷᠠᠢ ᠭᠡᠵᠦ ᠣᠯᠣᠭᠰᠠᠨ | ᠲᠡᠷᠡ ᠨᠢᠭᠡ ᠦᠭᠡ ᠪᠠᠨ ᠲᠡᠮᠳᠡᠭᠯᠡᠵᠦ ᠠᠪᠣᠭᠰᠠᠨ ᠪᠢᠯᠠ᠃ | 1852 ᠣᠨ ᠤ ᠬᠤᠶᠠᠷ ᠰᠠᠷ᠎ᠠ ᠶᠢᠨ ᠠᠷᠪᠠᠨ ᠬᠤᠶᠠᠷ ᠤᠨ ᠦᠷᠯᠦᠭᠡ᠂ ᠣᠷᠣᠰ ᠤᠨ ᠣᠳᠬ᠎ᠠ ᠵᠣᠬᠢᠶᠠᠯ ᠤᠨ | ᠲᠡᠦᠬᠡᠨ ᠳᠤ ᠬᠦᠮᠦᠰ ᠢ ᠭᠦᠨ ᠪᠣᠳᠣᠯᠭᠠᠰᠢᠷᠠᠭᠤᠯᠣᠮᠠ ᠨᠢᠭᠡᠨ ᠭᠤᠨᠢᠭᠳᠣ ᠶᠠᠪᠣᠳᠠᠯ ᠭᠠᠷᠴᠠᠢ᠃ ᠨᠢᠭᠡᠨ ᠵᠣᠬᠢᠶᠠᠯᠴᠢ | ᠦᠪᠡᠷ ᠤᠨ ᠠᠷᠪᠠᠨ ᠵᠢᠯ ᠤᠨ ᠲᠣᠷᠰᠢ ᠵᠣᠪᠠᠨ ᠵᠦᠳᠡᠨ ᠪᠠᠶᠢᠵᠦ ᠪᠦᠳᠦᠭᠡᠭᠰᠡᠨ ᠪᠦᠳᠦᠭᠡᠯ ᠢᠶᠠᠨ ᠬᠠᠷᠠᠵᠦ ᠪᠠᠶᠢᠭᠠᠳ | ᠦᠨᠡᠰᠦᠨ ᠲᠣᠪᠷᠠᠭ ᠪᠣᠯᠳᠠᠯ᠎ᠠ ᠰᠢᠳᠠᠭᠠᠵᠠᠢ᠃ ᠭᠠᠯᠳᠠᠵᠦ ᠪᠠᠷᠠᠭᠠᠳ ᠲᠡᠷᠡ ᠱᠠᠹᠠ ᠶᠢᠨ ᠲᠡᠭᠡᠷ᠎ᠡ ᠪᠠᠨ ᠬᠡᠪᠳᠡᠭᠡᠳ | ᠡᠬᠡᠷ ᠲᠠᠳᠠᠨ ᠣᠬᠢᠯᠠᠯᠠ᠃ ᠲᠡᠷᠡ᠄ ︽ᠪᠢ ᠨᠢᠭᠡᠨᠳᠡ ᠵᠣᠪᠠᠯᠠᠩ ᠤᠨ ᠲᠦᠢᠯ ᠳᠤ ᠬᠦᠷᠴᠡᠢ︕︾ ᠭᠡᠵᠦ ᠬᠠᠰᠬᠢᠷᠴᠦ | ᠪᠠᠶᠢᠪᠠ᠃ ᠡᠨᠡ ᠵᠣᠬᠢᠶᠠᠯᠴᠢ ᠪᠣᠯ ᠭᠤᠭᠤᠯ ᠮᠦᠨ᠃ ᠲᠡᠭᠦᠨ ᠤ ᠰᠢᠳᠠᠭᠠᠭᠰᠠᠨ ᠨᠢ ︽ᠠᠮᠢ ᠦᠭᠡᠢ ᠠᠯᠪᠠᠳᠣ ᠨᠠᠷ︾ | ᠤᠨ ᠬᠤᠶᠠᠳᠣᠭᠠᠷ ᠪᠣᠳᠢ ᠶᠢᠨ ᠬᠢᠨᠢ ᠡᠬᠡ ᠨᠣᠣᠷᠠᠭ ᠪᠣᠯᠣᠨ᠎ᠠ᠃ ︽ᠠᠮᠢ ᠦᠭᠡᠢ ᠠᠯᠪᠠᠳᠣ ᠨᠠᠷ︾ ᠤᠨ ᠠᠩᠬᠠᠳᠣᠭᠠᠷ | ᠪᠣᠳᠢ ᠬᠡᠪᠯᠡᠭᠳᠡᠮᠡᠭᠴᠡ ᠪᠦᠬᠦ ᠣᠷᠣᠰ ᠢ ᠲᠣᠩᠰᠣᠯᠭᠠᠭᠰᠠᠨ ᠶᠣᠮ᠃ ᠭᠡᠳᠡᠯ᠎ᠡ ᠬᠤᠵᠢᠮ ᠨᠢ ᠭᠤᠭᠤᠯ ᠤᠨ | ᠶᠢᠷᠳᠢᠨᠴᠦ ᠶᠢᠨ ᠦᠵᠡᠯᠳᠡ ᠳᠤ ᠨᠢ ᠬᠤᠪᠢᠷᠠᠯᠳᠠ ᠭᠠᠷᠴᠣ ᠭᠠᠵᠠᠷ ᠤᠨ ᠡᠵᠡᠨ ᠤ ᠬᠠᠷᠠᠴᠠ ᠪᠠᠷ ᠠᠮᠢᠳᠣᠷᠠᠯ ᠢ ᠦᠵᠡᠬᠦ | ᠦᠶᠡᠰ ᠲᠤ᠂ ᠭᠠᠵᠠᠷ ᠤᠨ ᠡᠵᠡᠨ ᠢ ᠴᠢᠳᠠᠨ ᠶᠠᠳᠠᠨ ᠦᠩᠭᠡᠯᠡᠨ ᠭᠤᠶᠣᠯᠠᠭᠰᠠᠨ ︽ᠠᠮᠢ ᠦᠭᠡᠢ ᠠᠯᠪᠠᠳᠣ ᠨᠠᠷ︾ | ᠤᠨ ᠢᠶᠠᠨ ᠬᠤᠶᠠᠳᠣᠭᠠᠷ ᠪᠣᠳᠢ ᠶᠢ ᠪᠢᠴᠢᠭᠰᠡᠨ ᠪᠠᠶᠢᠳᠠᠭ᠃ ᠡᠨᠡ ᠨᠢ ᠪᠣᠳᠠᠳᠣ ᠠᠮᠢᠳᠣᠷᠠᠯ ᠲᠠᠢ ᠨᠡᠶᠢᠴᠡᠬᠦ ᠦᠭᠡᠢ | ᠬᠤᠳᠠᠯ ᠬᠠᠭᠤᠷᠮᠠᠭ ᠵᠦᠢᠯ ᠪᠣᠯᠬᠤ ᠶᠣᠮ᠃ ᠢᠩᠭᠢᠬᠦᠯᠡᠷ ᠲᠡᠷᠡ ᠭᠦᠨ ᠵᠦᠷᠢᠴᠡᠯ ᠵᠣᠪᠠᠨᠢᠯ ᠳᠤ ᠣᠨᠠᠵᠣ᠂ | ᠰᠡᠭᠦᠯ ᠳᠤ ᠨᠢ ᠡᠨᠡ ᠪᠦᠳᠦᠭᠡᠯ ᠢᠶᠠᠨ ᠭᠠᠯᠳᠠᠬᠤ ᠯᠡ ᠬᠡᠷᠡᠭ ᠪᠣᠯᠵᠠᠢ᠃ | ᠪᠠᠭᠠᠳᠣᠷᠯᠢᠭ ᠢᠶᠠᠷ ᠵᠣᠣᠬᠠᠨ ᠳᠤ ᠬᠢᠭᠰᠡᠨ ᠡᠬᠡ ᠪᠢᠴᠢᠭ ᠤᠨ ᠲᠦᠯᠦ ᠢᠯᠡᠭᠦᠦ ᠨᠢᠭᠡᠨ ᠵᠣᠬᠢᠶᠠᠯᠴᠢ ᠶᠢ | ᠭᠡᠷᠡᠯᠳᠦᠭᠦᠯᠵᠦ ᠴᠢᠳᠠᠬᠤ ᠶᠣᠮ᠃ ᠭᠤᠭᠤᠯ ᠪᠣᠯ ᠡᠶᠢᠮᠣ ᠨᠢᠭᠡ ᠡᠷᠬᠢᠮ ᠨᠠᠨᠳᠢᠨ ᠲᠦᠯᠦ ᠳᠤ ᠭᠡᠷᠡᠯᠳᠦᠭᠦᠯᠦᠭᠰᠡᠨ | ᠵᠣᠬᠢᠶᠠᠯᠴᠢ ᠪᠣᠯᠬᠤ ᠶᠣᠮ᠃ | ︽ᠨᠢᠭᠡ ᠬᠦᠮᠦᠨ ᠣᠷᠠᠯᠢᠭᠴᠢᠨ ᠪᠣᠯᠬᠤ ᠪᠠᠷ ᠪᠡᠶ᠎ᠡ ᠪᠠᠨ ᠵᠣᠷᠢᠭᠤᠯᠣᠭᠰᠠᠨ ᠪᠣᠯ ᠲᠡᠷᠡ ᠲᠠᠷᠣᠢ ᠪᠣᠰᠣᠳ | ᠬᠦᠮᠦᠨ ᠲᠠᠢ ᠠᠳᠠᠯᠢ ᠠᠮᠢᠳᠣᠷᠠᠬᠤ ᠶᠢᠨ ᠡᠷᠬᠡ ᠦᠭᠡᠢ ᠪᠣᠯᠬᠤ ᠶᠣᠮ︾᠃ ᠡᠨᠡ ᠪᠣᠯ ᠹᠯᠦ᠋ᠪᠧᠷᠲ ᠠᠴᠠ ᠲᠡᠭᠦᠨ ᠤ | ᠰᠣᠷᠣᠭᠴᠢ ᠮᠠᠣᠫᠠᠰᠰᠠᠨ ᠳᠤ ᠬᠡᠯᠡᠭᠰᠡᠨ ᠰᠣᠷᠭᠠᠯ ᠦᠭᠡ᠃ ᠹᠷᠠᠨᠼᠢ ᠶᠢᠨ ᠰᠢᠭᠦᠮᠵᠢᠯᠡᠯᠳᠣ ᠠᠬᠤᠶᠢᠴᠢ ᠦᠵᠡᠯ ᠤᠨ | ᠵᠣᠬᠢᠶᠠᠯᠴᠢ ᠮᠠᠣᠫᠠᠰᠰᠠᠨ ᠵᠠᠯᠠᠭᠤ ᠳᠠᠭᠠᠨ ᠹᠯᠦ᠋ᠪᠧᠷᠲ ᠢ ᠪᠠᠭᠰᠢ ᠪᠠᠷᠢᠵᠣ ᠲᠡᠭᠦᠨ ᠤ ᠵᠢᠯᠣᠭᠤᠳᠣᠯᠭ᠎ᠠ ᠲᠣᠣᠷ᠎ᠠ | ᠲᠣᠯᠣᠭᠠᠨ ᠵᠢᠯ ᠵᠣᠬᠢᠶᠠᠨ ᠪᠢᠴᠢᠵᠣ ᠪᠣᠯᠪᠠᠰᠣᠷᠠᠵᠠᠢ᠃ ᠲᠣᠯᠣᠭᠠᠨ ᠵᠢᠯ ᠤᠨ ᠲᠣᠷᠰᠢ ᠮᠠᠣᠫᠠᠰᠰᠠᠨ ᠤ ᠪᠣᠯᠪᠠᠰᠣᠷᠠᠵᠦ | ᠪᠢᠴᠢᠭᠰᠡᠨ ᠵᠣᠬᠢᠶᠠᠯ ᠨᠢ ᠹᠯᠦ᠋ᠪᠧᠷᠲ ᠤᠨ ᠪᠢᠴᠢᠭ ᠤᠨ ᠭᠡᠷ ᠲᠤ ᠣᠪᠣᠭᠠᠷᠠᠭᠰᠠᠭᠠᠷ ᠪᠠᠶᠢᠵᠣ᠂ ᠪᠢᠴᠢᠭ ᠤᠨ | ᠰᠢᠷᠡᠭᠡ ᠲᠠᠢ ᠨᠢ ᠰᠠᠴᠠᠭᠤᠯᠣᠭᠰᠠᠨ ᠭᠡᠳᠡᠭ ᠣᠯᠠᠮᠵᠢᠯᠠᠯᠳᠣ ᠶᠠᠷᠢᠶ᠎ᠠ ᠪᠣᠢ᠃ ᠭᠡᠳᠡᠯ᠎ᠡ ᠡᠨᠡ ᠬᠦ ᠣᠷᠠᠯᠢᠭ ᠢ ᠴᠢᠩᠭ᠎ᠠ | ᠨᠢᠮᠪᠠᠢ ᠱᠠᠭᠠᠷᠳᠠᠳᠠᠭ ᠪᠠᠭᠰᠢ ᠨᠢ ᠶᠡᠷᠦ ᠲᠣᠯᠣᠭᠠᠢ ᠲᠣᠬᠢᠵᠦ ᠵᠦᠪᠰᠢᠶᠡᠷᠡᠳᠡᠭ ᠦᠭᠡᠢ᠃ ᠵᠦᠪᠬᠡᠨ ᠮᠠᠣᠫᠠᠰᠰᠠᠨ ᠳᠤ | ᠵᠣᠬᠢᠶᠠᠨ ᠪᠦᠳᠦᠭᠡᠬᠦ ᠶᠢᠨ ᠦᠨᠳᠦᠰᠦᠨ ᠠᠷᠭ᠎ᠠ ᠪᠠᠷᠢᠯ ᠢ ᠲᠠᠶᠢᠯᠪᠣᠷᠢᠯᠠᠨ ᠦᠭᠴᠦ᠂ ᠲᠡᠭᠦᠨ ᠢ ᠣᠯᠠᠨᠳᠠ ᠣᠩᠰᠢᠨ᠂ | ᠠᠷᠪᠢᠨ ᠪᠢᠴᠢᠵᠣ᠂ ᠰᠢᠷᠭᠠᠭᠤ ᠬᠠᠳᠠᠭᠤᠵᠢᠯᠳᠠᠢ ᠪᠣᠯᠪᠠᠰᠣᠷᠠ ᠭᠡᠵᠦ ᠵᠣᠷᠢᠭᠵᠢᠭᠤᠯᠳᠠᠭ ᠪᠠᠶᠢᠵᠠᠢ᠃ ᠲᠡᠷᠡ ᠪᠠᠰᠠ᠄ ︽ | ᠪᠢᠳᠡ ᠶᠠᠮᠠᠷ ᠨᠢᠭᠡᠨ ᠬᠡᠷᠡᠭ ᠪᠣᠳᠠᠰ ᠢ ᠲᠦᠷᠰᠦᠯᠡᠨ ᠪᠢᠴᠢᠬᠦ ᠳᠡᠭᠡᠨ ᠲᠡᠭᠦᠨ ᠢ ᠣᠨᠣᠪᠴᠢᠳᠠᠢ ᠰᠣᠩᠭᠤᠳᠠᠭ ᠦᠭᠡ ᠪᠠᠷ | ᠬᠡᠯᠡᠶ᠎ᠡ ᠭᠡᠪᠡᠯ ᠭᠠᠭᠴᠠ ᠨᠢᠭᠡᠨ ᠨᠡᠷ᠎ᠡ ᠦᠭᠡ ᠶᠢ ᠬᠡᠷᠡᠭᠯᠡᠨ᠎ᠡ︔ ᠲᠡᠭᠦᠨ ᠳᠤ ᠬᠦᠳᠡᠯᠭᠡᠭᠡᠨ ᠣᠯᠭᠤᠶᠠ ᠭᠡᠪᠡᠯ ᠭᠠᠭᠴᠠ | ᠨᠢᠭᠡᠨ ᠦᠢᠯᠡ ᠦᠭᠡ ᠶᠢ ᠬᠡᠷᠡᠭᠯᠡᠨ᠎ᠡ︔ ᠲᠡᠭᠦᠨ ᠤ ᠰᠢᠨᠵᠢ ᠴᠢᠨᠠᠷ ᠢ ᠢᠯᠭᠠᠶ᠎ᠠ ᠭᠡᠪᠡᠯ ᠭᠠᠭᠴᠠ ᠨᠢᠭᠡᠨ ᠲᠡᠮᠳᠡᠭ | ᠦᠭᠡ ᠶᠢ ᠬᠡᠷᠡᠭᠯᠡᠨ᠎ᠡ᠃ ᠡᠷᠬᠡᠪᠰᠢ ᠲᠠᠰᠣᠷᠠᠯᠳᠠ ᠦᠭᠡᠢ ᠰᠡᠳᠬᠢᠵᠦ᠂ ᠲᠡᠷᠡ ᠬᠦ ᠬᠠᠮᠤᠭ ᠤᠨ ᠣᠨᠣᠪᠴᠢᠳᠠᠢ ᠨᠡᠷ᠎ᠡ | ᠦᠭᠡ᠂ ᠦᠢᠯᠡ ᠦᠭᠡ᠂ ᠲᠡᠮᠳᠡᠭ ᠦᠭᠡ ᠶᠢ ᠡᠷᠢᠵᠦ ᠣᠯᠳᠠᠯ᠎ᠠ ᠪᠣᠳᠣᠯᠬᠢᠯᠠᠬᠤ ᠬᠡᠷᠡᠭᠳᠡᠢ᠃ ᠲᠡᠮᠡᠢ ᠵᠦᠷᠢᠬᠦ ᠦᠭᠡᠢ | ᠭᠡᠳᠡᠭ ᠲᠤ ᠨᠠᠶᠢᠳᠠᠵᠦ ᠪᠣᠯᠬᠤ ᠦᠭᠡᠢ᠃ ᠬᠦᠴᠢᠷ ᠠᠴᠠ ᠵᠠᠶᠢᠯᠠᠨ ᠲᠣᠳᠠᠭᠠᠵᠦ᠂ ᠣᠶᠢᠷᠠᠯᠴᠠᠭ᠎ᠠ ᠣᠳᠬ᠎ᠠ ᠲᠠᠢ ᠦᠭᠡ | ᠦᠭᠦᠯᠡᠪᠦᠷᠢ ᠶᠢ ᠬᠡᠷᠡᠭᠯᠡᠵᠦ ᠬᠠᠰᠢ ᠶᠠᠰᠢ ᠦᠩᠭᠡᠷᠡᠭᠦᠯᠵᠦ ᠪᠣᠯᠬᠤ ᠦᠭᠡᠢ︾ ᠭᠡᠵᠦ ᠲᠠᠬᠢᠨ ᠲᠠᠪᠳᠠᠨ ᠶᠠᠷᠢᠵᠦ ᠪᠢᠯᠠ᠃ | ᠡᠨᠡ ᠪᠣᠯ ᠣᠳᠬ᠎ᠠ ᠵᠣᠬᠢᠶᠠᠯ ᠤᠨ ᠲᠡᠦᠬᠡᠨ ᠳᠤ ᠠᠯᠳᠠᠷᠰᠢᠭᠰᠠᠨ ︽ᠭᠠᠭᠴᠠ ᠦᠭᠡ ᠶᠢᠨ ᠰᠣᠷᠭᠠᠯ︾ ᠤᠨ ᠢᠷᠡᠯᠳᠡ | ᠮᠦᠨ᠃ ᠬᠡᠵᠢᠶ᠎ᠡ ᠬᠤᠶᠢᠨ᠎ᠠ ᠨᠢ ᠮᠠᠣᠫᠠᠰᠰᠠᠨ ︽ᠦᠭᠡᠬᠦᠨ ᠪᠦᠮᠪᠦᠭᠡ︾ ᠭᠡᠳᠡᠭ ᠦᠭᠦᠯᠡᠯᠭᠡ ᠪᠠᠨ ᠪᠢᠴᠢᠵᠦ | ᠪᠠᠭᠰᠢ ᠳᠠᠭᠠᠨ ᠬᠦᠷᠭᠡᠨ ᠦᠵᠡᠭᠦᠯᠬᠦ ᠳᠤ ᠹᠯᠦ᠋ᠪᠧᠷᠲ ᠰᠠᠶ᠋ᠢ ᠲᠣᠯᠣᠭᠠᠢ ᠲᠣᠬᠢᠵᠦ᠄ ︽ᠴᠢᠨᠦ ᠵᠣᠬᠢᠶᠠᠯ ᠴᠢᠨᠢ ᠦᠨᠦ | ᠨᠢᠭᠡᠨᠳᠡ ᠪᠣᠯᠪᠠᠰᠣᠷᠠᠨ ᠭᠦᠢᠴᠡᠵᠡᠢ᠂ ᠣᠷᠴᠢᠯᠠᠩ ᠲᠡᠯᠡᠬᠡᠢ ᠳᠤ ᠨᠡᠶᠢᠳᠡᠯᠡᠵᠦ ᠣᠯᠠᠨ ᠲᠠᠢ ᠲᠠᠨᠢᠯᠴᠠᠭᠤᠯᠵᠣ ᠪᠣᠯᠣᠨ᠎ᠠ︾ | ᠬᠡᠵᠡᠢ᠃ ᠦᠨᠡᠷᠡᠨ ᠭᠡᠮ᠂ ︽ᠦᠭᠡᠬᠦᠨ ᠪᠦᠮᠪᠦᠭᠡ︾ ᠨᠡᠶᠢᠳᠡᠯᠡᠭᠳᠡᠮᠡᠭᠴᠡ ᠪᠠᠨ ᠪᠦᠬᠦ ᠹᠷᠠᠨᠼᠢ ᠪᠣᠯᠣᠨ ᠪᠠᠷᠠᠭᠤᠨ | ᠧᠦ᠋ᠷᠦᠫᠡ ᠶᠢᠨ ᠣᠳᠬ᠎ᠠ ᠣᠷᠠᠯᠢᠭ ᠤᠨ ᠲᠠᠪᠴᠠᠩ ᠢ ᠲᠣᠩᠰᠣᠯᠭᠠᠵᠦ᠂ ᠮᠠᠣᠫᠠᠰᠰᠠᠨ ᠳᠤ ᠰᠢᠯᠢᠳᠡᠭ ᠦᠭᠦᠯᠡᠯᠭᠡ ᠶᠢᠨ | ᠵᠣᠬᠢᠶᠠᠯᠴᠢ ᠪᠣᠯᠬᠤ ᠪᠠᠶᠢᠷᠢ ᠰᠠᠭᠤᠷᠢ ᠶᠢ ᠲᠣᠭᠳᠠᠭᠠᠵᠦ ᠦᠭᠭᠦᠭᠰᠡᠨ ᠪᠠᠶᠢᠨ᠎ᠠ᠃ ᠬᠤᠵᠢᠮ ᠨᠢ ᠲᠡᠷᠡ ᠵᠢᠷ ᠤᠨ | ᠬᠦᠮᠦᠰ ᠤᠨ ᠬᠦᠮᠦᠨ ᠲᠦᠷᠦᠯᠬᠢᠳᠡᠨ ᠤ ᠵᠣᠯ ᠵᠢᠷᠭᠠᠯ ᠭᠡᠵᠦ ᠦᠵᠡᠳᠡᠭ ᠵᠦᠢᠯ ᠢ ᠴᠦ ᠪᠠᠷᠤᠭ ᠣᠯᠵᠦ ᠡᠳ᠋ᠯᠡᠭᠰᠡᠨ | ᠦᠭᠡᠢ᠂ ᠨᠢᠭᠡᠨ ᠣᠷᠠᠯᠢᠭᠴᠢᠨ ᠪᠣᠯᠣᠭᠰᠠᠨ ᠤ ᠬᠤᠪᠢ ᠳᠤ ᠲᠠᠷᠬᠠᠨ ᠡᠭᠦᠷᠭᠡ ᠪᠠᠨ ᠪᠡᠶᠡᠯᠡᠭᠦᠯᠬᠦ ᠪᠠᠷ ᠠᠯᠢᠪᠠ ᠪᠠᠨ | ᠰᠢᠪᠬᠠᠨ ᠴᠢᠷᠮᠠᠶᠢᠵᠣ᠂ ︽ᠰᠣᠨᠳᠣᠷ︾᠂ ︽ᠮᠢᠨᠣ ᠠᠪᠠᠭ᠎ᠠ ᠯᠶᠦ᠋ᠯᠢ︾ ᠮᠡᠳᠦ ᠶᠢᠨ ᠠᠯᠢ ᠣᠯᠠᠨ ᠲᠡᠯᠡᠬᠡᠢ ᠳᠤ | ᠠᠯᠳᠠᠷᠰᠢᠭᠰᠠᠨ ᠨᠠᠨᠳᠢᠨ ᠪᠦᠳᠦᠭᠡᠯ ᠢ ᠦᠯᠡᠳᠡᠭᠡᠵᠦ᠂ ᠲᠡᠯᠡᠬᠡᠢ ᠶᠢᠨ ᠭᠤᠷᠪᠠᠨ ᠶᠡᠭᠡ ᠦᠭᠦᠯᠡᠯᠭᠡ ᠶᠢᠨ ᠲᠠᠷᠬᠠᠨ ᠤ | ᠨᠢᠭᠡᠨ ᠪᠣᠯᠣᠭᠰᠠᠨ ᠪᠢᠯᠠ᠃ ᠮᠠᠣᠫᠠᠰᠰᠠᠨ ᠠᠴᠠ ᠪᠢᠳᠡᠨ ᠳᠤ ᠪᠦᠳᠦᠭᠡᠵᠦ ᠦᠭᠭᠦᠭᠰᠡᠨ ᠦᠨ᠎ᠡ ᠦᠷᠳᠡᠭ ᠨᠢ ᠲᠡᠯᠡᠬᠡᠢ | ᠶᠢᠷᠳᠢᠨᠴᠦ ᠳᠤ ᠦᠨᠢᠳᠡ ᠮᠦᠩᠬᠡᠷᠡᠨ᠎ᠡ᠃ | ᠭᠤᠷᠪᠡ | ᠬᠡᠷᠪᠡ ᠪᠦᠷᠢᠨ ᠲᠡᠭᠦᠰ ᠬᠦᠮᠦᠨ ᠭᠡᠳᠡᠭ ᠢᠶᠠᠷ ᠪᠠᠷᠢᠮᠵᠢᠶᠠᠯᠠᠪᠠᠯ ᠲᠡᠯᠡᠬᠡᠢ ᠳ᠋ᠠᠬᠢᠨ ᠳᠤ ᠠᠮᠢᠳᠣᠷᠠᠵᠣ ᠪᠣᠯᠬᠤ ᠨᠢ | ᠨᠢᠭᠡ ᠴᠦ ᠦᠭᠡᠢ ᠶᠣᠮ᠃ ᠣᠷᠠᠨ ᠵᠣᠬᠢᠶᠠᠯ ᠨᠢ ᠲᠡᠯᠡᠬᠡᠢ ᠶᠢᠨ ᠲᠦᠮᠡᠨ ᠪᠣᠳᠠᠰ ᠲᠦᠮᠡᠨ ᠬᠡᠷᠡᠭ ᠲᠠᠢ ᠠᠳᠠᠯᠢ ᠪᠠᠷ | ᠶᠠᠮᠠᠷ ᠴᠦ ᠡᠮᠵᠡᠭ ᠲᠣᠳᠠᠭᠳᠠᠯ ᠦᠭᠡᠢ ᠪᠦᠷᠢᠨ ᠲᠡᠭᠦᠯᠳᠡᠷ ᠪᠠᠶᠢᠨ᠎ᠠ ᠭᠡᠵᠦ ᠪᠠᠷᠤᠭ ᠴᠢᠳᠠᠬᠤ ᠦᠭᠡᠢ ᠶᠣᠮ᠃ ᠭᠡᠪᠡᠴᠦ | ᠣᠩᠰᠢᠭᠴᠢ ᠶᠢ ᠨᠢᠳᠦᠨ ᠳᠡᠭᠡᠨ ᠬᠠᠪᠴᠢᠬᠤ ᠦᠭᠡᠢ ᠵᠣᠬᠢᠶᠠᠭᠴᠢ ᠪᠣᠯ ᠡᠭᠦᠷᠢᠳᠡ ᠪᠣᠷᠣᠭᠤ ᠶᠣᠮ᠃ ᠬᠠᠭᠤᠮᠠᠭᠠᠢ | ᠪᠦᠳᠦᠭᠦᠯᠢᠭ ᠣᠷᠠᠨ ᠪᠦᠳᠦᠭᠡᠯ ᠨᠢ ᠪᠦᠳᠦᠭᠦᠯᠢᠭ ᠶᠡᠷᠦᠮᠳᠡᠭ ᠰᠣᠨᠢᠷᠬᠠᠭᠴᠢ ᠶᠢ ᠬᠦᠮᠦᠵᠢᠭᠦᠯᠦᠨ᠎ᠡ᠂ ᠣᠬᠢ ᠰᠢᠯᠢᠳᠡᠭ | ᠣᠷᠠᠨ ᠪᠦᠳᠦᠭᠡᠯ ᠨᠢ ᠬᠦᠮᠦᠰ ᠤᠨ ︽ᠣᠶᠣᠨ ᠰᠠᠨᠠᠭᠠᠨ ᠤ ᠬᠦᠨᠡᠰᠦ︾ ᠪᠣᠯᠵᠦ᠂ ᠯᠠᠪᠳᠠᠢ ᠰᠡᠴᠡᠨ ᠮᠡᠷᠭᠡᠨ ᠰᠢᠨᠵᠢᠨ | ᠰᠣᠨᠢᠷᠬᠠᠭᠴᠢ ᠶᠢ ᠪᠣᠢ ᠪᠣᠯᠭᠠᠨ᠎ᠠ᠃ ᠵᠣᠬᠢᠶᠠᠭᠴᠢ ᠳᠤ ᠦᠨᠡᠨ ᠳᠡᠭᠡᠨ ᠡᠷᠬᠡ ᠰᠦᠷ ᠭᠡᠵᠦ ᠪᠠᠶᠢᠬᠤ ᠦᠭᠡᠢ ᠶᠣᠮ᠂ | ᠭᠠᠭᠴᠠ ᠬᠦ ᠨᠢᠭᠡᠨ ᠦᠨᠡᠨᠴᠢ ᠴᠢᠭᠡᠴᠢ ᠰᠡᠳᠬᠢᠯ᠂ ᠠᠷᠠᠳ ᠲᠦᠮᠡᠨ ᠯᠦᠭᠡ ᠬᠠᠮᠳᠣᠳᠠ ᠴᠣᠬᠢᠯᠠᠵᠣ ᠪᠠᠶᠢᠭ᠎ᠠ | ᠵᠢᠷᠦᠬᠡ ᠲᠠᠢ ᠪᠠᠶᠢᠵᠦ᠂ ᠪᠢᠷ ᠢᠶᠠᠨ ᠴᠢᠩᠭᠠᠬᠠᠨ ᠪᠠᠷᠢᠪᠠᠯ ᠵᠣᠬᠢᠨ᠎ᠠ᠃ | ᠶᠡᠷᠦᠮᠳᠡᠭ ᠪᠣᠯᠬᠤ ᠳᠤ ᠬᠢᠯᠪᠠᠷ᠂ ᠣᠨᠴᠠᠭᠠᠢ ᠪᠣᠯᠬᠤ ᠳᠤ ᠬᠦᠴᠢᠷ ᠶᠣᠮ᠃ ᠦᠪᠡᠷ ᠢ ᠪᠠᠨ ᠦᠩᠭᠡᠷᠡᠦ ᠦᠨᠳᠦᠷ | ᠨᠢᠰᠦᠭᠰᠡᠨ ᠦᠭᠡᠢ ᠭᠡᠵᠦ ᠪᠣᠳᠣᠳᠠᠭ ᠪᠦᠷᠭᠦᠳ ᠰᠠᠶ᠋ᠢ ᠣᠯᠠᠮ ᠦᠨᠳᠦᠷ ᠨᠢᠰᠬᠦ ᠪᠣᠯᠣᠯᠴᠠᠭ᠎ᠠ ᠲᠠᠢ ᠪᠢᠯᠠ᠃ ᠣᠳᠬ᠎ᠠ | ᠵᠣᠬᠢᠶᠠᠯ ᠤᠨ ᠣᠨᠴᠠᠭᠠᠢ ᠬᠦᠷᠢᠶᠡᠨ᠎ᠡ ᠪᠢᠷ ᠪᠠᠷᠢᠭᠠᠳ ᠵᠣᠬᠢᠶᠠᠯ ᠪᠢᠴᠢᠳᠡᠭ ᠪᠦᠬᠦᠨ ᠠᠪᠣᠷᠭᠤ ᠵᠣᠬᠢᠶᠠᠯᠴᠢ ᠪᠣᠯᠵᠣ | ᠴᠢᠳᠠᠨ᠎ᠠ ᠭᠡᠪᠡᠯ ᠪᠡᠶᠡᠯᠡᠰᠢ ᠦᠭᠡᠢ ᠶᠠᠪᠣᠳᠠᠯ᠃ ᠭᠡᠳᠡᠯ᠎ᠡ ᠲᠣᠮᠣ ᠮᠣᠳᠣ ᠨᠢ ᠵᠢᠯ ᠵᠢᠯ ᠨᠣᠭᠤᠭᠠᠨ ᠨᠠᠪᠴᠢ ᠣᠷᠭᠤᠳᠠᠭ | ᠶᠣᠮ ᠭᠡᠬᠦ ᠳᠤ ᠨᠢᠯᠬ᠎ᠠ ᠨᠠᠬᠢᠶ᠎ᠠ ᠮᠦᠨ ᠵᠢᠯ ᠪᠦᠷᠢ ᠬᠦᠮᠦᠰ ᠲᠤ ᠬᠠᠪᠣᠷ ᠢ ᠮᠡᠳᠡᠭᠡᠯᠡᠳᠡᠭ ᠪᠢᠰᠢ ᠦᠦ︕ ᠣᠳᠬ᠎ᠠ | ᠵᠣᠬᠢᠶᠠᠯ ᠤᠨ ᠨᠠᠷᠭᠢᠶᠠᠨᠳᠣ ᠬᠦᠷᠢᠶᠡᠯᠡᠩ ᠳᠤ ᠰᠠᠭᠯᠠᠭᠠᠷ ᠪᠦᠳᠦᠭᠦᠨ ᠲᠣᠮᠣ ᠮᠣᠳᠣ ᠪᠣᠯᠵᠣ ᠲᠡᠶᠢᠯᠬᠦ ᠦᠭᠡᠢ ᠴᠦ | ᠠᠩᠭᠢᠯᠣᠮ᠎ᠠ ᠦᠨᠦᠷᠳᠦ ᠨᠢᠭᠡᠨ ᠪᠠᠭᠴᠠ ᠴᠡᠴᠡᠭ ᠪᠣᠯᠵᠣ ᠲᠡᠯᠭᠡᠷᠡᠪᠡᠯ ᠬᠦᠮᠦᠨ ᠲᠦᠷᠦᠯᠬᠢᠳᠡᠨ ᠳᠤ ᠭᠤᠸ᠎ᠠ | ᠰᠠᠶᠢᠬᠠᠨ ᠢ ᠪᠡᠯᠭᠡᠯᠡᠵᠦ ᠲᠡᠶᠢᠯᠦᠨ᠎ᠡ᠃ | |