ᠬᠠᠪᠤᠷ ᠤᠨ ᠦᠩᠭᠡ | ᠨᠢ᠊ · ᠡᠷᠳᠡᠨᠢᠪᠠᠭᠠᠳᠤᠷ | ᠰᠢᠨ᠎ᠡ ᠬᠠᠪᠤᠷ ᠤᠨ ᠦᠩᠭᠡ ᠶᠢ ᠪᠠᠭ᠋ᠠᠳᠤᠨ ᠬᠦᠷᠳᠡᠬᠦ ᠠᠵᠨ ᠲᠠᠢ ᠶᠤᠮ ᠪᠢ | ᠰᠢᠵᠢᠷ ᠲᠤᠶᠠᠭ᠎ᠠ ᠰᠢᠩᠭᠡᠭᠰᠡᠨ ᠭᠠᠵᠠᠷ ᠤᠨ ᠵᠦᠭᠡᠯᠡᠨ ᠬᠦᠷᠦᠰᠤᠨᠡ | ᠰᠢᠨᠡᠭᠡᠨ ᠪᠤᠷᠤᠭᠠᠨ ᠢᠶᠠᠷ ᠲᠡᠯᠭᠡᠷᠡᠬᠦ ᠴᠡᠴᠡᠭᠡᠰ ᠤᠨ ᠲᠤᠮᠳᠠ ᠵᠤᠭᠰᠤᠵᠦ | ᠰᠢᠯᠢ ᠶᠢ ᠴᠢᠮᠡᠨ ᠪᠤᠰᠤᠭᠰᠠᠨ ᠮᠠᠯᠵᠢᠯ ᠤᠨ ᠰᠠᠭᠤᠷᠢᠰᠢᠯ ᠢ ᠠᠵᠢᠬᠤ ᠳᠤ | ᠰᠢᠳᠢᠳᠤ ᠶᠢᠷᠳᠢᠨᠴᠤ ᠶᠢᠨ ᠵᠢᠷᠤᠭ ᠡᠮᠦᠨ᠎ᠡ ᠮᠢᠨᠢ ᠲᠡᠯᠭᠡᠭᠳᠡᠭᠰᠡᠨ ᠮᠡᠳᠤ ᠁ | ᠰᠢᠨ᠎ᠡ ᠬᠠᠪᠤᠷ ᠤᠨ ᠦᠩᠭᠡ ᠶᠢ ᠪᠠᠭ᠋ᠠᠳᠤᠨ ᠬᠦᠷᠳᠡᠬᠦ ᠠᠵᠨ ᠲᠠᠢ ᠶᠤᠮ ᠪᠢ | ᠬᠡᠴᠢᠨᠡᠨ ᠵᠠᠭᠤ ᠮᠢᠩᠭᠠᠨ ᠵᠢᠯ ᠢᠶᠠᠷ | ᠮᠠᠩᠬᠠᠨ ᠪᠠᠯᠠᠷ ᠲᠤ ᠬᠠᠰᠢᠭᠳᠠᠭᠰᠠᠨ ᠬᠦᠳᠡᠭᠡ ᠶᠢᠨ ᠬᠢᠨ ᠳᠤ | ᠭᠡᠭᠡᠨ ᠰᠤᠭᠤᠨᠠᠭ ᠲᠠᠳᠠᠭᠰᠠᠨ ᠼᠧᠮᠧᠨ᠋ᠲ ᠵᠠᠮ ᠤᠳ | ᠮᠠᠯ ᠤᠨ ᠪᠡᠯᠴᠢᠭᠡᠷ ᠲᠤᠮᠳᠠᠭᠤᠷ ᠰᠦᠯᠵᠢᠯᠳᠤᠨ | ᠭᠡᠷᠡᠯᠳᠤ ᠴᠠᠭᠠᠨ ᠬᠦᠰᠡᠯ ᠤᠨ ᠬᠢᠨᠢ ᠵᠢᠬᠦᠷ ᠪᠤᠯᠵᠦ | ᠮᠠᠷᠭᠠᠰᠢ ᠶᠢᠨ ᠰᠠᠶᠢᠬᠠᠨ ᠵᠦᠭ ᠬᠦᠳᠦᠯᠦᠭᠰᠡᠭᠡᠷ ᠤᠳᠤᠨᠠᠮ ᠡ | ᠦᠨᠳᠦᠷ ᠲᠡᠭᠡᠷ᠎ᠡ ᠠᠴᠠ ᠡᠷᠬᠢᠨ ᠲᠤᠭᠤᠷᠢᠨ ᠢ ᠪᠠᠷᠠᠯᠠᠬᠤ ᠳᠤ | ᠦᠷᠭᠡᠨ ᠴᠡᠩᠭᠡᠷ ᠭᠤᠪᠢ ᠮᠢᠨᠢ ᠶᠠᠮᠠᠷ ᠭᠤᠶᠤ ᠬᠠᠷᠠᠭᠳᠠᠨᠠᠮ ᠪᠤᠢ | ᠦᠴᠦᠭᠡᠳᠦᠷᠭᠡᠨ ᠪᠤᠯᠳᠠᠯ᠎ᠠ ᠡᠯᠤᠢ ᠬᠤᠯᠦ᠋ᠢᠬᠠᠨ ᠪᠠᠶᠢᠭᠰᠠᠨ ᠡᠨᠡ ᠬᠦᠨᠳᠠᠢ ᠳᠤ | ᠦᠷᠨᠢᠬᠦᠨ ᠬᠠᠪᠤᠷ ᠤᠨ ᠦᠩᠭᠡ ᠪᠠᠭᠳᠠᠨ ᠶᠠᠳᠠᠨ ᠴᠠᠯᠬᠢᠵᠦ | ᠦᠷᠯᠦᠭ ᠬᠦᠳᠡᠯᠮᠦᠷᠢ ᠶᠢᠨ ᠲᠠᠭᠤᠤ ᠰᠤᠨᠤᠷ ᠮᠢᠯᠢᠶᠠᠨ ᠡᠭᠡᠰᠢᠭᠯᠡᠬᠦ ᠳᠤ | ᠦᠪᠡᠷ ᠤᠨ ᠪᠡᠶ᠎ᠡ ᠮᠢᠨᠢ ᠶᠠᠭ ᠯᠨ ᠵᠡᠬᠦᠳᠤᠨ ᠠᠬᠤᠢ ᠳᠤ ᠵᠤᠷᠴᠢᠬᠤ ᠮᠡᠳᠤ | ᠠᠩᠬᠠᠨ ᠤ ᠲᠡᠷᠡ ᠬᠦ ᠬᠠᠭᠤᠴᠢᠨ ᠲᠦᠷᠰᠤ ᠪᠠᠶᠢᠳᠠᠯ | ᠤᠷᠤ ᠮᠦᠷ ᠦᠭᠡᠢ ᠬᠠᠮᠢᠭᠠᠰᠢ ᠪᠠᠨ ᠵᠢᠯᠢᠢᠴᠢᠭᠡᠪᠡ︖ | ᠠᠮᠢᠳᠤᠷᠠᠯ ᠤᠨ ᠪᠡᠷᠭᠡ ᠳᠤ ᠭᠤᠨᠳᠠᠵᠦ ᠶᠠᠪᠤᠭᠰᠠᠨ ᠲᠠᠪᠠᠭᠠᠨ ᠲᠡᠭᠡᠷ᠎ᠡ | ᠤᠷᠴᠢᠯᠡᠩ ᠲᠠᠢ ᠬᠦᠦᠷᠨᠢᠬᠦ ᠲᠤᠬᠢᠶᠠᠨ ᠤ ᠪᠠᠭᠠᠨ᠎ᠠ ᠯᠨ ᠰᠦᠷ ᠲᠠᠢ | ᠠᠯᠢᠶᠠᠬᠠᠨ ᠨᠠᠰᠤᠨ ᠳᠤ ᠪᠠᠨ ᠲᠤᠭᠯᠠᠵᠦ ᠬᠦᠶᠦᠭᠰᠡᠨ ᠲᠠᠨᠵᠢᠨ ᠳᠤ | ᠤᠨᠴᠨ ᠭᠠᠷᠤᠯᠳᠠ ᠲᠠᠢ ᠬᠠᠳᠤᠯᠠᠩ ᠤᠨ ᠲᠠᠯᠠᠪᠠᠢ ᠯᠨ ᠦᠵᠡᠮᠵᠢ ᠲᠠᠢ | ᠠᠮᠢ ᠠᠬᠤᠢ ᠶᠢ ᠢᠮᠠᠭᠳᠠ ᠬᠢᠮᠠᠭᠠᠳᠠᠨ ᠬᠠᠶᠢᠷᠠᠯᠠᠭᠰᠠᠨ ᠠᠴᠠ | ᠡᠯᠡᠰᠤ ᠮᠠᠩᠬ᠎ᠠ ᠨᠤᠭᠤᠭᠠᠨ ᠲᠠᠯᠪᠠᠭ᠎ᠠ ᠪᠤᠰᠬᠠᠨᠠᠮ | ᠠᠶᠢᠯ ᠬᠤᠳᠠ ᠪᠠᠷ ᠢᠶᠠᠨ ᠡᠪᠯᠡᠨ ᠬᠤᠯᠪᠤᠭᠠᠯᠠᠵᠦ ᠠᠵᠢᠯᠯᠠᠭᠰᠠᠨ ᠠᠴᠠ | ᠠᠳᠡ ᠲᠡᠨᠳᠡ ᠦᠭᠡᠢ ᠬᠤᠷᠰᠢᠶᠠᠵᠢᠯ ᠤᠨ ᠪᠠᠷ᠎ᠠ ᠲᠤᠳᠤᠷᠠᠨᠠᠮ | ᠠᠷᠠᠢ ᠪᠢ ᠴᠢᠨᠢ ᠦᠭᠡᠷ᠎ᠡ ᠭᠠᠵᠠᠷ ᠢᠷᠡᠴᠢᠭᠡᠪᠡᠤ ᠭᠡᠬᠦᠯᠡᠷ | ᠠᠴᠢᠳᠤ ᠨᠤᠳᠤᠭ ᠮᠢᠨᠢ ᠦᠨᠡᠨ ᠲᠦᠷᠬᠦ ᠪᠠᠷ ᠢᠶᠠᠨ ᠮᠥᠨ ᠠᠵᠢ︕ | ᠴᠢᠮᠪᠠᠶᠢᠬᠠᠨ ᠠᠮᠢᠳᠤᠷᠠᠯ ᠢᠶᠠᠨ ᠡᠷᠬᠦᠵᠦ ᠶᠠᠪᠤᠭ᠎ᠠ | ᠮᠠᠯᠴᠢᠨ ᠲᠦᠮᠡᠨ ᠤ ᠮᠢᠨᠢ ᠰᠡᠳᠬᠢᠯ ᠲᠡᠨᠢᠬᠦᠨ | ᠴᠠᠭ ᠤᠨ ᠰᠠᠯᠬᠢᠨ ᠤ ᠡᠶᠡᠪᠡᠷᠬᠦᠤ ᠢᠯᠪᠢᠯᠳᠠ ᠳᠤ | ᠪᠠᠶᠠᠷ ᠤᠨ ᠰᠤᠪᠢᠡᠭ ᠮᠠᠩᠨᠠᠢ ᠳᠤ ᠪᠠᠨ ᠭᠡᠷᠡᠯᠳᠦᠬᠦᠯᠵᠦ | ᠴᠠᠭᠯᠠᠰᠢ ᠦᠭᠡᠢ ᠰᠠᠶᠢᠬᠠᠨ ᠢᠷᠡᠭᠡᠳᠦᠢ ᠲᠡᠶᠢᠰᠢ | ᠦᠤᠷ ᠤᠨ ᠰᠢᠪᠠᠭᠤ ᠰᠢᠭ᠋ ᠵᠢᠷᠬᠢᠬᠦᠯᠦᠭᠰᠡᠭᠡᠷ ᠪᠠᠶᠢᠨᠠᠮ | ᠡᠩ ᠲᠡᠯᠡᠭᠡᠢ ᠶᠢᠨ ᠲᠤᠷᠭᠠᠨ ᠬᠤᠶᠢᠮᠦᠷ ᠲᠤᠷ | ᠡᠷᠴᠢ ᠴᠢᠩᠭᠠᠬᠠᠨ ᠠᠯᠬᠤᠭ᠎ᠠ ᠪᠠᠨ ᠵᠢᠭᠳᠡᠷᠡᠬᠦᠯᠦᠨ | ᠡᠷᠢᠯ ᠬᠦᠰᠡᠯ ᠤᠨ ᠮᠦᠩᠭᠡ ᠶᠢᠨ ᠬᠠᠷᠭᠤᠢ ᠳᠤ ᠪᠠᠨ | ᠡᠭᠡᠰᠢᠭ ᠲᠤᠳᠤᠬᠠᠨ ᠲᠠᠭᠤᠤ ᠪᠠᠨ ᠠᠶᠠᠯᠤᠭᠤᠯᠤᠨ | ᠡᠰᠠᠨᠢᠨ ᠪᠠᠳᠠᠷᠠᠬᠤ ᠬᠠᠪᠤᠷ ᠤᠨ ᠦᠩᠭᠡᠨ ᠳᠤ | ᠡᠭᠡ ᠤᠷᠤᠨ ᠮᠢᠨᠢ ᠬᠠᠮᠤᠭ ᠠᠴᠠ ᠦᠵᠡᠰᠬᠦᠯᠡᠩ ᠲᠠᠢ᠃ | | |