ᠦᠨᠡᠨ ᠬᠠᠶᠢᠷ᠎ᠠ ᠳᠤ ᠦᠭᠡ ᠢᠯᠡᠭᠦᠳᠡᠨ᠎ᠡ
ᠨᠡᠶᠢᠲᠡᠯᠡᠭᠰᠡᠨ ᠴᠠᠭ᠄
2022/11/18
    ᠦᠨᠦᠳᠦᠷ ᠬᠦᠮᠦᠰ ᠦᠷᠦᠨᠡᠳᠡᠬᠢᠨ ᠪᠤᠯᠤᠨ ᠦᠪᠡᠷ ᠤᠨ ᠬᠡᠭᠦ ᠪᠠᠶᠠᠷ ᠲᠤᠷᠠᠰᠬᠠᠯ ᠲᠤᠬᠢᠶᠠᠯᠳᠤᠪᠠᠯ ᠠᠯᠳᠠᠯ ᠦᠭᠡᠢ ᠪᠤᠳᠤᠯ ᠰᠡᠳᠬᠢᠯ ᠢᠶᠠᠨ ᠢᠯᠡᠳᠭᠡᠵᠦ᠂ ᠰᠦᠯᠵᠢᠶ᠎ᠡ ᠵᠢᠷᠬᠢᠶ᠎ᠡ ᠪᠠᠷ ᠰᠠᠴᠤᠵᠦ ᠲᠡᠪᠵᠢᠶᠡᠷᠡᠳᠡᠭ ᠪᠤᠯᠪᠠ᠃ ᠶᠠᠭᠠᠬᠢᠬᠤᠪ᠂ ᠰᠠᠨᠠᠬᠰᠡᠨ ᠪᠤᠳᠤᠬᠰᠡᠨ ᠢᠶᠠᠨ ᠰᠢᠭᠤᠳ ᠳᠡᠯᠭᠡᠬᠦ ᠨᠢ ᠴᠠᠭ ᠤᠨ ᠦᠡᠭᠭᠡ᠂ ᠴᠢ ᠪᠢᠳᠡᠨ ᠳᠤ ᠤᠯᠭᠤᠬᠰᠡᠨ ᠡᠷᠭᠡ᠃ ᠲᠡᠭᠡᠬᠦ ᠳᠤ ︽ᠬᠦᠮᠦᠨ ᠦᠵᠡᠪᠡᠯ ᠬᠡᠯᠡᠵᠦ᠂ ᠮᠤᠲᠦ ᠦᠵᠡᠪᠡᠯ ᠪᠢᠴᠢᠳᠡᠭ︾ ᠪᠤᠯᠤᠬᠰᠡᠨ ᠰᠤᠷᠳᠠᠯ ᠨᠢ ᠪᠠᠰᠠ ᠴᠤᠤᠳᠠᠮᠨᠠᠵᠦ ᠳᠠᠪᠠᠭᠤᠯᠤᠬᠰᠡᠨ ᠪᠤᠯᠪᠠᠤ ᠭᠡᠬᠦ ᠲᠦᠷᠦᠭᠳᠡᠯ ᠤᠯᠭᠤᠬᠤ ᠶᠤᠮ᠃     ᠤᠴᠢᠷ ᠶᠤᠰᠦ ᠶᠢ ᠳᠡᠯᠭᠡᠵᠦ ᠮᠡᠳᠡᠮᠡᠭᠡᠶᠢᠷᠡᠬᠦ ᠪᠠᠷ ᠢᠶᠠᠨ ᠤᠷᠢᠳ ᠢᠶᠠᠷ ᠦᠯᠢᠭᠡᠷ ᠶᠠᠷᠢᠵᠦ ᠤᠯᠠᠭᠤᠯᠠ ᠪᠠᠨ ᠰᠤᠨᠢᠷᠬᠠᠶ᠎ᠡ᠃ ᠲᠦᠪ ᠲᠧᠯᠸᠢᠰ ᠤᠨ ᠡᠶᠢᠮᠦ ᠨᠢᠭᠡ ᠨᠡᠶᠢᠲᠡ ᠶᠢᠨ ᠠᠰᠠᠷᠠᠮᠵᠢ ᠶᠢᠨ ᠵᠠᠷ ᠢ ᠬᠠᠷᠠᠬᠰᠡᠨ ᠪᠦᠬᠦᠨ ᠨᠢᠭᠡ ᠪᠢᠰᠢ ᠤᠯᠠᠨ ᠤᠳᠠᠭ᠎ᠠ ᠬᠤᠭᠤᠯᠠᠢ ᠡᠷᠢᠶᠡᠨᠳᠦᠵᠦ᠂ ᠰᠤᠷᠮᠤᠤᠰᠦ ᠴᠢᠬᠢᠭᠳᠡᠭᠦᠯᠦᠭᠰᠡᠨ ᠤᠴᠢᠷ ᠲᠠᠢ᠄ ᠦᠩ ᠶᠢᠷᠲᠢᠨᠴᠦ ᠶᠢᠨ ᠵᠢᠮ᠎ᠡ ᠪᠠᠷ ᠦᠲᠡᠯᠵᠦ ᠪᠤᠭᠤᠷᠤᠯᠳᠤᠬᠰᠡᠨ ᠨᠢᠭᠡᠨ ᠡᠪᠦᠬᠡᠨ ᠡᠷᠦᠬᠡ ᠭᠡᠷ ᠪᠤᠯᠤᠨ ᠦᠷ᠎ᠡ ᠬᠡᠤᠬᠡᠳ ᠢᠶᠠᠨ ᠴᠦ ᠦᠯᠦ ᠲᠠᠨᠢᠬᠤ ᠬᠡᠮᠵᠢᠶᠡᠨ ᠳᠤ ᠬᠦᠷᠴᠦ ᠮᠤᠨᠤᠵᠦ ᠵᠦᠨᠦᠭᠰᠡᠨ ᠪᠠᠶᠢᠯ᠎ᠡ᠃ ᠭᠡᠪᠡᠴᠦ ᠦᠲᠡᠯᠵᠦ ᠮᠤᠨᠤᠬᠰᠡᠨ ᠡᠪᠦᠬᠡᠨ ᠦᠪᠡᠷ ᠢᠶᠠᠨ ᠴᠤᠬᠤᠮ ᠬᠡᠨ ᠭᠡᠳᠡᠭ ᠢᠶᠠᠨ ᠮᠠᠷᠲᠠᠬᠰᠡᠨ ᠦᠭᠡᠢ᠃ ᠬᠤᠭᠤᠯᠠᠠ ᠰᠢᠷᠡᠭᠡᠨ ᠳᠡᠭᠡᠷ᠎ᠡ ᠦᠯᠡᠳᠡᠭᠰᠡᠨ ᠬᠡᠳᠦᠨ ᠪᠠᠩᠰᠢ ᠶᠢ ᠬᠠᠷᠮᠠᠨ ᠳᠠᠭᠠᠨ ᠴᠢᠬᠢᠵᠦ ᠶᠠᠭᠠᠷᠠᠨ᠎ᠡ᠃ ᠬᠠᠵᠠᠭᠤ ᠠᠴᠠ ᠬᠠᠷᠠᠬᠰᠡᠨ ᠬᠦᠤ ᠨᠢ ᠠᠷᠭ᠎ᠠ ᠪᠠᠷᠠᠬᠳᠠᠵᠦ ᠠᠪᠤ ᠪᠠᠨ ᠢᠳᠬᠠᠵᠦ ᠬᠤᠷᠢᠬᠯᠠᠬᠤ ᠳᠤ ᠦᠨᠦ ᠡᠪᠦᠭᠡᠨ᠄ ︽ᠮᠢᠨᠦ ᠬᠦᠤ ᠪᠠᠩᠰᠢ ᠢᠳᠡᠬᠦ ᠲᠤᠷᠠᠲᠠᠢ ᠶᠤᠮ᠂ ᠡᠭᠦᠨ ᠢ ᠠᠪᠠᠴᠢᠵᠦ ᠦᠭᠭᠦᠶ᠎ᠡ ᠁︾ ᠭᠡᠵᠦ ᠶᠠᠷᠢᠬᠰᠡᠨ ᠳ᠋ᠠᠭ᠃ ᠬᠦᠭᠡᠷᠦᠬᠦᠢ ᠡᠪᠦᠭᠡᠨ ᠨᠠᠰᠦ ᠵᠢᠯ ᠢᠶᠠᠨ ᠮᠠᠷᠲᠠᠳᠠᠯ᠎ᠡ ᠮᠤᠨᠤᠵᠦ ᠦᠲᠡᠯᠦᠭᠰᠡᠨ ᠴᠦ ᠦᠷ᠎ᠡ ᠪᠠᠨ ᠭᠡᠰᠡᠨ ᠰᠡᠳᠬᠢᠯ ᠪᠤᠯᠤᠨ ᠦᠪᠡᠷ ᠤᠨ ᠢᠶᠠᠨ ᠬᠠᠷᠢᠭᠤᠴᠠᠯᠭ᠎ᠠ ᠪᠠᠨ ᠮᠠᠷᠲᠠᠬᠰᠡᠨ ᠦᠭᠡᠢ ᠠᠵᠢ᠃     ᠦᠨᠡᠨ ᠬᠠᠶᠢᠷ᠎ᠠ ᠳᠤ ᠦᠭᠡ ᠢᠯᠡᠭᠦᠳᠡᠨ᠎ᠡ᠃ ︽ ᠬᠠᠶᠢᠷ᠎ᠠ︾ ᠭᠡᠵᠦ ᠠᠮᠠᠨ ᠳᠡᠭᠡᠷ᠎ᠡ ᠪᠠᠨ ᠯᠡ ᠶᠠᠷᠢᠳᠠᠭ ᠪᠢᠰᠢ ᠂ ᠬᠠᠷᠢᠨ ᠠᠮᠢᠳᠤᠷᠠᠯ ᠤᠨ ᠵᠢᠵᠢᠭ ᠰᠠᠵᠢᠭ ᠵᠦᠢᠯᠡᠰ ᠲᠤ ᠨᠡᠪᠴᠢᠵᠦ᠂ ᠠᠵᠢᠯᠯᠠᠭ᠎ᠠ ᠳᠡᠭᠡᠷ᠎ᠡ ᠢᠯᠡᠷᠡᠳᠡᠭ ᠭᠡᠰᠡᠨ ᠢ ᠡᠨᠡ ᠦᠯᠢᠭᠡᠷ ᠪᠢᠳᠡᠨ ᠳᠤ ᠦᠭᠦᠯᠡᠬᠦ ᠶᠤᠮ᠃ ᠨᠡᠭᠡᠷᠡᠨ ᠳ᠋ᠠ᠂ ᠦᠭᠡ ᠪᠠᠷ ᠢᠯᠡᠳᠭᠡᠵᠦ᠂ ᠦᠰᠦᠭ ᠪᠢᠴᠢᠭ ᠲᠤ ᠪᠠᠭᠲᠠᠭᠠᠵᠦ ᠦᠯᠦ ᠳᠠᠶᠢᠯᠬᠦ ᠡᠨᠡᠷᠢᠯ ᠬᠠᠶᠢᠷ᠎ᠠ ᠶᠢᠨ ᠳᠡᠭᠡᠲᠦ ᠶᠢ ᠠᠪᠤ ᠡᠵᠢ ᠶᠢᠨ ᠬᠠᠶᠢᠷ᠎ᠡ ᠭᠡᠳᠡᠭ ᠪᠢᠯᠢᠤ︖ ᠶᠠᠭ ᠯᠡ ᠮᠡᠷᠭᠡᠳ ᠤᠨ ᠶᠠᠷᠢᠬᠰᠡᠨ ᠮᠡᠲᠦ ︽ᠤᠬᠲᠠᠷᠭᠤᠢ ᠪᠠᠷ ᠨᠢᠰᠦᠭᠡᠳ ᠭᠠᠷᠬᠤ ᠰᠢᠪᠠᠭᠤᠳ ᠲᠤ ᠮᠦᠷ ᠠᠯᠠᠭ᠎ᠠ︾ ᠭᠡᠳᠡᠭᠴᠢᠯᠡᠨ᠂ ᠪᠢᠳᠡᠨ ᠢ ᠬᠠᠮᠤᠭ ᠠᠴᠠ ᠬᠠᠶᠢᠷᠠᠯᠠᠵᠦ ᠰᠠᠨᠠᠳᠠᠭ ᠠᠲᠠᠯ᠎ᠡ ᠪᠠᠨ ︽ᠬᠠᠶᠢᠷᠠᠲᠠᠢ︾ ᠭᠡᠳᠡᠭ ᠭᠠᠭᠴᠠ ᠦᠭᠡ ᠶᠢ ᠬᠠᠷᠠᠮᠨᠠᠵᠦ ᠴᠤᠬᠤᠢᠢᠯᠭᠠᠳᠠᠭ ᠦᠭᠡᠢ ᠨᠢ ᠴᠤᠬᠤᠮ ᠡᠵᠢ ᠠᠪᠤ ᠪᠤᠯᠬᠤ ᠭᠡᠯᠲᠡᠢ᠃ ᠡᠶᠢᠨ ᠬᠦ ᠶᠢᠷᠲᠢᠨᠴᠦ ᠳᠤ ᠠᠶᠤᠬᠤ ᠠᠶᠤᠯ ᠲᠤᠭᠠᠯᠠᠭᠠᠳ ᠪᠠᠷᠠᠰᠢ ᠦᠭᠡᠢ ᠤᠯᠠᠨ ᠪᠠᠶᠢᠳᠠᠭ ᠴᠦ ᠬᠦᠮᠦᠰ ᠠᠪᠤ ᠡᠵᠢ ᠬᠤᠶᠠᠷ ᠢᠶᠠᠨ ᠯᠡ ᠠᠴᠢᠯᠠᠵᠦ ᠴᠢᠳᠠᠬᠰᠡᠨ ᠦᠭᠡᠢ ᠭᠡᠵᠦ ᠠᠶᠤᠨᠠᠮ ᠪᠢᠯᠡ᠃     ᠬᠠᠶᠢᠷ᠎ᠡ ᠠᠮᠢᠳᠤᠷᠠᠯ ᠳᠡᠭᠡᠷ᠎ᠡ ᠲᠤᠬᠲᠠᠳᠠᠭ ᠭᠡᠳᠡᠭ᠃ ᠲᠡᠭᠡᠬᠦ ᠳᠡᠭᠡᠨ ᠠᠮᠢᠳᠤᠷᠠᠯ ᠬᠠᠶᠢᠷ᠎ᠠ ᠶᠢᠨ ᠠᠯᠲᠠᠨ ᠬᠡᠯᠬᠢᠶ᠎ᠡ ᠶᠢ ᠠᠪᠤ ᠶᠢᠨ ᠬᠡᠤᠭᠡᠳ ᠠᠳᠠᠯᠢ ᠪᠤᠰᠤ ᠪᠠᠷ ᠤᠡᠭᠰᠢᠵᠦ᠂ ᠦᠪᠡᠷ ᠦᠪᠡᠷ ᠤᠨ ᠢᠶᠠᠨ ᠦᠵᠡᠯᠲᠡ ᠬᠠᠷᠠᠭᠠᠰᠦ ᠠᠴᠠ ᠦᠨᠡᠯᠡᠨ ᠪᠡᠯᠭᠡᠯᠡᠬᠦ ᠨᠢ ᠪᠤᠢ᠃ ᠪᠢᠲᠡ ᠠᠮᠠᠷᠬᠠᠴᠤᠤᠯ ᠤᠨ ᠪᠠᠶᠠᠷ᠂ ᠠᠨᠲᠠ ᠨᠠᠶᠢᠵᠠ ᠶᠢᠨ ᠲᠦᠷᠦᠭᠰᠡᠨ ᠡᠳᠦᠷ ᠤᠨ ᠪᠠᠶᠠᠷ ᠵᠡᠷᠭᠡ ᠶᠢ ᠠᠯᠠᠭᠠᠨ ᠤ ᠪᠠᠨ ᠵᠢᠷᠤᠭᠠᠰᠦ ᠰᠢᠬ ᠲᠤᠲᠦ ᠮᠡᠳᠡᠵᠦ᠂ ᠪᠦᠭᠡᠮ ᠲᠡᠪᠵᠢᠶᠡᠨ ᠪᠤᠯᠵᠦ ᠨᠠᠶᠢᠷᠯᠠᠯᠳᠤᠳᠠᠭ ᠠᠲᠠᠯ᠎ᠡ ᠪᠠᠨ ᠠᠪᠤ ᠶᠢᠨ ᠪᠠᠶᠠᠷ᠂ ᠡᠵᠢ ᠶᠢᠨ ᠪᠠᠶᠠᠷ ᠠᠮᠢᠨᠴᠢᠬᠠᠨ ᠰᠠᠨᠠᠬᠰᠡᠨ ᠬᠤᠶᠠᠷ ᠪᠤᠭᠤᠷᠤᠯ ᠤᠨ ᠢᠶᠠᠨ ᠲᠦᠷᠦᠭᠰᠡᠨ ᠡᠳᠦᠷ ᠢ ᠲᠤᠬᠲᠠᠭᠠᠵᠦ ᠴᠡᠭᠡᠵᠢᠯᠡᠬᠦ ᠶᠢ ᠪᠤᠤ ᠬᠡᠯᠡ᠂ ᠬᠠᠶᠠ ᠵᠠᠷᠢᠮ ᠠᠴᠠ ᠨᠢ ᠠᠪᠤ ᠡᠵᠢ ᠶᠢᠨ ᠬᠢᠨᠢ ᠨᠠᠰᠦ ᠵᠢᠯ᠂ ᠨᠠᠮᠳᠠᠷ ᠲᠡᠤᠬᠡ ᠶᠢ ᠠᠰᠠᠭᠤᠵᠦ ᠰᠤᠷᠠᠬᠤ ᠳᠤ ᠠᠮᠠ ᠪᠠᠨ ᠠᠩᠭᠠᠢᠢᠨ ᠭᠦᠯᠢᠷᠡᠬᠦ ᠨᠢ ᠤᠯᠠᠨ᠃ ᠶᠡᠷᠦ ᠨᠢ ᠲᠡᠷᠡ ᠪᠦᠬᠦᠨ ᠢ ᠪᠢᠳᠡ ᠲᠤᠬᠲᠠᠭᠠᠵᠦ ᠴᠡᠭᠡᠵᠢᠯᠡᠬᠦ ᠵᠠᠪ ᠦᠭᠡᠢ ᠶᠠᠪᠤᠬᠰᠡᠨ ᠭᠡᠬᠦ ᠠᠴᠠ ᠠᠰᠠᠭᠤᠵᠦ ᠤᠢᠢᠯᠠᠭᠠᠬᠤ ᠤᠬᠠᠭᠠᠨ ᠰᠡᠭᠡᠭᠡ ᠴᠦ ᠤᠷᠭᠤᠬᠰᠡᠨ ᠦᠭᠡᠢ ᠭᠡᠬᠦ ᠳᠤ ᠢᠯᠡᠭᠦᠳᠡᠬᠦ ᠦᠭᠡᠢ᠃ ᠢᠢᠨ ᠬᠦ ᠪᠠᠶᠠᠷ ᠲᠤᠷᠠᠰᠬᠠᠯ ᠤᠨ ᠡᠳᠦᠷ ᠲᠤ ᠪᠤᠳᠤᠯ ᠰᠡᠳᠬᠢᠯ ᠤᠨ ᠰᠢᠪᠡᠨᠡᠭᠡ ᠪᠠᠨ ᠰᠢᠯᠵᠢᠶ᠎ᠡ ᠵᠢᠷᠬᠢᠶ᠎ᠡ ᠪᠠᠷ ᠰᠠᠴᠤᠵᠦ ᠲᠤᠩᠬᠠᠬᠯᠠᠬᠤ ᠪᠠᠷ ᠢᠶᠠᠨ ᠠᠪᠤ ᠡᠵᠢ ᠳᠡᠭᠡᠨ ᠪᠡᠶ᠎ᠡ ᠪᠠᠨ ᠦᠵᠡᠭᠦᠯᠦᠨ᠂ ᠪᠠᠷ᠎ᠠ ᠪᠠᠨ ᠬᠠᠷᠠᠵᠦ ᠪᠠᠶᠠᠷᠯᠠᠭᠤᠯᠬᠤ ᠨᠢ ᠨᠡᠩ ᠵᠢᠷᠭᠠᠯ ᠲᠠᠢ ᠭᠡᠵᠦ ᠪᠢ ᠬᠤᠪᠢᠨ ᠳᠠᠭᠠᠨ ᠪᠤᠳᠤᠳᠠᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号