ᠠᠷᠪᠢᠯᠠᠪᠠᠯ ᠠᠮᠢᠨ ᠳᠤ ᠲᠤᠰᠠ
ᠨᠡᠶᠢᠲᠡᠯᠡᠭᠰᠡᠨ ᠴᠠᠭ᠄
2021/3/23
    ᠨᠡᠶᠢᠭᠡᠮ ᠠᠬᠤᠢ ᠬᠦᠭᠵᠢᠵᠦ ᠠᠮᠢᠳᠤᠷᠠᠯ ᠰᠠᠶᠢᠵᠢᠷᠠᠭᠰᠠᠨ ᠠᠴᠠ ᠬᠦᠮᠦᠰ ᠬᠤᠷᠢᠮ ᠨᠠᠶᠢᠷ ᠪᠦᠭᠦᠨ ᠢ ᠬᠤᠭᠤᠯᠠᠨ ᠭᠡᠷ ᠲᠤ ᠬᠢᠵᠤ ᠪᠠᠶᠢᠭ᠎ᠠ ᠨᠢ ᠨᠡᠶᠢᠳᠡᠮ  ᠤᠨ ᠦᠵᠡᠭᠳᠠᠯ ᠪᠤᠯᠤᠭᠰᠠᠨ ᠬᠡᠯᠳᠠᠢ ᠃ ᠡᠨᠡ ᠨᠢ ᠬᠤᠷᠢᠮ ᠨᠠᠶᠢᠷ ᠭᠢᠭᠴᠢ  ᠳᠤ ᠶᠡᠭᠡᠳᠡ ᠲᠦᠭᠦᠮ ᠪᠣᠯᠪᠠ ᠭᠡᠶ᠎ᠠ ᠰᠢᠷᠡᠭᠡ ᠲᠦᠭᠦᠷᠡᠩ ᠭᠠᠷᠭᠠᠭᠰᠠᠨ ᠬᠠᠭᠤᠷᠤᠯᠭ᠎ᠠ ᠬᠠᠭᠠᠷᠢᠯᠭ᠎ᠠ  ᠠᠴᠠ ᠦᠯᠡᠳᠡᠭᠰᠠᠨ ᠬᠤᠭᠤᠯᠠ ᠵᠠᠭᠤᠰᠢ ᠡᠴᠣᠰ ᠲᠤ ᠪᠠᠨ ᠭᠡᠭᠡᠭᠳᠡᠵᠦ  ᠪᠠᠶᠢᠳᠠᠭ ᠃ ᠡᠶᠢᠮᠦᠷᠬᠦᠦ ᠠᠮᠤ ᠪᠤᠳᠠᠭ᠎ᠠ ᠶᠢ ᠪᠦᠷᠢᠯᠬᠡᠨ ᠰᠦᠢᠳᠬᠡᠬᠦ ᠦᠵᠡᠭᠳᠡᠯ ᠭᠦᠮᠦᠨ‌ᠢ ᠰᠣᠴᠢᠭᠠᠮ᠎ᠠ ᠭᠡᠮᠵᠢᠶᠠᠨ ᠳᠤ ᠭᠦᠷᠴᠣ ᠪᠠᠶᠢᠭ᠎ᠠ ᠶᠢ ᠪᠢᠳᠡ ᠲᠤᠩᠭᠠᠨ ᠪᠤᠳᠤᠭᠤᠰᠢᠲᠠᠢ ᠃     ︽ ᠠᠮᠠᠨ  ᠳᠤ ᠣᠷᠣᠳᠠᠯ᠎ᠠ ᠠᠷᠪᠠᠨ ᠲᠠᠪᠠᠭ᠎ᠠ ︾ ᠭᠡᠵᠥ ᠠᠮᠣ ᠪᠣᠳᠠᠭᠠᠨ  ᠤ ᠭᠢᠯᠪᠠᠷ ᠪᠣᠰᠣ ᠢᠷᠡᠯᠳᠠ ᠶᠢ ᠲᠤᠰᠬᠠᠭᠰᠠᠨ ᠪᠠᠶᠢᠳᠠᠭ ᠃ ᠡᠶᠢᠨ ᠬᠦ ᠡᠬᠡ ᠡᠴᠢᠭᠡ ᠪᠤᠯᠤᠬᠰᠠᠳ ᠦᠷ᠎ᠡ ᠭᠡᠣᠭᠡᠳ  ᠢᠶᠠᠨ ᠬᠠᠷᠠᠬᠠᠨ ᠪᠠᠭ᠎ᠠ  ᠠᠴᠠ  ᠨᠢ ᠠᠷᠪᠢᠯᠠᠨ ᠭᠠᠮᠨᠠᠬᠤ ᠰᠠᠶᠢᠬᠠᠨ ᠳᠠᠳᠬᠠᠯ ᠲᠠᠢ ᠪᠣᠯᠭᠠᠨ ᠭᠦᠮᠦᠵᠢᠭᠦᠯᠭᠦ   ᠶᠢᠨ ᠲᠦᠯᠦᠭᠡ     ︽ᠠᠮᠤ ᠪᠣᠳᠠᠭ᠎ᠠ ᠪᠠᠨ ᠠᠰᠬᠠᠪᠠᠯ ᠠᠮᠠᠨ ᠭᠦᠨᠡᠰᠤ ᠴᠢᠨᠢ ᠠᠷᠢᠯᠤᠨ᠎ᠠ ︾ ᠭᠡᠵᠥ ᠴᠡᠭᠡᠷᠯᠡᠬᠦᠯᠦᠨ ᠰᠣᠷᠭᠠᠳᠠᠭ ᠂ ᠪᠠᠰᠨ ᠦᠪᠡᠷ  ᠤᠨ ᠪᠠ ᠪᠣᠰᠣᠳ  ᠤᠨ ᠭᠦᠳᠡᠯᠮᠣᠷᠢ  ᠶᠢ ᠬᠠᠶᠢᠷᠡᠯᠠᠬᠤ  ᠶᠢ ᠰᠠᠨᠠᠭᠠᠴᠢᠯᠠᠨ ︽ ᠪᠣᠰᠣᠳ ᠤᠨ ᠲᠠᠷᠢᠶᠠᠨ ᠲᠣᠮᠳᠠᠭᠤᠷ ᠪᠢᠳᠡᠭᠡᠢ ᠶᠠᠪᠤ᠂ ᠠᠮᠠᠨ ᠭᠦᠨᠡᠰᠤ ᠴᠢᠨᠢ ᠬᠠᠰᠣᠭᠳᠠᠨ᠎ᠠ︾ ᠭᠡᠮᠡᠨ ᠣᠷᠭᠤᠭ᠎ᠠ ᠲᠠᠷᠢᠶ᠎ᠠ ᠶᠢ ᠰᠦᠢᠳᠭᠡᠬᠦ ᠶᠢ ᠴᠤ ᠴᠡᠭᠡᠷᠯᠡᠭᠦᠯᠳᠡᠭ ᠃ ︽ ᠠᠮᠠᠨ ᠭᠦᠨᠡᠰᠤ ᠠᠷᠢᠯᠪᠠᠯ ᠢᠳᠡᠭᠦ ᠪᠣᠳᠠᠭ᠎ᠠ ᠦᠭᠡᠢ ᠪᠤᠯᠤᠨ᠎ᠠ ︾ ᠭᠡᠵᠥ ᠪᠣᠳᠣᠬᠤ ᠳᠤ ᠪᠠᠨ ᠪᠢᠳᠡ ᠠᠮᠤ ᠪᠣᠳᠠᠭ᠎ᠠ ᠪᠠᠨ ᠠᠰᠬᠠᠵᠥ ᠴᠢᠳᠬᠤᠬᠤ ᠠᠴᠠ ᠮᠠᠰᠢ ᠭᠢᠴᠢᠶᠡᠳᠡᠭ ᠪᠢᠯᠨ ᠃     ᠠᠮᠣ ᠪᠣᠳᠠᠭ᠎ᠠ ᠶᠢ ᠠᠷᠪᠢᠯᠠᠬᠤ ᠨᠢ ᠭᠡᠷ  ᠤᠨ ᠭᠦᠮᠦᠵᠢᠯ  ᠤᠨ ᠴᠢᠬᠤᠯᠨ ᠠᠭᠤᠯᠭ᠎ᠠ ᠮᠦᠨ ᠃ ︽ᠨᠢᠭᠡ ᠮᠦᠭᠦᠯᠢᠭ ᠪᠤᠳᠠᠭ᠎ᠠ ᠲᠡᠭᠷᠢ ᠳᠡᠭᠡᠷ᠎ᠠ ᠠᠴᠠ  ᠲᠡᠮᠡᠭᠡᠨ ᠶᠢᠨ ᠴᠢᠨᠡᠭᠡ ᠬᠠᠷᠠᠭᠳᠠᠨ᠎ᠠ ︾ ᠂ ︽ ᠠᠶᠠᠭᠠᠨ ᠳᠤ ᠪᠠᠨ ᠠᠮᠤ ᠪᠣᠳᠠᠭ᠎ᠠ ᠪᠠᠨ ᠦᠯᠡᠳᠡᠭᠡᠪᠡᠯ ᠠᠮᠠᠨ ᠭᠡᠰᠢᠭ ᠴᠢᠨᠢ ᠲᠠᠭᠠᠯᠳᠤᠨ ᠦᠯᠡᠳᠡᠨ᠎ᠡ ︾ ᠭᠡᠵᠦ ᠠᠬᠠᠮᠠᠳ ᠲᠤᠮᠤᠭᠠᠳᠠᠳ  ᠤᠨ ᠴᠡᠭᠡᠷ ᠰᠤᠷᠭᠠᠯ ᠠᠴᠠ ᠪᠢᠳᠡ ᠠᠶᠠᠭᠠᠨ ᠤ ᠪᠠᠨ ᠭᠠᠳᠠᠨ᠎ᠠ ᠠᠰᠬᠠᠵᠤ ᠴᠢᠳᠬᠤᠯ ᠦᠭᠡᠢ᠂ ᠠᠶᠠᠭᠠᠨ ᠲᠤᠳᠤᠷ᠎ᠠ ᠪᠠᠨ ᠦᠯᠡᠳᠡᠭᠡᠵᠦ ᠤᠷᠬᠢᠭᠳᠠᠭᠤᠯᠤᠯ ᠦᠭᠡᠢ ᠪᠠᠷ ᠴᠡᠪᠡᠷ ᠰᠠᠶᠢᠬᠠᠨ ᠬᠤᠭᠤᠯᠠᠯᠠᠳᠠᠭ ᠵᠠᠩᠰᠢᠯ ᠲᠠᠢ ᠪᠤᠯᠤᠭᠰᠠᠨ᠃ ᠪᠤᠤᠪᠤ ᠪᠣᠭᠤᠷᠰᠤᠭ ᠢᠳᠡᠭᠦ  ᠳᠤ ᠦᠷᠦᠮᠡᠭ‌ᠨᠢ ᠭᠠᠵᠠᠷ ᠣᠨᠠᠬᠤ ᠠᠴᠠ ᠭᠢᠴᠢᠶᠡᠵᠥ ᠨᠢᠭᠡ ᠭᠠᠷ  ᠢᠶᠠᠷ  ᠢᠶᠠᠨ ᠪᠠᠷᠢᠵᠥ ᠨᠦᠭᠦᠭᠡ ᠭᠠᠷ ᠢᠶᠠᠷ   ᠢᠶᠠᠨ ᠲᠣᠰᠴᠤ ᠢᠳᠡᠳᠡᠭ ᠂ ᠭᠠᠵᠠᠷ  ᠲᠤ ᠣᠨᠠᠭᠰᠠᠨ ᠪᠣᠭᠤᠷᠰᠤᠭ  ᠢ ᠠᠷᠴᠢᠵᠥ ᠦᠯᠢᠶᠡᠵᠥ ᠴᠡᠪᠡᠷᠯᠡᠭᠡᠳ ᠢᠳᠡᠵᠥ ᠪᠣᠯᠳᠠᠭ ᠪᠣᠯ ᠢᠳᠡᠨ᠎ᠡ ᠂ ᠢᠳᠡᠵᠥ ᠪᠣᠯᠬᠤ ᠦᠭᠡᠢ ᠪᠣᠯ ᠲᠠᠭᠢᠶ᠎ᠠ ᠨᠣᠬᠠᠢ  ᠳᠤ ᠦᠭᠭᠦᠨ᠎ᠠ ᠃  ᠭᠠᠵᠠᠷ  ᠲᠤ ᠤᠨᠠᠭᠰᠠᠨ ᠪᠣᠳᠠᠭᠠᠨ ᠲᠡᠭᠡᠭᠦᠷ ᠠᠯᠬᠤᠵᠤ ᠭᠢᠰᠭᠢᠭᠦ ᠶᠢ ᠴᠡᠭᠡᠷᠯᠡᠳᠡᠭ ᠪᠦᠭᠡᠳ ᠭᠤᠯᠢᠷ ᠤᠨ ᠲᠠᠭᠠᠷᠴᠤᠭ   ᠢ  ᠭᠦᠪᠢᠭᠦ   ᠳᠤ   ᠪᠠᠨ ᠡᠪᠡᠰᠣᠨ ᠲᠡᠭᠡᠷ᠎ᠡ ᠭᠦᠪᠢᠳᠡᠭ ᠃     ᠠᠷᠪᠢᠯᠠᠨ ᠭᠠᠮᠨᠠᠬᠤ ᠪᠣᠯ ᠠᠮᠢᠳᠣᠷᠠᠯ  ᠢᠶᠠᠨ ᠦᠭᠡᠳᠠ  ᠲᠠᠢ ᠦᠩᠭᠡ ᠲᠠᠢ ᠠᠪᠴᠤ ᠶᠠᠪᠣᠬᠤ ᠶᠢᠨ ᠨᠢᠭᠡᠨ ᠴᠢᠬᠤᠯᠨ ᠵᠣᠷ ᠮᠦᠨ ᠃ ᠦᠢᠯᠨ ᠵᠤᠪᠠᠯᠠᠩ ᠢᠶᠠᠨ ᠦᠵᠡᠵᠥ ᠬᠤᠭᠰᠢᠭᠤᠯᠣᠭᠰᠠᠨ ᠡᠳ᠋ ᠮᠦᠩᠭᠦ ᠪᠠᠨ ᠠᠷᠪᠢᠯᠠᠵᠥ ᠡᠳ᠋ᠯᠡᠭᠦ ᠨᠢ ᠭᠦᠮᠦᠰ  ᠤᠨ ᠠᠮᠢᠳᠣᠷᠠᠬᠤᠢ  ᠶᠢᠨ ᠣᠪᠣᠷ ᠪᠠᠶᠢᠵᠤ ᠳᠠᠭᠠᠷᠠᠨ᠎ᠠ ᠃ ᠡᠴᠢᠭᠡ ᠡᠭᠡ ᠪᠣᠯᠣᠭᠰᠠᠳ ᠦᠷ᠎ᠡ ᠭᠡᠣᠭᠡᠳ ᠲᠤ ᠪᠠᠨ ᠠᠷᠪᠢᠯᠠᠨ ᠭᠠᠮᠨᠠᠬᠤ  ᠶᠢᠨ ᠣᠴᠢᠷ ᠣᠬᠠᠭᠠᠨ  ᠢ ᠬᠠᠷᠠᠬᠠᠨ ᠪᠠᠭ᠎ᠠ ᠠᠴᠠ  ᠨᠢ ᠵᠢᠭᠠᠵᠥ ᠰᠣᠷᠭᠠᠬᠤ ᠨᠢ ᠴᠢᠬᠤᠯᠠ ᠠᠴᠠ ᠴᠢᠬᠤᠯᠠ ᠃  ᠪᠠᠭ᠎ᠠ ᠪᠠᠶᠢᠬᠤ ᠳᠤ ᠡᠵᠢ ᠮᠢᠨᠢ ᠄ ︽ ᠨᠢᠭᠡ ᠠᠶᠢᠯ  ᠤᠨ ᠡᠵᠡᠭᠳᠡᠢ ᠡᠳᠤᠷ ᠪᠦᠷᠢ ᠬᠤᠭᠤᠯᠠ ᠪᠣᠳᠠᠭ᠎ᠠ ᠭᠢᠭᠦ  ᠳᠤ ᠪᠠᠨ ᠪᠣᠳᠠᠭᠠᠨ  ᠤ ᠪᠠᠨ ᠳᠡᠭᠡᠵᠢ ᠠᠴᠠ ᠨᠢᠭᠡ ᠴᠢᠮᠭᠢ ᠠᠪᠴᠤ ᠦᠭᠡᠷ᠎ᠡ ᠨᠢᠭᠡ ᠲᠠᠭᠠᠷᠴᠤᠭ ᠲᠤ ᠭᠢᠵᠦ ᠲᠠᠯᠪᠢᠳᠠᠭ ᠃ ᠲᠡᠭᠡᠭᠡᠳ ᠨᠡᠯᠢᠶᠡᠳ ᠡᠳᠦᠷ ᠬᠤᠨᠤᠭ ᠦᠩᠬᠡᠷᠡᠬᠡᠳ ᠳᠤᠮᠤ ᠤᠭᠤᠲᠠ  ᠲᠠᠢ ᠪᠤᠳᠠᠭ᠎ᠠ ᠨᠢ ᠢᠳᠡᠵᠥ ᠪᠠᠷᠠᠬᠤ  ᠳᠤ ᠦᠨᠦᠬᠢ ᠴᠢᠮᠬᠢ ᠴᠢᠮᠬᠢ ᠪᠠᠷ ᠬᠠᠳᠠᠭᠠᠯᠠᠵᠥ ᠪᠠᠶᠢᠭᠰᠠᠨ ᠪᠤᠳᠠᠭ᠎ᠠ ᠪᠠᠨ ᠭᠠᠷᠭᠠᠭᠠᠳ ᠢᠳᠡᠳᠡᠭ ᠪᠠᠶᠢᠵᠠᠢ ︾ ᠭᠡᠵᠦ ᠦᠯᠢᠭᠡᠷᠯᠡᠨ ᠶᠡᠷᠢᠵᠥ ᠂ ᠨᠠᠳᠠ  ᠳᠤ ᠠᠮᠣ ᠪᠣᠳᠠᠭ᠎ᠠ‌‍ᠶᠢ ᠭᠡᠮᠵᠢᠶ᠎ᠡ ᠲᠤᠮᠵᠢᠶ᠎ᠠ ᠲᠠᠢ ᠭᠢᠵᠥ ᠢᠳᠡᠭᠦ ᠶᠢ ᠰᠠᠨᠠᠭᠤᠯᠵᠥ ᠭᠦᠮᠦᠵᠢᠭᠦᠯᠦᠭᠰᠠᠨ ᠪᠠᠶᠢᠳᠠᠭ ᠃ ᠡᠨ᠋ᠨ ᠨᠢ ᠨᠠᠳᠠ‌‍ᠳᠤ ︽ ᠠᠷᠪᠢᠯᠠᠪᠠᠯ ᠠᠮᠢᠨ  ᠳᠤ ᠲᠣᠰᠨ ︾ ᠭᠡᠳᠡᠭ ᠣᠬᠠᠭᠠᠨ‌ᠢ ᠲᠡᠨᠢᠭᠤᠯᠣᠭᠰᠠᠨ ᠪᠦᠭᠡᠳ ᠬᠤᠭᠤᠯᠠ ᠪᠣᠳᠠᠭ᠎ᠠ  ᠶᠢ ᠭᠡᠮᠵᠢᠶ᠎ᠠ ᠲᠠᠢ ᠭᠢᠵᠥ ᠢᠳᠡᠭᠦ ᠳᠠᠳᠬᠠᠯ  ᠢ ᠪᠦᠷᠢᠯᠳᠦᠭᠦᠯᠬᠦ  ᠳᠤ ᠲᠤᠰᠠ ᠪᠤᠯᠤᠭᠰᠠᠨ ᠶᠣᠮ ᠃     ︽ ᠠᠷᠪᠢᠯᠠᠬᠤ  ᠶᠢ ᠠᠮᠠᠰᠠᠷ ᠠᠴᠠ  ᠨᠢ ᠂ ᠠᠰᠬᠠᠬᠤ  ᠶᠢ ᠢᠷᠣᠭᠠᠷ ᠠᠴᠠ  ᠨᠢ ︾ ᠭᠡᠳᠡᠭ ᠃ ᠡᠳ᠋ ᠶᠠᠭᠤᠮ᠎ᠠ ᠪᠠᠨ ᠪᠠᠶᠢᠭᠰᠠᠨ ᠴᠠᠭ ᠠᠴᠠ ᠨᠢ ᠡᠭᠢᠯᠠᠨ ᠠᠷᠪᠢᠯᠠᠬᠤ  ᠨᠢ ᠣᠬᠠᠭᠠᠠᠳᠤ ᠭᠦᠮᠦᠰ  ᠤᠨ ᠮᠡᠷᠬᠡᠨ ᠬᠢᠳᠡᠯ ᠪᠢᠯᠠ ᠃ ᠮᠦᠩᠭᠦ  ᠶᠢ ᠵᠡᠷᠣᠵᠥ ᠰᠣᠷᠣᠨ᠎ᠠ ᠭᠡᠳᠡᠭ ᠣᠯᠬᠤ ᠠᠴᠠ  ᠪᠠᠨ ᠲᠣᠳᠠᠭᠤ ᠦᠭᠡᠢ ᠤᠷ᠎ᠡ ᠣᠬᠠᠭᠠᠨ ᠤᠷᠤᠨ᠎ᠠ ᠃ ︽ ᠮᠦᠩᠭᠦ  ᠶᠢ ᠣᠯᠣᠭᠰᠠᠨ ᠭᠦᠮᠦᠨ  ᠢᠶᠠᠷ ᠨᠢ ᠡᠳ᠋ᠯᠡᠭᠦᠯ ᠂ ᠲᠦᠯᠡᠭᠡ  ᠶᠢ ᠡᠭᠦᠷᠦᠭᠰᠠᠨ ᠭᠦᠮᠦᠨ   ᠢᠶᠠᠷ ᠨᠢ ᠲᠦᠯᠡᠭᠦᠯ ︾ ᠭᠡᠰᠡᠡ ᠦᠬᠡ ᠪᠠᠶᠢᠳᠠᠭ ᠃ ᠣᠯᠣᠭᠰᠠᠨ ᠶᠠᠭᠤᠮ᠎ᠠ ᠭᠡᠵᠢᠶᠠᠳᠠ ᠪᠠᠷᠠᠭᠳᠠᠬᠤ ᠦᠭᠡᠢ ᠭᠡᠵᠥ ᠭᠡᠨ ᠴᠤ ᠭᠡᠯᠡᠵᠥ ᠴᠢᠳᠠᠬᠤ ᠦᠭᠡᠢ ᠂ ᠴᠤᠭᠯᠠᠭᠤᠯᠵᠦ ᠬᠤᠭᠰᠢᠭᠤᠯᠣᠭᠰᠠᠨ  ᠢᠶᠠᠨ ᠲᠡᠯᠡᠭᠠᠷ ᠦᠷᠡᠬᠦ ᠶᠢ ᠴᠡᠭᠡᠷᠯᠡᠵᠦ ᠂ ᠠᠷᠪᠢᠯᠠᠵᠦ ᠭᠠᠮᠨᠠᠵᠦ ᠶᠠᠪᠣᠭᠠᠷᠠᠢ ᠬᠦᠮᠦᠰ ᠡ ᠃
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号