ᠬᠠᠷ᠎ᠠ ᠤᠬᠠᠭᠠᠨ ᠢᠶᠠᠷ ᠢᠶᠠᠨ ᠰᠤᠶᠤᠯᠵᠢᠬᠤ ᠭᠡᠬᠦ ᠠᠴᠠ
ᠨᠡᠶᠢᠲᠡᠯᠡᠭᠰᠡᠨ ᠴᠠᠭ᠄
2020/12/29
    ᠰᠤᠶᠤᠯ ᠭᠡᠪᠡᠯ ᠰᠤᠷᠭᠠᠨ ᠬᠦᠮᠦᠵᠢᠯ ᠲᠠᠢ ᠬᠤᠯᠪᠤᠭᠠᠳ ᠪᠤᠳᠤᠴᠢᠬᠠᠳᠠᠭ ᠨᠢ ᠳᠡᠩᠳᠡᠬᠦᠦ ᠢᠪᠴᠤᠤ ᠬᠦᠷᠢᠶᠡᠨ ᠤ ᠦᠵᠡᠯᠳᠡ ᠶᠤᠮ᠃ ᠶᠠᠮᠠᠷ ᠶᠠᠮᠠᠷ ᠶᠡᠭᠡ ᠰᠤᠷᠭᠠᠭᠤᠯᠢ ᠠᠴᠠ ᠳᠡᠬᠦᠰᠦᠭᠰᠡᠨ᠂ ᠠᠰᠫᠢᠷᠠᠨᠲ ᠳ᠋ᠦ᠋ᠺᠲ᠋ᠤᠷ ᠳᠡᠬᠦᠰᠦᠭᠰᠡᠨ ᠭᠡᠬᠦ ᠪᠠᠷ ᠬᠦᠮᠦᠰ ᠰᠤᠶᠤᠯᠳᠠᠨ ᠪᠤᠯᠭᠠᠵᠦ ᠬᠠᠷᠠᠬᠤ ᠨᠢ ᠴᠦ ᠵᠦᠡᠭᠳᠡᠭᠡᠨ᠃ ᠳᠡᠭᠡᠬᠦ ᠳᠤ ᠪᠢᠳᠡᠨ ᠤ ᠳᠡᠷᠭᠡᠳᠡ ᠬᠠᠷ᠎ᠠ ᠤᠠᠬᠭᠠᠨ ᠢᠶᠠᠷ ᠢᠶᠠᠨ ᠰᠤᠶᠤᠯᠵᠢᠴᠢᠬᠠᠭᠰᠠᠨ ᠬᠡᠰᠡᠭ ᠬᠦᠮᠦᠰ ᠪᠠᠶᠢᠳᠠᠭ ᠢ ᠳᠠ ᠠᠩᠵᠠᠭᠠᠷᠠᠭᠰᠠᠨ ᠪᠠᠶᠢᠯᠬᠦᠢ᠃ ᠳᠡᠳᠡᠨ ᠢ ᠰᠤᠶᠤᠯ ᠦᠭᠡᠢ ᠬᠦᠮᠦᠨ ᠭᠡᠬᠦ ᠶᠤᠮ ᠪᠤᠯ ᠳᠤᠮᠤ ᠠᠯᠳᠠᠭ᠎ᠠ ᠪᠢᠰᠢ ᠬᠡᠵᠢ ᠤᠤ︖ ᠰᠤᠶᠤᠯ ᠢ ᠶᠠᠮᠠᠷ ᠬᠢᠷᠢ ᠳᠦᠪᠰᠢᠨ ᠳᠤ ᠶᠠᠭᠠᠬᠢᠵᠦ ᠤᠢᠢᠯᠠᠭᠠᠳᠠᠭ ᠪᠤᠢ ᠭᠡᠳᠡᠭ ᠠᠴᠠ ᠰᠢᠯᠳᠠᠭᠠᠯᠠᠵᠦ ᠬᠦᠮᠦᠨ ᠬᠦᠮᠦᠨ ᠤ ᠤᠢᠢᠯᠠᠭᠠᠯᠳᠠ ᠤᠨᠳᠤᠤ ᠪᠠᠶᠢᠳᠠᠭ᠃     ᠶᠠᠷᠢᠶᠠᠨ ᠦᠭᠡᠢ ᠬᠦᠮᠦᠰ ᠰᠤᠷᠭᠠᠭᠤᠯᠢ ᠳᠤ ᠰᠤᠶᠤᠯ ᠮᠡᠳᠡᠯᠭᠡ ᠡᠵᠡᠮᠰᠢᠬᠦ ᠱᠠᠭᠠᠷᠳᠠᠯᠭ᠎ᠠ ᠲᠠᠢ ᠪᠠᠶᠢᠳᠠᠭ᠃ ᠭᠡᠬᠦ ᠳᠤ ᠪᠠᠨ ᠰᠤᠶᠤᠯ ᠪᠤᠯᠪᠠᠰᠤᠷᠠᠯ ᠭᠡᠳᠡᠭ ᠨᠢ ᠨᠡᠷᠡᠳᠦ ᠰᠤᠷᠭᠠᠭᠤᠯᠢ ᠶᠢᠨ ᠰᠤᠷᠤᠯᠭ᠎ᠠ ᠶᠢᠨ ᠨᠠᠮᠳᠠᠷ ᠲᠠᠢ ᠪᠠᠶᠢᠬᠤ  ᠡᠰᠡᠬᠦ  ᠲᠠᠢ  ᠰᠢᠭᠤᠳ  ᠬᠠᠷᠢᠴᠠᠭ᠎ᠠ ᠲᠠᠢ ᠪᠤᠰᠤ᠃ ᠨᠡᠶᠢᠭᠡᠮ  ᠬᠡᠳᠡᠭ  ᠠᠭᠤᠵᠢᠮ  ᠤᠷᠴᠢᠨ ᠳᠤ ᠬᠦᠮᠦᠨ ᠤ ᠳᠦᠯᠦᠪᠰᠢᠯ᠂ ᠤᠶᠤᠨ ᠤᠬᠠᠭᠠᠨ ᠤ ᠳᠡᠬᠦᠯᠳᠡᠷᠵᠢᠯᠳᠡ᠂ ᠴᠢᠳᠠᠪᠤᠷᠢ ᠶᠢᠨ ᠪᠤᠯᠪᠠᠰᠤᠷᠠᠯ ᠪᠦᠬᠦᠳᠡ ᠶᠠᠪᠤᠭᠳᠠᠵᠦ ᠪᠤᠯᠳᠠᠭ᠃ ᠰᠤᠶᠤᠯ ᠪᠤᠯᠪᠠᠰᠤᠷᠠᠯ ᠤᠨ ᠳᠦᠪᠰᠢᠨ ᠢ ᠰᠤᠷᠤᠯᠭ᠎ᠠ ᠶᠢᠨ ᠨᠠᠮᠳᠠᠷ ᠪᠤᠶᠤ ᠰᠤᠷᠭᠠᠭᠤᠯᠢ ᠳᠡᠬᠦᠰᠦᠭᠰᠡᠨ ᠦᠨᠡᠮᠯᠡᠯ ᠢᠶᠠᠷ ᠦᠨᠡᠯᠡᠬᠦ ᠨᠢ ᠦᠡᠭᠭᠡᠨ ᠳᠠᠯ᠎ᠠ ᠶᠢᠨ ᠮᠦᠷᠳᠡᠭᠡᠨ ᠦᠷᠦᠭᠡᠰᠦᠯ ᠦᠵᠡᠯᠳᠡ ᠶᠤᠮ᠃ ᠨᠢᠭᠡᠨ ᠮᠠᠯᠴᠢᠨ ᠤ ᠦᠵᠡᠯ ᠪᠤᠳᠤᠯ ᠡᠨᠡ ᠳᠤᠬᠠᠢ ᠨᠠᠳᠠᠳᠤ ᠤᠴᠢᠷᠯᠠᠳᠠᠭ᠃ ᠳᠡᠷᠡ ᠰᠤᠷᠭᠠᠭᠤᠯᠢ ᠰᠤᠶᠤᠯ ᠤᠨ ᠮᠦᠷ ᠬᠦᠭᠡᠭᠡᠵᠦ ᠶᠠᠪᠤᠬᠤ ᠪᠤᠯᠤᠮᠵᠢ ᠦᠭᠡᠢ ᠨᠢᠭᠡᠨ ᠪᠠᠶᠢᠭᠰᠠᠨ ᠠᠵᠢ᠃ ᠭᠡᠬᠦ ᠳᠤ ᠪᠠᠨ ᠶᠠᠭᠤᠮ᠎ᠠ ᠶᠢ ᠰᠡᠳᠬᠢᠵᠦ ᠪᠤᠳᠤᠬᠤ᠂ ᠳᠦᠰᠦᠪᠯᠡᠵᠦ ᠳᠦᠯᠦᠪᠯᠡᠬᠦ᠂ ᠬᠢᠵᠦ ᠪᠦᠳᠦᠭᠡᠬᠦ ᠠᠯᠢ ᠠᠯᠢ ᠳᠠᠯ᠎ᠠ ᠠᠴᠠ ᠨᠢ ᠠᠪᠴᠦ ᠬᠡᠯᠡᠭᠰᠡᠨ ᠴᠦ ᠰᠤᠷᠭᠠᠭᠤᠯᠢ ᠰᠤᠶᠤᠯ ᠤᠨ ᠮᠦᠷ ᠬᠦᠭᠡᠭᠡᠵᠦ ᠶᠠᠪᠤᠭᠰᠠᠨ ᠬᠦᠮᠦᠨ ᠠᠴᠠ ᠳᠤᠳᠠᠮᠠᠷ ᠦᠭᠡᠢ᠃ ᠭᠦᠮᠦᠰ ᠳᠡᠬᠦᠨ ᠢ ᠬᠠᠷ᠎ᠠ ᠤᠬᠠᠭᠠᠨ ᠢᠶᠠᠷ ᠢᠶᠠᠨ ᠰᠤᠶᠤᠯᠵᠢᠴᠢᠬᠠᠭᠰᠠᠨ ᠭᠡᠵᠦ ᠬᠡᠯᠡᠬᠦ ᠨᠢ ᠪᠤᠷᠤᠭᠤ ᠦᠭᠡᠢ᠃ ᠴᠠᠭ ᠦᠶ᠎ᠡ ᠪᠤᠯᠭᠠᠨ ᠳᠤ ᠶᠠᠭᠤ ᠬᠡᠷᠡᠭᠳᠡᠢ ᠪᠠᠶᠢᠭ᠎ᠠ᠂ ᠨᠢᠭᠡ ᠬᠡᠷᠡᠭ ᠤᠴᠢᠷ ᠤᠨ ᠢᠷᠡᠭᠡᠳᠦᠢ ᠶᠢᠨ ᠬᠠᠨᠳᠤᠰᠢ ᠨᠢ ᠶᠠᠮᠠᠷᠬᠠᠨ ᠪᠤᠯᠬᠤ ᠪᠤᠢ ᠭᠡᠳᠡᠭ ᠢ ᠰᠠᠶᠢᠳᠦᠷ ᠳᠤᠩᠭᠠᠨ ᠪᠤᠳᠤᠵᠦ ᠳᠦᠰᠦᠪ ᠳᠦᠯᠦᠪᠯᠡᠭᠡ ᠪᠠᠨ ᠵᠦᠪ ᠬᠢᠵᠦ ᠴᠢᠳᠠᠭᠰᠠᠨ ᠢᠶᠠᠷ ᠳᠡᠬᠦᠨ ᠤ ᠠᠮᠢᠳᠤᠷᠠᠯ ᠬᠡᠵᠢᠶᠡᠳᠡ ᠦᠭᠡᠳᠡᠷᠭᠡᠭ ᠪᠠᠶᠢᠳᠠᠭ᠃ ᠳᠠᠷᠢᠬᠢ ᠨᠢ ᠬᠦᠳᠡᠯᠵᠦ ᠠᠮᠵᠢᠭᠰᠠᠨ ᠬᠦᠮᠦᠨ ᠤ ᠭᠠᠷ ᠪᠠᠶ᠎ᠠ ᠨᠢ ᠴᠦ ᠶᠠᠭᠤᠮ᠎ᠠ ᠶᠠᠭᠤᠮ᠎ᠠ ᠶᠢ ᠠᠮᠵᠢᠭᠤᠯᠴᠢᠬᠠᠭᠰᠠᠨ ᠪᠠᠶᠢᠳᠠᠭ ᠶᠤᠮ᠃ ︽ᠡᠨᠡ ᠰᠤᠷᠭᠠᠭᠤᠯᠢ ᠰᠤᠶᠤᠯ ᠤᠨ ᠮᠦᠷ ᠤᠯᠢᠭᠳᠠᠢ ᠭᠡᠳᠦᠨ ᠵᠢᠯ ᠬᠦᠭᠡᠭᠡᠭᠰᠡᠨ ᠦᠭᠡᠢ ᠪᠠᠶᠢᠵᠦ ᠶᠠᠭᠤᠮ᠎ᠠ ᠶᠠᠭᠤᠮ᠎ᠠ ᠶᠢ ᠴᠢᠳᠠᠨ᠎ᠠ ᠰᠢᠤ︾ ᠭᠡᠵᠦ ᠨᠤᠲᠤᠭ ᠤᠨ ᠬᠢᠨᠢ ᠬᠦᠮᠦᠰ ᠱᠠᠭᠰᠢᠨ ᠮᠠᠭᠳᠠᠳᠠᠭ᠃ ᠲᠡᠷᠡ ᠶᠠᠭᠤᠮ᠎ᠠ ᠪᠤᠯᠭᠠᠨ ᠢ ᠬᠢᠵᠦ ᠴᠢᠳᠠᠭᠰᠠᠨ ᠢᠶᠠᠷ ᠢᠶᠠᠨ ᠰᠤᠶᠤᠯ ᠲᠠᠢ ᠪᠤᠯᠵᠦ ᠬᠠᠷᠠᠭᠳᠠᠳᠠᠭ᠃     ᠨᠤᠲᠤᠭ ᠤᠨ ᠠᠬᠠᠮᠠᠳ ᠨᠠᠰᠤᠳᠠᠳ ᠬᠠᠷ᠎ᠠ ᠤᠬᠠᠭᠠᠨ ᠢᠶᠠᠷ ᠢᠶᠠᠨ ᠭᠡᠵᠦ ᠪᠠᠶᠢᠡᠭᠭᠤ ᠶᠠᠷᠢᠳᠠᠭ᠃ ᠬᠦᠮᠦᠨ ᠪᠤᠯᠭᠠᠨ ᠳᠤ ᠠᠳᠠᠯᠢᠬᠠᠨ ᠵᠠᠶᠠᠭᠠᠭᠰᠠᠨ ᠤᠬᠠᠭᠠᠨ ᠪᠠᠶᠢᠳᠠᠭ᠃ ᠬᠠᠷᠢᠨ ᠵᠦᠷᠢᠶ᠎ᠡ ᠨᠢ ᠤᠬᠠᠭᠠᠨ ᠢᠶᠠᠨ ᠬᠢᠷᠢ ᠵᠡᠷᠭᠡ ᠨᠡᠭᠡᠭᠡᠵᠦ ᠵᠦᠪ ᠠᠰᠢᠭᠯᠠᠭᠰᠠᠨ ᠪᠠᠶᠢᠨ᠎ᠠ ᠤᠤ ᠭᠡᠳᠡᠭ ᠲᠤ ᠪᠠᠶᠢᠳᠠᠭ ᠠᠵᠢ᠃ ᠤᠬᠠᠭᠠᠨ ᠢᠶᠠᠨ ᠵᠠᠳᠠᠯᠵᠦ ᠵᠦᠪ ᠠᠰᠢᠭᠯᠠᠪᠠᠯ ᠠᠮᠢᠳᠤᠷᠠᠯ ᠳᠤᠮᠳᠠ ᠴᠦ ᠰᠤᠷᠴᠦ ᠪᠤᠯᠬᠤ ᠵᠦᠢᠯ ᠵᠦᠡᠭᠳᠡᠭᠡᠨ ᠪᠠᠶᠢᠳᠠᠭ᠃ ᠬᠦᠮᠦᠨ ᠤ ᠨᠢᠭᠡ ᠨᠠᠰᠤ ᠡᠬᠦᠷᠢᠳᠡ ᠶᠢᠨ ᠰᠤᠷᠤᠯᠴᠠᠭᠠᠨ ᠳᠤᠮᠳᠠ ᠪᠠᠶᠢᠬᠤ ᠤᠴᠢᠷᠳᠠᠢ᠃ ᠬᠠᠷᠢᠨ ᠰᠤᠷᠭᠠᠭᠤᠯᠢ ᠶᠢᠨ ᠵᠠᠮ ᠢ ᠬᠦᠭᠡᠭᠡᠪᠡᠯ ᠰᠠᠶ᠋ᠢ ᠰᠤᠶᠤᠯ ᠲᠠᠢ ᠳᠤ ᠳᠤᠭᠠᠴᠢᠭᠳᠠᠵᠦ᠂ ᠰᠤᠷᠭᠠᠭᠤᠯᠢ ᠰᠤᠶᠤᠯ ᠤᠨ ᠮᠦᠷ ᠬᠦᠭᠡᠭᠡ ᠦᠭᠡᠢ ᠨᠢ ᠰᠤᠶᠤᠯ ᠦᠭᠡᠢ ᠬᠡᠮᠡᠳᠡᠭ ᠤᠬᠠᠭᠳᠠᠬᠤᠨ ᠪᠠᠶᠢᠳᠠᠭ ᠦᠭᠡᠢ᠃ ᠰᠤᠶᠤᠯ ᠤᠨ ᠳᠡᠯᠭᠡᠷᠡᠩᠭᠦᠢ ᠠᠭᠤᠯᠭ᠎ᠠ ᠨᠢ ᠤᠯᠠᠨ ᠳᠠᠯ᠎ᠠ ᠶᠢ ᠪᠠᠭᠳᠠᠭᠠᠭᠰᠠᠨ ᠪᠠᠶᠢᠳᠠᠭ᠃ ᠳᠡᠶᠢᠮᠦ ᠪᠠᠷ ᠰᠤᠷᠭᠠᠭᠤᠯᠢ ᠰᠤᠶᠤᠯ ᠤᠨ ᠵᠠᠮ ᠬᠦᠭᠡᠭᠡᠵᠦ ᠡᠵᠡᠮᠰᠢᠬᠦ ᠰᠤᠶᠤᠯ ᠮᠡᠳᠡᠯᠭᠡ ᠪᠤᠯ ᠡᠬᠦᠨ ᠤ ᠵᠦᠪᠭᠡᠨ ᠨᠢᠭᠡ ᠳᠠᠯ᠎ᠠ ᠨᠢ᠂ ᠨᠡᠶᠢᠭᠡᠮ ᠳᠡᠭᠡᠷ᠎ᠡ ᠠᠮᠢᠳᠤᠷᠠᠯ ᠳᠤᠮᠳᠠ ᠪᠠᠨ ᠰᠤᠪᠢᠵᠦ ᠰᠡᠳᠬᠢᠵᠦ ᠤᠯᠠᠨ ᠵᠦᠢᠯ ᠢ ᠰᠤᠷᠴᠦ ᠶᠠᠪᠤᠬᠤ ᠨᠢ ᠴᠦ ᠰᠤᠶᠤᠯᠵᠢᠬᠤ ᠶᠢᠨ ᠨᠢᠭᠡ ᠳᠠᠯ᠎ᠠ ᠶᠤᠮ᠃ ᠮᠠᠨ ᠤ ᠬᠦᠳᠡᠭᠡ ᠨᠤᠲᠤᠭ ᠲᠤ ᠬᠠᠷ᠎ᠠ ᠤᠬᠠᠭᠠᠨ ᠢᠶᠠᠷ ᠢᠶᠠᠨ ᠤᠯᠠᠨ ᠶᠠᠭᠤᠮ᠎ᠠ ᠶᠢ ᠬᠢᠵᠦ ᠪᠦᠳᠦᠭᠡᠴᠢᠭᠡᠭᠰᠡᠨ ᠬᠦᠮᠦᠰ ᠪᠠᠶᠢᠳᠠᠭ᠃ ᠳᠡᠳᠡᠨ ᠢ ᠰᠤᠶᠤᠯ ᠦᠭᠡᠢ ᠪᠠᠯᠠᠢ ᠭᠡᠵᠦ ᠦᠨᠡᠯᠡᠬᠦ ᠰᠢᠯᠳᠠᠭᠠᠨ ᠯᠠᠪ ᠪᠠᠶᠢᠬᠤ ᠦᠭᠡᠢ᠃ ᠵᠦᠪᠭᠡᠨ ᠬᠦᠮᠦᠨ ᠬᠦᠮᠦᠨ ᠤ ᠰᠤᠶᠤᠯ ᠪᠤᠯᠪᠠᠰᠤᠷᠠᠯ ᠢ ᠡᠵᠡᠮᠰᠢᠬᠦ ᠵᠠᠮ ᠨᠢ ᠤᠨᠳᠤᠤ᠂ ᠡᠵᠡᠮᠰᠢᠭᠰᠡᠨ ᠬᠡᠮᠵᠢᠶ᠎ᠡ ᠨᠢ ᠤᠨᠳᠤᠤ᠂ ᠠᠮᠢᠳᠤᠷᠠᠯ ᠳᠤᠮᠳᠠ ᠪᠠᠨ ᠡᠵᠡᠮᠰᠢᠭᠰᠡᠨ ᠢᠶᠠᠨ ᠠᠰᠢᠭᠯᠠᠵᠦ ᠪᠠᠶᠢᠬᠤ ᠪᠠᠶᠢᠳᠠᠯ ᠨᠢ ᠴᠦ ᠤᠨᠳᠤᠤ ᠪᠠᠶᠢᠳᠠᠭ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号