ᠤᠶᠤᠨᠴᠢᠯᠠᠭᠰᠠᠨ ᠴᠠᠭ ᠦᠶ᠎ᠠ ᠳᠤ ᠨᠠᠰᠤᠳᠠᠶᠢᠴᠤᠳ ᠢᠶᠠᠨ ᠢᠯᠡᠭᠦᠭᠡᠨ ᠬᠠᠯᠠᠮᠵᠢᠯᠠᠵᠤ ᠪᠠᠶᠢᠶ᠎ᠡ
ᠨᠡᠶᠢᠲᠡᠯᠡᠭᠰᠡᠨ ᠴᠠᠭ᠄
2021/1/4
    ᠤᠶᠤᠨᠴᠢᠯᠠᠭᠰᠠᠨ ᠭᠠᠷ ᠤᠳᠠᠰᠤ ᠭᠠᠵᠠᠷ ᠠᠪᠤᠭᠰᠠᠨ ᠦᠨᠦᠳᠦᠷ ᠭᠠᠷ ᠤᠳᠠᠰᠤ ᠨᠢ ᠭᠠᠭᠴᠠ ᠬᠠᠷᠢᠯᠴᠠᠨ ᠤᠳᠠᠰᠤᠳᠠᠵᠦ ᠤᠬᠤᠷ ᠴᠢᠮᠡᠭᠡ ᠶᠠᠪᠤᠭᠤᠯᠬᠤ ᠦᠢᠯᠡᠳᠦᠯ ᠠᠴᠠ ᠪᠠᠨ ᠢᠯᠡᠭᠦᠦ ᠤᠳᠤ ᠪᠤᠯᠬᠤ ᠳᠤ ᠤᠯᠠᠨ ᠵᠦᠢᠯ ᠤᠨ ᠰᠤᠷᠠᠭ ᠵᠠᠩᠭᠢ ᠦᠵᠡᠭᠦ᠂ ᠬᠤᠳᠠᠯᠳᠤᠭ᠎ᠠ ᠲᠡᠯᠭᠡᠭᠦᠷ ᠲᠤ ᠲᠤᠭᠠᠴᠠᠭ᠎ᠠ ᠬᠢᠭᠦ᠂ ᠪᠠᠩᠭᠢ ᠳᠤ ᠭᠦᠷᠭᠦ ᠦᠭᠡᠢ ᠪᠠᠷ ᠮᠦᠡᠭᠭᠦᠨ ᠭᠦᠢᠯᠭᠡᠭᠡᠨ ᠤ ᠶᠠᠪᠤᠳᠠᠯ ᠭᠦᠢᠴᠡᠳᠭᠡᠭᠦ ᠵᠡᠷᠭᠡ ᠠᠴᠠ ᠭᠠᠳᠠᠨ᠎ᠠ ᠺᠢᠨᠤ᠋ ᠲᠧᠯᠸᠢᠰ ᠢ ᠴᠦ ᠭᠠᠷ ᠤᠳᠠᠰᠤ ᠠᠴᠠ ᠪᠠᠨ ᠰᠤᠨᠢᠷᠬᠠᠬᠤ ᠪᠤᠯᠤᠭᠰᠠᠨ ᠪᠠᠶᠢᠨ᠎ᠠ᠃ ᠨᠡᠩ ᠢᠯᠠᠩᠭᠤᠶ᠎ᠠ ᠬᠢᠵᠢᠭ ᠤᠨ ᠪᠠᠶᠢᠳᠠᠯ ᠠᠴᠠ ᠬᠤᠶᠢᠰᠢ ᠡᠮᠨᠡᠯᠭᠡ ᠶᠢᠨ ᠬᠤᠷᠢᠶ᠎ᠠ ᠵᠡᠷᠭᠡ ᠤᠯᠠᠨ ᠨᠡᠶᠢᠳᠡ ᠶᠢᠨ ᠭᠠᠵᠠᠷ ᠤᠴᠢᠬᠤ ᠳᠤ ᠭᠦᠮᠦᠰ ᠵᠠᠪᠠᠯ ᠡᠷᠡᠭᠦᠯ ᠮᠡᠨᠳᠦ ᠶᠢᠨ ᠺᠤᠳ᠋ ᠢᠶᠠᠨ ᠭᠠᠷ ᠤᠳᠠᠰᠤᠨ ᠲᠡᠭᠡᠷ᠎ᠠ ᠪᠠᠨ ᠭᠠᠷᠭᠠᠵᠦ ᠦᠵᠡᠭᠦᠯᠭᠦ ᠪᠤᠯᠤᠭᠰᠠᠨ ᠲᠤᠯᠠ ᠤᠳᠤ ᠶᠢᠨ ᠨᠡᠶᠢᠭᠡᠮ ᠳᠤ ᠭᠦᠮᠦᠨ ᠪᠦᠷᠢ ᠤᠶᠤᠨᠴᠢᠯᠠᠭᠰᠠᠨ ᠭᠠᠷ ᠤᠳᠠᠰᠤ ᠭᠡᠷᠡᠭᠯᠡᠭᠦ ᠴᠢᠬᠤᠯᠠ ᠲᠠᠢ ᠪᠤᠯᠤᠭᠰᠠᠨ ᠪᠠᠶᠢᠨ᠎ᠠ᠃     ᠡᠭᠦᠨ ᠠᠴᠠ ᠦᠵᠡᠭᠦ ᠳᠤ ᠤᠶᠤᠨᠴᠢᠯᠠᠭᠰᠠᠨ ᠭᠠᠷ ᠤᠳᠠᠰᠤᠨ ᠲᠡᠭᠡᠷ᠎ᠠ ᠤᠯᠠᠨ ᠵᠦᠢᠯ ᠢ ᠪᠡᠶᠡᠯᠡᠭᠦᠯᠭᠦ ᠪᠤᠯᠤᠭᠰᠠᠨ ᠨᠢ ᠭᠦᠮᠦᠰ ᠤᠨ ᠠᠮᠢᠳᠤᠷᠠᠯ ᠳᠤ ᠤᠯᠠᠨ ᠲᠠᠯ᠎ᠠ ᠳᠤ ᠲᠦᠭᠦᠮ ᠦᠵᠡᠬᠦᠯᠬᠦ ᠪᠤᠯᠤᠬᠰᠠᠨ ᠪᠠᠶᠢᠨ᠎ᠠ᠃ ᠭᠡᠪᠡᠴᠥ ᠨᠢᠭᠡ ᠪᠦᠯᠦᠭ ᠨᠠᠰᠤ ᠠᠬᠢᠭᠰᠠᠨ ᠭᠦᠮᠦᠰ ᠤᠶᠤᠨᠴᠢᠯᠠᠭᠰᠠᠨ ᠭᠠᠷ ᠤᠳᠠᠰᠤᠨ ᠤ ᠪᠠᠨ ᠤᠯᠠᠨ ᠠᠷᠪᠢᠨ ᠦᠢᠯᠡᠳᠦᠯ ᠴᠢᠳᠠᠪᠬᠢ ᠶᠢ ᠨᠢ ᠮᠡᠳᠡᠭᠦ ᠦᠭᠡᠢ ᠤᠴᠢᠷ ᠠᠴᠠ ᠵᠠᠷᠢᠮ ᠭᠠᠷ ᠤᠳᠠᠰᠤ ᠪᠠᠷ ᠭᠦᠢᠴᠡᠳᠭᠡᠭᠦ ᠴᠢᠬᠤᠯᠠ ᠲᠠᠢ ᠵᠦᠢᠯᠡᠰ ᠢ ᠤᠷᠤᠯᠳᠤᠵᠦ ᠴᠢᠳᠠᠬᠤ ᠦᠭᠡᠢ ᠭᠠᠴᠢᠭᠳᠠᠬᠤ ᠦᠵᠡᠭᠳᠡᠯ ᠭᠠᠷᠴᠦ ᠪᠠᠶᠢᠨ᠎ᠠ᠃     ᠨᠢᠭᠡ ᠤᠳᠠᠭ᠎ᠠ ᠨᠡᠶᠢᠭᠡᠮ ᠲᠤᠭᠤᠷᠢᠭ ᠤᠨ ᠡᠮᠨᠡᠯᠭᠡ ᠶᠢᠨ ᠬᠤᠷᠢᠶ᠎ᠠ ᠶᠢᠨ ᠡᠭᠦᠳᠡᠨ ᠳᠤ ᠨᠢᠭᠡᠨ ᠨᠠᠰᠤᠳᠠᠨ ᠭᠠᠷ ᠤᠳᠠᠰᠤᠨ ᠲᠡᠭᠡᠷ᠎ᠠ ᠪᠠᠨ ᠡᠷᠡᠭᠦᠯ ᠬᠠᠮᠠᠭᠠᠯᠠᠯ ᠤᠨ ᠺᠤᠳ᠋ ᠢᠶᠠᠨ ᠭᠠᠷᠭᠠᠵᠦ ᠴᠢᠳᠠᠬᠤ ᠦᠭᠡᠢ ᠭᠠᠴᠢᠭᠳᠠᠵᠦ ᠰᠠᠨᠳᠤᠷᠬᠤ ᠳᠤ ᠨᠢᠭᠡᠨ ᠰᠠᠶᠢᠨ ᠰᠡᠳᠬᠢᠯᠳᠦ ᠭᠦᠮᠦᠨ ᠨᠠᠰᠤᠳᠠᠨ ᠤ ᠭᠠᠷ ᠤᠳᠠᠰᠤᠨ ᠲᠡᠭᠡᠷ᠎ᠠ ᠡᠷᠡᠭᠦᠯ ᠬᠠᠮᠠᠭᠠᠯᠠᠯ ᠤᠨ ᠺᠤᠳ᠋ ᠢ ᠨᠢ ᠭᠠᠷᠭᠠᠠ ᠦᠭᠭᠦ ᠳᠤ ᠨᠠᠰᠤᠳᠠᠨ ᠲᠡᠭᠦᠨ ᠳᠤ ᠲᠠᠯᠠᠷᠬᠠᠨ ᠭᠡᠯᠡᠭᠦ ᠳᠤ ᠪᠠᠨ ︽ᠪᠢᠳᠡ ᠰᠢᠭ ᠨᠠᠰᠤ ᠠᠬᠢᠭᠰᠠᠨ ᠭᠦᠮᠦᠨ ᠭᠠᠷ ᠤᠳᠠᠰᠤ ᠡᠨᠡ ᠲᠡᠷᠡ ᠶᠢ ᠴᠢᠨᠢ ᠰᠠᠶᠢᠨ ᠤᠷᠤᠯᠳᠤᠵᠦ ᠴᠢᠳᠠᠬᠤ ᠦᠭᠡᠢ᠂ ᠭᠠᠭᠴᠠᠭᠠᠷ ᠢᠶᠠᠨ ᠪᠠᠶᠢᠬᠤ ᠴᠠᠭ ᠲᠤ ᠡᠨᠡ ᠴᠢᠨᠢ ᠬᠠᠮᠢᠭ᠎ᠠ ᠴᠦ ᠤᠴᠢᠵᠦ ᠴᠢᠳᠠᠬᠤ ᠦᠭᠡᠢ ᠭᠡᠮᠵᠢᠶᠡᠨ ᠳᠤ ᠭᠦᠷᠴᠦ ᠪᠠᠶᠢᠨ᠎ᠠ ᠰᠢᠦ︾ ᠭᠡᠵᠦ ᠠᠷᠭ᠎ᠠ ᠪᠠᠷᠠᠭᠳᠠᠭᠰᠠᠨ ᠮᠠᠶ᠋ᠢᠭ ᠲᠠᠢ ᠶᠠᠷᠢᠨ᠎ᠠ᠃     ᠡᠩ ᠤᠨ ᠪᠠᠶᠢᠳᠠᠯ ᠳᠤ ᠵᠠᠷᠢᠮ ᠨᠠᠰᠤᠳᠠᠶᠢᠴᠤᠳ ᠭᠠᠷ ᠤᠳᠠᠰᠤᠨ ᠤ ᠪᠠᠨ ᠤᠯᠠᠨ ᠤᠢᠢᠯᠡᠳᠤᠯ ᠴᠢᠳᠠᠪᠬᠢ ᠶᠢ ᠤᠢᠢᠯᠠᠭᠠᠬᠤ ᠦᠭᠡᠢ ᠭᠡᠦᠭᠡᠳ ᠲᠡᠭᠦᠤᠨᠠᠷ ᠠᠴᠠ ᠪᠠᠨ ᠠᠰᠠᠭᠤᠬᠤ ᠦᠶ᠎ᠠ ᠳᠤ ᠵᠠᠷᠢᠮ ᠨᠢ ᠠᠯᠪᠠ ᠬᠠᠰᠢᠵᠦ ᠶᠡᠭᠡ ᠲᠦᠯᠦᠪ ᠭᠡᠯᠡᠵᠦ ᠲᠤᠬᠢᠭᠠᠳ᠂ ᠤᠬᠠᠭᠠᠨ ᠢ ᠨᠢ ᠤᠢᠢᠯᠠᠭᠠᠭᠰᠠᠨ ᠡᠰᠡᠭᠦ ᠶᠢ ᠨᠢ ᠬᠠᠶᠢᠬᠤᠷᠬᠤ ᠦᠭᠡᠢ ᠪᠠᠶᠢᠵᠦ᠂ ᠢᠯᠡᠭᠦᠦ ᠬᠤᠶᠠᠷ ᠠᠰᠠᠭᠤᠪᠠᠯ ᠠᠭᠤᠷ ᠤᠴᠠᠭᠠᠷ ᠨᠢ ᠭᠦᠷᠭᠦ ᠦᠵᠡᠭᠳᠡᠯ ᠭᠠᠷᠳᠠᠭ᠃ ᠨᠠᠰᠤ ᠠᠬᠢᠭᠰᠠᠨ ᠭᠦᠮᠦᠰ ᠵᠠᠯᠠᠭᠤᠴᠤᠳ ᠲᠠᠢ ᠠᠳᠠᠯᠢ ᠰᠢᠨ᠎ᠠ ᠶᠠᠭᠤᠮᠠᠨ ᠤ ᠤᠬᠠᠭᠠᠨ ᠢ ᠨᠢ ᠲᠠᠷᠦ᠋ᠢᠬᠠᠨ ᠤᠢᠢᠯᠠᠭᠠᠵᠥ ᠭᠦᠯᠢᠶᠡᠨ ᠠᠪᠬᠤ ᠬᠤᠷᠳᠤᠴᠠ ᠨᠢ ᠬᠠᠷᠢᠴᠠᠩᠭᠤᠢ ᠤᠳᠠᠭᠠᠨ ᠪᠠᠶᠢᠳᠠᠭ᠃ ᠡᠨᠡ ᠦᠶᠡᠰ ᠵᠠᠯᠠᠭᠤᠴᠤᠳ ᠵᠢᠭᠠᠬᠠᠨ ᠴᠠᠭ ᠭᠠᠷᠭᠠᠵᠦ ᠲᠡᠳᠡᠨ ᠳᠤ ᠨᠠᠷᠢᠨ ᠲᠠᠶᠢᠯᠪᠤᠷᠢᠯᠠᠵᠦ ᠨᠢᠮᠪᠠᠢ ᠭᠡᠯᠡᠵᠦ ᠦᠭᠪᠡᠯ ᠲᠡᠳᠡ ᠤᠢᠢᠯᠠᠭᠠᠵᠥ ᠮᠡᠳᠡᠴᠢᠭᠡᠬᠦ ᠮᠦᠷᠳᠡᠭᠡᠨ ᠪᠠᠶᠠᠷᠯᠠᠴᠢᠬᠠᠬᠤ ᠶᠤᠮ᠃ ᠭᠡᠨ ᠭᠦᠮᠦᠨ ᠴᠦ ᠨᠠᠰᠤ ᠠᠬᠢᠬᠤ ᠨᠢᠭᠡᠨ ᠡᠳᠦᠷ ᠪᠤᠢ ᠲᠤᠯᠠ ᠨᠠᠰᠤᠳᠠᠶᠢᠴᠤᠳ ᠢᠶᠠᠨ ᠢᠯᠡᠭᠦᠭᠡᠨ ᠬᠠᠯᠠᠮᠵᠢᠯᠠᠵᠦ᠂ ᠲᠡᠳᠡᠨ ᠢ ᠪᠠᠨ ᠪᠠᠶᠠᠷᠯᠠᠭᠤᠯᠵᠦ ᠪᠠᠶᠢᠪᠠᠯ ᠭᠡᠦᠭᠡᠳ ᠲᠡᠭᠦᠤᠨᠡᠷ ᠲᠤ ᠪᠠᠨ ᠰᠠᠶᠢᠨ ᠰᠠᠶᠢᠬᠠᠨ ᠲᠠᠭᠤᠷᠢᠶᠠᠯ ᠪᠤᠯᠵᠦ ᠴᠢᠳᠠᠬᠤ ᠶᠤᠮ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号