ᠤᠬᠠᠭᠠᠨ ᠤ ᠤᠷ᠎ᠠ ᠠᠴᠠ ᠠᠮᠢᠲᠤᠷᠠᠯ ᠤᠨ ᠰᠠᠶᠢᠬᠠᠨ
ᠨᠡᠶᠢᠲᠡᠯᠡᠭᠰᠡᠨ ᠴᠠᠭ᠄
2020/12/18
    ᠲᠠᠪᠤᠨ ᠬᠤᠰᠢᠭᠤ ᠮᠠᠯ ᠤᠨ ᠠᠰᠢᠭ ᠰᠢᠮ᠎ᠡ ᠲᠠᠩᠰᠤᠭ ᠪᠠᠶᠠᠨ ᠪᠠᠶᠢᠵᠥ᠂ ᠮᠠᠯᠴᠢᠳ ᠮᠠᠨᠢ ᠰᠥ ᠮᠢᠬ᠎ᠠ ᠶᠢ ᠨᠢ ᠰᠢᠮᠡᠲᠤ ᠢᠳᠡᠭᠡᠨ ᠪᠤᠯᠭᠠᠵᠤ ᠴᠢᠳᠠᠭᠰᠠᠨ ᠢᠶᠠᠷ ᠪᠠᠷᠠᠬᠤ ᠦᠬᠡᠢ᠂ ᠤᠷ᠎ᠠ ᠮᠡᠷᠭᠡᠵᠢᠯ ᠤᠷᠠᠯᠢᠭ ᠰᠡᠳᠬᠢᠬᠦᠢ ᠪᠠᠷ ᠢᠶᠠᠨ ᠠᠷᠠᠰᠤ᠂ ᠨᠤᠤᠰᠤ᠂ ᠳᠡᠯ᠂ ᠰᠡᠭᠦᠯ᠂ ᠶᠠᠰᠤ ᠬᠡᠬᠦᠴᠢᠯᠡᠨ ᠪᠤᠰᠤᠳ ᠠᠰᠢᠭ ᠰᠢᠮ᠎ᠠ ᠶᠢ ᠴᠥ ᠠᠮᠢᠳᠤᠷᠠᠯ ᠦᠢᠯᠡᠳᠪᠦᠷᠢᠯᠡᠯ ᠲᠤᠮᠲᠠ ᠪᠠᠨ ᠠᠰᠢᠬᠯᠠᠵᠥ ᠢᠷᠡᠪᠠ᠃ ᠨᠡᠩ ᠢᠯᠠᠩᠭᠤᠶ᠎ᠠ ᠰᠤᠷᠠᠭ ᠴᠢᠮᠡᠭᠡ᠂ ᠲᠧᠭᠨᠢᠭ ᠮᠡᠷᠭᠡᠵᠢᠯ ᠬᠥᠭᠵᠢᠭᠰᠡᠨ ᠥᠨᠥᠲᠤᠷ ᠮᠠᠯᠴᠢᠳ ᠮᠠᠨᠢ ᠮᠡᠳᠡᠯᠭᠡ ᠮᠡᠷᠭᠡᠵᠢᠯ ᠰᠤᠷᠴᠤ ᠡᠵᠡᠮᠰᠢᠨ᠂ ᠮᠠᠯ ᠤᠨ ᠠᠰᠢᠭ ᠰᠢᠮ᠎ᠠ ᠶᠢ ᠤᠯᠠᠨ ᠲᠠᠯ᠎ᠠ ᠪᠠᠷ ᠨᠠᠷᠢᠯᠢᠭᠵᠢᠭᠤᠯᠤᠨ ᠡᠳ᠋ᠰᠢᠬᠦᠯᠵᠥ᠂ ᠠᠵᠤ ᠠᠬᠤᠢ ᠶᠢᠨ ᠤᠷᠤᠯᠭ᠎ᠠ ᠪᠠᠨ ᠨᠡᠮᠡᠭᠲᠡᠬᠦᠯᠬᠦ ᠪᠤᠯᠵᠠᠢ᠃ ᠨᠠᠷᠠᠨᠴᠡᠴᠡᠭ ᠪᠤᠯ ᠡᠬᠦᠨ ᠤ ᠨᠢᠭᠡ ᠵᠢᠱᠢᠶ᠎ᠠ  ᠶᠣᠮ᠃     ᠶᠡᠷᠥᠨᠢ ᠤᠢᠢᠷ᠎ᠠ ᠶᠢᠨ ᠵᠢᠯ ᠢᠶᠠᠷ ᠮᠠᠯᠴᠢᠳ ᠬᠤᠨᠢᠨ ᠤ ᠰᠡᠬᠦᠯ ᠤᠨ ᠥᠭᠡᠬᠦᠨ ᠰᠠᠪᠤᠡᠭ᠂ ᠴᠢᠨᠠᠭᠰᠢᠯᠠᠨ ᠠᠷᠭᠠᠯ ᠤᠨ ᠬᠥᠵᠢ ᠵᠡᠷᠭᠡ ᠰᠢᠨ᠎ᠠ ᠪᠥᠲᠥᠭᠡᠭᠲᠡᠬᠦᠨ ᠥᠢᠯᠡᠳᠴᠥ᠂ ᠠᠰᠢᠭᠯᠠᠵᠥ ᠴᠢᠲᠠᠬᠤ ᠥᠭᠡᠢ ᠠᠴᠠ ᠬᠠᠶᠠᠭᠲᠠᠮᠠᠯ ᠪᠤᠯᠵᠥ ᠪᠠᠶᠢᠭᠰᠠᠨ ᠵᠥᠢᠯ ᠲᠠᠬᠢᠨ ᠡᠷᠲᠡᠨᠢ ᠪᠤᠯᠤᠨ ᠬᠤᠪᠢᠷᠠᠵᠥ᠂ ᠠᠵᠤ ᠠᠬᠤᠢ᠂ ᠠᠮᠢ ᠠᠬᠤᠢ ᠵᠡᠷᠭᠡ ᠤᠯᠠᠨ ᠲᠠᠯ᠎ᠠ ᠶᠢᠨ ᠥᠷ᠎ᠠ ᠠᠰᠢᠭ ᠡᠬᠦᠳᠴᠥ ᠪᠠᠶᠢᠭ᠎ᠠ ᠰᠠᠶᠢᠬᠠᠨ ᠠᠵᠢᠯᠯᠠᠭ᠎ᠠ ᠵᠠᠯᠭᠠᠭ᠎ᠠ ᠢᠯᠡᠷᠡᠵᠥ ᠪᠠᠶᠢᠨ᠎ᠠ᠃ ᠡᠨᠡ ᠨᠢ ᠮᠠᠯᠴᠢᠳ ᠤᠨ ᠥᠵᠡᠯᠲᠡ ᠲᠠᠨᠢᠯᠲᠠ ᠶᠢᠨ ᠰᠢᠨᠡᠴᠢᠯᠡᠯᠲᠠ᠂ ᠠᠮᠢᠲᠤᠷᠠᠯ ᠠᠬᠤᠢ ᠪᠠᠨ ᠲᠤᠲᠤᠮᠲᠠᠬᠤ ᠤᠬᠠᠭᠠᠨ ᠤ ᠲᠡᠭᠡᠭᠰᠢᠯᠡᠯᠲᠡ ᠶᠢᠨ ᠢᠯᠡᠷᠡᠯ᠂ ᠥᠷ᠎ᠠ ᠳ᠋ᠥᠡᠭ ᠮᠥᠨ᠃ ᠠᠵᠤ ᠠᠬᠤᠢ ᠬᠥᠭᠵᠢᠵᠥ᠂ ᠠᠷᠠᠳ ᠤᠯᠠᠨ ᠤ ᠠᠮᠢᠲᠤᠷᠠᠯ ᠤᠨ ᠲᠥᠪᠰᠢᠨ ᠨᠡᠶᠢᠲᠡᠮ ᠲᠡᠭᠡᠭᠰᠢᠯᠡᠭᠰᠡᠨ ᠥᠨᠥᠲᠤᠷ ᠮᠠᠯᠴᠢᠳ ᠲᠤ ᠮᠠᠯ ᠤᠨ ᠠᠰᠢᠭ ᠰᠢᠮ᠎ᠠ ᠶᠢ ᠨᠠᠷᠢᠯᠢᠬᠵᠢᠭᠤᠯᠤᠨ ᠠᠰᠢᠭᠯᠠᠬᠤ ᠱᠠᠭᠠᠷᠲᠠᠯᠭ᠎ᠠ ᠪᠠᠶᠢᠬᠤ ᠥᠭᠡᠢ ᠴᠥ ᠪᠤᠯᠬᠤ ᠶᠤᠮ᠃ ᠬᠡᠪᠡᠴᠥ ᠨᠠᠷᠠᠨᠴᠡᠴᠡᠭ ᠮᠡᠲᠥ ᠥᠷᠬᠦᠯᠵᠢ ᠰᠢᠨ᠎ᠠ ᠶᠢ ᠰᠡᠳᠬᠢᠵᠥ᠂ ᠰᠢᠨ᠎ᠠ ᠶᠢ ᠰᠤᠷᠤᠯᠴᠠᠬᠤ ᠶᠢ ᠡᠷᠬᠢᠮᠯᠡᠲᠡᠭ ᠨᠢᠭᠡ ᠪᠥᠯᠥᠭ ᠬᠥᠮᠥᠰ ᠲᠤᠰᠬᠠᠢᠢᠯᠠᠨ ᠪᠤᠯᠪᠠᠰᠤᠷᠠᠯ ᠰᠤᠷᠤᠯᠴᠠᠯᠭ᠎ᠠ ᠳᠤ ᠤᠷᠤᠯᠴᠠᠨ ᠮᠡᠲᠡᠯᠭᠡ ᠮᠡᠷᠭᠡᠵᠢᠯ ᠰᠤᠷᠴᠥ᠂ ᠥᠢᠯᠡᠲᠥᠯᠭᠡ ᠲᠤᠮᠲᠠ ᠥᠪᠡᠷ ᠤᠨ ᠴᠢᠲᠠᠪᠤᠷᠢ ᠪᠤᠯᠭᠠᠨ ᠡᠵᠡᠮᠰᠢᠵᠥ᠂ ᠠᠮᠢᠲᠤᠷᠠᠯ ᠠᠬᠤᠢ ᠳᠤ ᠪᠠᠨ ᠥᠢᠯᠡᠴᠢᠯᠡᠬᠦᠯᠵᠥ ᠪᠠᠶᠢᠭ᠎ᠠ ᠶᠤᠮ᠃ ᠡᠨᠡ ᠨᠢ ᠶᠠᠲᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠪᠠ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠵᠥ ᠪᠠᠶᠢᠭ᠎ᠠ ᠥᠶ᠎ᠠ ᠳᠤ ᠬᠦᠮᠤᠰ ᠲᠤ ᠶᠠᠭᠤ ᠨᠢᠭᠡ ᠶᠢ ᠰᠡᠳᠬᠢᠬᠦᠯᠤᠨ᠎ᠡ᠃ ᠬᠥᠴᠢᠷᠲᠡᠯᠲᠡᠢ ᠥᠶ᠎ᠠ ᠳᠤ ᠭᠠᠲᠠᠨ᠎ᠠ ᠲᠠᠯ᠎ᠠ ᠶᠢᠨ ᠲᠤᠰᠠᠯᠠᠮᠵᠢ ᠲᠡᠮᠵᠢᠯᠭᠡ ᠵᠤᠬᠢᠬᠤ ᠬᠡᠮᠵᠢᠶᠡᠨ ᠳᠤ ᠴᠢᠬᠤᠯᠠᠲᠠᠢ ᠪᠤᠯᠪᠠᠴᠥ ᠰᠢᠢᠳᠪᠤᠷᠢᠯᠡᠭᠴᠢ ᠴᠢᠨᠠᠷᠲᠠᠢ ᠬᠥᠲᠡᠯᠭᠡᠬᠦ ᠬᠥᠴᠥᠨ ᠨᠢ ᠬᠠᠰᠢᠯᠠ ᠥᠪᠡᠷ ᠤᠨ ᠪᠡᠶ᠎ᠠ ᠳᠤ ᠪᠠᠶᠢᠵᠥ᠂ ᠪᠢᠲᠠᠨ ᠳᠤ ᠰᠡᠳᠬᠢᠬᠦ ᠴᠢᠲᠠᠪᠤᠷᠢ᠂ ᠠᠵᠢᠭᠯᠠᠬᠤ ᠴᠢᠲᠠᠪᠤᠷᠢ᠂ ᠮᠠᠭᠠᠳᠯᠠᠬᠤ ᠴᠢᠲᠠᠪᠤᠷᠢ᠂ ᠡᠬᠦᠳᠤᠨ ᠪᠦᠳᠤᠭᠡᠬᠦ ᠴᠢᠳᠠᠪᠤᠷᠢ᠂ ᠲᠡᠷᠡᠴᠢᠯᠡᠨ ᠲᠠᠰᠤᠷᠠᠯᠲᠠ ᠥᠭᠡᠢ ᠰᠤᠷᠤᠯᠴᠠᠬᠤ ᠴᠢᠲᠠᠪᠤᠷᠢ ᠪᠠᠨ ᠲᠡᠭᠡᠭᠰᠢᠯᠡᠬᠦᠯᠬᠦ ᠶᠠᠪᠤᠳᠠᠯ ᠱᠠᠭᠠᠷᠳᠠᠭᠳᠠᠨ᠎ᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号