ᠪᠢ ᠡᠨᠡ ᠨᠤᠳᠤᠭ ᠢ ᠵᠤᠷᠢᠨ ᠢᠷᠡᠬᠦ ᠳᠤ ᠨᠠᠮᠤᠷ ᠤᠨ ᠰᠡᠬᠦᠯ ᠰᠠᠷ᠎ᠠ ᠪᠤᠯᠵᠤ ᠪᠠᠶᠢᠯ᠎ᠠ᠃ ᠲᠡᠷᠬᠡᠨ ᠴᠤᠩᠬᠤ ᠪᠠᠷ | ᠭᠠᠳᠠᠭᠰᠢ ᠬᠠᠷᠠᠬᠤ ᠳᠤ ᠵᠢᠭᠠᠰᠤᠳᠠᠢ ᠨᠠᠭᠤᠷ ᠤᠨ ᠰᠢᠪᠠᠭᠤᠳ ᠪᠤᠯᠪᠡᠤ︖ ᠮᠤᠳᠤᠳᠤ ᠬᠤᠸᠠ ᠶᠢᠨ ᠤᠷᠤᠢ ᠪᠠᠷ | ᠲᠠᠪᠳᠡᠷᠢᠨ ᠨᠢᠰᠦᠭᠰᠡᠨ ᠤᠯᠠᠨ ᠰᠢᠪᠠᠭᠤᠳ ᠤᠭᠳᠠᠷᠭᠤᠢ ᠶᠢᠨ ᠴᠡᠬᠡᠯ ᠢᠶᠠᠷ ᠵᠠᠯᠠᠯᠠᠨ ᠠᠯᠤᠰ ᠢ ᠴᠢᠭᠯᠡᠬᠦ ᠨᠢ ᠲᠠᠩᠴᠤ | ᠤᠶᠠᠷᠠᠯᠳᠠᠢ ᠰᠠᠨᠠᠭᠳᠠᠵᠤ ᠰᠡᠳᠬᠢᠯ ᠰᠤᠨᠢᠬᠠᠨ ᠭᠤᠨᠢᠡᠡᠯᠠᠪᠠ᠃ ᠤᠬᠢᠯᠠᠮᠠᠷ ᠪᠤᠯᠤᠭᠰᠠᠨ ᠪᠤᠯᠬᠤᠷ ᠬᠤᠷᠳᠤᠬᠠᠨ ᠦᠬᠡᠷ᠎ᠡ | ᠲᠠᠰᠢ ᠪᠠᠨ ᠬᠠᠷᠠᠯ᠎ᠠ᠃ ᠬᠡᠳᠡᠯ᠎ᠠ ᠬᠠᠷᠠᠭᠰᠠᠨ ᠵᠦᠭ ᠲᠤ ᠮᠠᠨᠢ ᠵᠢᠭᠠᠰᠤᠳᠠᠢ ᠨᠠᠭᠤᠷ ᠲᠠᠷᠡᠳᠬᠡᠨ ᠲᠤᠤᠷ᠎ᠠ ᠡᠵᠡᠬᠦ᠋ᠢᠷᠡᠨ | ᠴᠡᠩᠬᠡᠷᠯᠡᠵᠤ ᠰᠢᠪᠠᠭᠤᠳ ᠤᠨ ᠢᠶᠠᠨ ᠬᠤᠶᠢᠨ᠎ᠠ ᠠᠴᠠ ᠮᠡᠯᠡᠷᠡᠨ ᠮᠡᠯᠮᠡᠷᠡᠬᠦ ᠰᠢᠭ ᠦᠵᠡᠭᠳᠡᠯᠠ᠃ ᠨᠢᠯᠪᠤᠰᠤ ᠦᠪᠡᠷ ᠤᠨ | ᠡᠷᠬᠡ ᠦᠬᠡᠢ ᠁ | ᠨᠦᠬᠦᠷ ᠮᠠᠨᠢ ᠲᠡᠷᠬᠡ ᠪᠠᠨ ᠵᠤᠭᠰᠤᠭᠠᠵᠤ ᠨᠢᠬᠡ ᠭᠤᠳᠤᠯᠢ ᠲᠠᠮᠠᠬᠢ ᠠᠰᠠᠭᠠᠨ ᠬᠦᠴᠦᠳᠠᠢ ᠬᠦᠴᠦᠳᠠᠢ | ᠰᠤᠷᠤᠭᠰᠠᠭᠠᠷ ᠨᠠᠰᠢ ᠴᠠᠰᠢ ᠠᠯᠬᠤᠨ᠎ᠠ᠂ ᠲᠠᠬᠢᠨ ᠲᠡᠷᠬᠡᠨ ᠲᠤᠳᠤᠷ᠎ᠠ ᠪᠠᠨ ᠤᠷᠤᠵᠤ ᠰᠠᠭᠤᠭᠰᠠᠨ ᠢᠶᠠᠨ ︽ᠪᠤᠴᠠᠨ᠎ᠠ | ᠤᠤ︖︾ ᠬᠡᠯᠡ᠃ | ᠵᠢᠭᠠᠰᠤᠳᠠᠢ ᠨᠠᠭᠤᠷ ᠪᠢᠳᠠ ᠬᠤᠶᠠᠷ ᠭᠠᠭᠴᠠᠭᠠᠷᠳᠠᠯ ᠪᠠ ᠡᠯᠤᠢ ᠬᠤᠯᠤᠢ ᠶᠢᠨ ᠲᠤᠮᠳᠠ ᠤᠶᠠᠰᠤᠨ ᠵᠤᠭᠰᠤᠨ᠎ᠠ᠃ | ᠤᠯᠠᠨ ᠰᠠᠶᠢᠬᠠᠨ ᠬᠡᠤᠬᠡᠳ ᠲᠦᠷᠦᠬᠦᠯᠦᠭᠰᠡᠨ ᠡᠵᠢ ᠮᠢᠨᠢ ᠬᠦᠬᠡᠷᠦᠬᠦᠢ ᠦᠰᠦᠨ ᠳᠡᠭᠡᠨ ᠳᠠᠷᠤᠭᠳᠠᠭᠰᠠᠨ ᠬᠦᠭᠰᠢᠨ | ᠪᠤᠯᠴᠢᠬᠠᠵᠠᠢ᠃ ᠤᠷᠴᠢᠮ ᠤᠨ ᠬᠡᠳᠤᠨ ᠵᠢᠯ ᠤᠬᠢᠯᠠᠬᠤ ᠴᠤ ᠰᠢᠭ᠋ ᠲᠠᠭᠤᠯᠠᠬᠤ ᠴᠦ ᠰᠢᠭ᠋ ᠭᠠᠩᠰᠠᠷᠠᠭᠠᠳ | ᠬᠡᠷ ᠠᠴᠠ ᠪᠠᠨ ᠭᠠᠷᠤᠭᠰᠠᠭᠠᠷ ︽ᠶᠠᠪᠤᠶ᠎ᠠ ᠪᠦᠬᠡᠷ᠎ᠡ︕ ᠶᠠᠪᠤᠶ᠎ᠠ ᠳ᠋ᠠ︕︾ ᠬᠡᠳ ᠲᠠᠶᠠᠭ ᠢᠶᠠᠨ ᠲᠤᠯᠤᠨ ᠵᠦᠭ | ᠴᠢᠭ ᠦᠬᠡᠢ ᠮᠠᠶᠢᠵᠢᠭᠴᠢᠬᠠᠨᠠ᠃ | ︽ᠬᠡᠷ ᠲᠡᠭᠡᠨ ᠪᠠᠶᠢᠵᠤ ᠪᠠᠶᠢᠭᠠᠳ ᠬᠠᠮᠢᠭ᠎ᠠ ᠶᠠᠪᠤᠬᠤ ᠶᠤᠮ ᠪᠤᠢ ᠡᠵᠢ ᠡ︕︾ ᠭᠡᠬᠦ ᠪᠠᠷ ᠮᠦᠨ ᠯᠡ ︽ | ᠶᠠᠪᠤᠶ᠎ᠠ ᠪᠦᠬᠡᠷ᠎ᠡ ᠡ᠂ ᠶᠠᠪᠤᠶ᠎ᠠ︕︾ ᠬᠡᠰᠡᠨ ᠦᠬᠡ ᠪᠠᠨ ᠨᠤᠷᠱᠤᠭᠠᠳ ᠨᠡᠩ ᠢᠯᠡᠬᠦᠤ ᠤᠬᠢᠯᠠᠵᠤ ᠲᠠᠭᠤᠯᠠᠬᠤ ᠶᠢᠨ | ᠬᠤᠭᠤᠷᠤᠨᠳᠤ ᠭᠠᠩᠰᠠᠷᠠᠨ᠎ᠠ᠃ ᠬᠡᠷᠡᠯ ᠨᠢ ᠬᠠᠷᠢᠭᠰᠠᠨ ᠨᠢᠳᠤ ᠨᠢ ᠴᠢᠬᠢᠭᠳᠡᠨ ᠪᠠᠶᠢᠳᠠᠭ ᠳ᠋ᠠ᠃ | — ᠡᠵᠢ ᠮᠢᠨᠢ ᠬᠠᠮᠢᠭ᠎ᠠ ᠶᠠᠪᠤᠬᠤ ᠬᠡᠳ ᠪᠠᠶᠢᠳᠠᠭ ᠶᠤᠮ ᠪᠤᠯ ᠳ᠋ᠠ︕ ᠡᠯᠤᠨᠴᠠ ᠬᠤᠯᠤᠨᠴᠠ ᠪᠤᠯᠳᠠᠯ᠎ᠠ ᠡᠨᠡ | ᠨᠤᠳᠤᠭ᠂ ᠡᠨᠡ ᠬᠡᠷ ᠲᠤ ᠠᠮᠢᠳᠤᠷᠠᠭᠰᠠᠭᠠᠷ ᠢᠷᠡᠭᠰᠡᠨ ᠬᠦᠮᠦᠨ ᠳ᠋ᠠ᠃ ᠶᠡᠷᠤᠨᠢ ᠬᠠᠮᠢᠭ᠎ᠠ ᠶᠠᠪᠤᠬᠤ ᠬᠡᠳ ᠪᠠᠶᠢᠳᠠᠭ | ᠪᠤᠯ︖ | — ᠢᠯᠡᠢ ᠬᠦᠬᠡᠷᠤᠬᠦᠢ︕ ᠰᠡᠳᠬᠢᠯ ᠬᠦᠨᠳᠤ ᠬᠦᠮᠦᠨ ᠡ᠂ ᠰᠡᠳᠬᠢᠯ ᠬᠦᠨᠳᠤ ᠬᠦᠮᠦᠨ᠃ ᠡᠵᠢ ᠴᠢᠨᠢ | ᠲᠦᠷᠦᠭᠰᠡᠨ ᠨᠤᠳᠤᠭ ᠠᠴᠠ ᠪᠠᠨ ᠰᠠᠯᠵᠤ ᠭᠠᠷᠴᠤ ᠢᠷᠡᠬᠡᠳ ᠤᠨ ᠤᠳᠠᠵᠤ ᠳ᠋ᠠ ᠬᠦᠬᠡᠷᠤᠬᠦᠢ︕ ᠬᠦᠮᠦᠨ ᠤ | ᠬᠦᠢ ᠪᠠᠨ ᠪᠤᠯᠠᠭᠰᠠᠨ ᠨᠤᠳᠤᠭ ᠬᠡᠭᠴᠢ ᠡᠬᠦᠷᠢᠳᠠ ᠰᠡᠳᠬᠢᠯ ᠵᠢᠷᠤᠬᠡ ᠶᠢ ᠨᠢ ᠤᠭᠤᠰᠤᠷᠯᠠᠭᠠᠳ ᠪᠠᠶᠢᠳᠠᠭ ᠶᠤᠮ᠃ | ᠬᠦᠬᠡᠷᠤᠬᠦᠢ ᠴᠢᠨᠢ ᠨᠤᠳᠤᠭ ᠲᠠᠭᠠᠨ ᠨᠢᠬᠡ ᠬᠠᠷᠢᠬᠤ ᠶᠤᠮ ᠰᠠᠨ ᠬᠡᠵᠤ ᠪᠤᠳᠤᠭᠠᠳ ᠪᠤᠳᠤᠭᠠᠳ ᠪᠠᠶᠢᠭᠰᠠᠨ | ᠪᠤᠯᠤᠯᠳᠠᠢ᠃ ᠲᠡᠬᠡᠬᠦᠯᠠᠷ ᠰᠦᠨᠡᠰᠤ ᠨᠢ ᠨᠤᠳᠤᠭ ᠵᠦᠭ ᠢᠶᠠᠨ ᠶᠠᠪᠤᠭᠠᠳ ᠲᠦᠬᠡᠷᠡᠴᠢᠬᠡᠭᠰᠡᠨ ᠪᠠᠶᠢᠬᠤ ᠦᠬᠡᠢ ᠤᠤ︕ | ᠡᠵᠢ ᠴᠢᠨᠢ ᠬᠠᠮᠢᠶ᠎ᠠ ᠦᠬᠡᠢ ᠬᠠᠮᠢᠶ᠎ᠠ ᠦᠬᠡᠢ᠂ ᠰᠡᠳᠬᠢᠯ ᠨᠢ ᠵᠢᠭᠠᠬᠠᠨ ᠰᠢᠨᠠᠯᠡᠨᠡ ᠳ᠋ᠠ᠃ | — ᠡᠵᠢ ᠮᠢᠨᠢ ᠡᠷᠡᠬᠦᠯ ᠰᠠᠷᠠᠭᠤᠯ ᠪᠠᠶᠢᠳᠠᠯ᠎ᠠ ᠰᠦᠨᠡᠰᠤ ᠨᠢ ᠶᠠᠪᠤᠯ᠎ᠠ ᠬᠡᠳᠡᠭ ᠴᠢᠨᠢ︖ | — ᠬᠦᠮᠦᠨ ᠤ ᠪᠡᠶ᠎ᠡ ᠳᠤ ᠭᠤᠷᠪᠠᠨ ᠰᠦᠨᠡᠰᠤ ᠪᠠᠶᠢᠳᠠᠭ ᠶᠤᠮ ᠡ ᠬᠡᠤᠬᠡ᠃ | — ᠨᠠᠰᠤ ᠶᠠᠪᠤᠭᠰᠠᠨ ᠡᠵᠢ ᠪᠠᠨ ᠵᠤᠪᠠᠭᠠᠭᠠᠳ ᠪᠠᠶᠢᠮᠡᠷ ᠦᠬᠡᠢ ᠪᠠᠶᠢᠨ᠎ᠠ ᠡᠪᠤᠸ᠋︕ ᠶᠠᠭᠠᠬᠢᠳᠠᠭ ᠪᠢᠯᠡ︖ | — ᠲᠠᠷᠠ ᠠᠮᠠᠷᠬᠠᠨ᠂ ᠮᠦᠷᠦᠬᠡᠳᠤᠯ ᠤᠨ ᠬᠦᠴᠦᠨ ᠢ ᠰᠡᠳᠬᠢᠯ ᠤᠨ ᠬᠦᠴᠦ ᠪᠠᠷ ᠲᠠᠶᠢᠯᠤᠨ᠎ᠠ ᠳ᠋ᠠ᠃ ᠠ | ᠲᠡᠶᠢᠮᠤ᠂ ᠬᠠᠮᠤᠭ ᠤᠨ ᠬᠠᠶᠢᠷᠠᠳᠠᠢ ᠬᠦᠮᠦᠰ ᠠᠴᠠ ᠨᠢ᠂ ᠵᠠ ᠪᠠᠶᠢᠵᠢ᠂ ᠦᠷ᠎ᠡ ᠬᠡᠤᠬᠡᠳ ᠠᠴᠠ ᠨᠢ ᠠᠰᠳᠠᠭᠠᠨ | ᠬᠠᠶᠢᠷᠠᠳᠠᠢ ᠬᠦᠮᠦᠨ ᠬᠡᠨ ᠪᠠᠶᠢᠬᠤ ᠪᠢᠯᠡ ᠳ᠋ᠧ᠃ ᠲᠡᠶᠢᠮᠤ ᠬᠡᠯᠡᠢ᠂ ᠬᠡᠤᠬᠡᠳ ᠠᠴᠠ ᠨᠢ ᠨᠢᠬᠡ ᠨᠢ ᠡᠵᠢ ᠶᠢᠨ ᠢᠶᠠᠨ | ᠨᠤᠳᠤᠭ ᠲᠤ ᠤᠴᠢᠭᠠᠳ ᠰᠠᠭᠤᠵᠤ ᠪᠠᠶᠢᠬᠤ ᠪᠠᠷ ᠡᠵᠢ ᠶᠢᠨ ᠴᠢᠨᠢ ᠰᠦᠨᠡᠰᠤ ᠲᠠᠭᠠᠭᠠᠳ ᠢᠷᠡᠴᠢᠬᠡᠨ᠎ᠡ᠂ | ᠢᠷᠡᠴᠢᠭᠡᠨ᠎ᠡ᠃ | — ᠡᠪᠤᠸ᠋᠂ ᠴᠢᠩᠬᠢᠬᠡᠳ ᠁ | — ᠰᠦᠵᠢᠭ ᠰᠦᠰᠦᠭ ᠪᠠᠶᠢᠬᠤ ᠪᠠᠷ ᠠᠯᠢᠪᠠ ᠴᠢᠨᠢ ᠪᠦᠷ ᠪᠡᠶᠡᠯᠡᠭᠳᠡᠬᠦ ᠶᠤᠮ ᠭᠠᠶᠢᠭᠤᠢ ᠭᠠᠶᠢᠭᠤᠢ᠂ | ᠬᠠᠷᠢᠨ ᠭᠤᠷᠪᠠᠨ ᠵᠢᠯ ᠰᠠᠭᠤᠨ᠎ᠠ ᠰᠢᠤ᠃ | ᠨᠠᠷᠠᠨ ᠰᠦᠮᠪᠦᠷᠢᠳᠤ ᠨᠤᠳᠤᠭ ᠤᠨ ᠮᠢᠨᠢ ᠠᠯᠳᠠᠷᠳᠤ ᠪᠦᠬᠡ ᠡᠪᠤᠸ᠋ ᠶᠢᠨ ᠲᠡᠷᠬᠡᠳᠠ ᠠᠴᠠ ᠠᠮᠢᠳᠤᠷᠠᠯ ᠤᠨ ᠡᠯ᠎ᠡ | ᠬᠠᠯᠠ ᠳᠤ ᠡᠷᠡᠤ ᠨᠢ ᠡᠪᠦᠳᠦᠭ ᠲᠡᠭᠡᠨ ᠲᠤᠯᠤᠭᠰᠠᠨ ᠡᠵᠢ ᠪᠠᠨ ᠲᠦᠰᠢᠭᠰᠡᠬᠡᠷ ᠭᠠᠷᠴᠤ ᠢᠷᠡᠬᠦ ᠳᠤ ᠡᠵᠢ ᠨᠢᠬᠡ | ᠲᠠᠭᠤᠤ ᠬᠡᠩᠰᠢᠬᠦ ᠰᠢᠤ ᠪᠤᠯᠪᠠ᠃ ᠤᠷᠴᠢᠮ ᠤᠨ ᠬᠡᠳᠤᠨ ᠵᠢᠯ ᠦᠬᠡ ᠵᠤᠭᠤᠭ ᠦᠬᠡᠢ ᠪᠤᠯᠴᠢᠬᠠᠵᠦ ᠲᠠᠩᠳᠠ ᠯᠡ ︽ | ᠶᠠᠪᠤᠶ᠎ᠠ ᠳ᠋ᠠ︾ ᠬᠡᠰᠡᠨ ᠦᠬᠡ ᠪᠠᠨ ᠠᠬᠢᠨ ᠲᠠᠬᠢᠨ ᠲᠠᠪᠳᠠᠳᠠᠭ ᠡᠵᠢ ᠬᠡᠨᠡᠳᠳᠠ ᠨᠢᠬᠡ ᠲᠠᠭᠤᠤ ᠬᠡᠩᠰᠢᠬᠦ ᠰᠢᠭ | ᠪᠤᠯᠤᠭᠰᠠᠨ ᠰᠠᠶᠢᠬᠠᠨ ᠴᠢᠩᠬᠢᠨᠠᠪᠠᠯ᠄ | ᠨᠠᠮᠤᠭ ᠴᠡᠬᠡᠯ ᠤᠨ ᠪᠤᠷᠭᠠᠰᠤ ᠨᠢ | ᠨᠠᠮᠠᠭᠠᠨ ᠵᠦᠭ ᠢᠶᠠᠨ ᠨᠠᠶᠢᠭᠤᠭᠠᠨ ᠲᠠᠢ | ᠨᠠᠰᠤᠨ ᠪᠠᠭ᠎ᠠ ᠪᠦᠭᠡᠷ᠎ᠡ ᠶᠢ ᠪᠠᠨ | ᠨᠠᠰᠤᠨ ᠤ ᠵᠡᠷᠭᠡ ᠳᠤ ᠬᠦᠷᠬᠡᠯᠠ ᠳ᠋ᠧ ᠬᠡᠵᠤ ᠪᠠᠶᠢᠨ᠎ᠠ᠃ ᠮᠠᠨ ᠢ ᠲᠦᠬᠦᠬᠡ ᠤᠷᠤᠬᠤ ᠠᠴᠠ ᠯᠠ ᠡᠨᠡ | ᠭᠤᠤᠯ ᠢ ᠦᠭᠰᠤᠨ ᠤᠷᠤᠭᠤᠳᠠᠨ ᠪᠦᠭᠴᠦᠭᠡᠨᠡᠵᠦ ᠶᠠᠪᠤᠬᠤ ᠳᠠᠭᠠᠨ ᠭᠠᠭᠴᠠ ᠲᠠᠭᠤᠯᠠᠳᠠᠭ ᠲᠠᠭᠤᠤ ᠪᠠᠨ ᠲᠠᠭᠤᠯᠠᠵᠤ | ᠪᠠᠶᠢᠬᠤ ᠶᠤᠮ᠃ | ᠡᠵᠢ ᠮᠢᠨᠢ ᠠᠷᠪᠠᠨ ᠵᠢᠷᠭᠤᠭᠠᠳᠠᠢ ᠠᠪᠤ ᠳᠤ ᠮᠤᠷᠳᠠᠵᠤ ᠢᠷᠡᠯ᠎ᠡ ᠬᠡᠰᠡᠨ ᠳ᠋ᠠ᠃ ᠢᠩᠬᠢᠬᠦᠯᠡᠷ ᠶᠠᠭ ᠪᠦᠬᠦᠯᠢ | ᠨᠠᠶᠠᠨ ᠵᠢᠯ ᠨᠤᠳᠤᠭ ᠲᠠᠭᠠᠨ ᠤᠴᠢᠭ᠎ᠠ ᠦᠬᠡᠢ ᠰᠠᠨᠵᠠᠢ᠃ ᠨᠠᠶᠠᠨ ᠵᠢᠯ ᠨᠤᠳᠤᠭ ᠤᠰᠤ ᠲᠤᠷᠠᠰᠤᠨ ᠮᠦᠷᠦᠬᠡᠳᠴᠤ | ᠠᠮᠢᠳᠤᠷᠠᠨ᠎ᠠ ᠬᠡᠳᠡᠭ ᠶᠠᠮᠠᠷᠬᠠᠨ ᠬᠦᠨᠳᠤ ᠰᠡᠳᠬᠢᠯ ᠪᠢᠯᠡ︕ | ᠨᠠᠶᠠᠨ ᠵᠢᠯ᠂ ᠨᠠᠶᠠᠨ ᠵᠢᠯ ᠁ | ᠬᠡᠨᠡᠳᠳᠠ ᠵᠢᠭᠠᠰᠤᠳᠠᠢ ᠨᠠᠭᠤᠷ ᠠᠴᠠ ᠰᠡᠷᠢᠬᠦᠨ ᠰᠠᠯᠬᠢ ᠰᠠᠩᠬᠢ ᠬᠢᠨ ᠠᠷᠴᠠ ᠽᠠᠨᠳᠠᠨ ᠤ ᠦᠨᠤᠷ | ᠬᠠᠩᠬᠤᠯᠤᠭᠰᠠᠨ ᠰᠢᠤ ᠪᠤᠯᠤᠭᠠᠳ ᠰᠤᠭᠤᠨᠠᠭ ᠴᠠᠭᠠᠨ ᠬᠡᠷᠡᠯ ᠰᠠᠴᠤᠷᠠᠨ ᠲᠡᠷᠳᠡᠬᠡᠬᠢ ᠬᠠᠪᠢᠷᠠᠭ᠎ᠠ ᠬᠤᠸᠠ ᠬᠦᠷᠳᠠᠯ᠎ᠠ | ᠬᠡᠶᠢᠬᠡᠳ ᠶᠠᠪᠤᠴᠢᠬᠠᠯ᠎ᠠ᠃ ᠴᠢᠩᠬᠢᠬᠦ ᠪᠠᠷ ︽ᠨᠠᠮᠤᠭ ᠴᠡᠬᠡᠯ ᠤᠨ ᠪᠤᠷᠭᠠᠰᠤ ᠨᠢ ᠶᠠ ᠁︾ ᠭᠡᠰᠡᠨ ᠤᠷᠳᠤ ᠶᠢᠨ | ᠲᠠᠭᠤᠨ ᠤ ᠲᠤᠮᠳᠠᠭᠤᠷ ᠦᠬᠡᠷ ᠲᠡᠷᠬᠡ ᠴᠣᠪᠣᠷᠠᠯᠳᠣᠨ ᠬᠠᠪᠢᠷᠠᠭ᠎ᠠ ᠬᠤᠸᠠ ᠶᠢᠨ ᠡᠩᠬᠡᠷ ᠰᠢᠷᠡᠭᠡ ᠠᠶᠢᠯ ᠤᠨ | ᠬᠠᠵᠠᠭᠤ ᠪᠠᠷ ᠴᠢᠨ᠋ᠸ᠎ᠠ ᠶᠢᠨ ᠭᠤᠤᠯ ᠢ ᠭᠠᠳᠤᠯᠤᠨ ᠠᠷᠪᠠᠨ ᠵᠢᠷᠭᠤᠭᠠᠳᠠᠢ ᠡᠵᠢ ᠶᠢ ᠮᠢᠨᠢ ᠬᠠᠷᠢ ᠳᠤ ᠮᠤᠷᠳᠠᠭᠤᠯᠵᠤ | ᠶᠠᠪᠤᠭ᠎ᠠ ᠨᠢ ᠬᠠᠷᠠᠭᠳᠠᠯ᠎ᠠ᠃ ᠲᠡᠷᠡ ᠬᠦ ᠤᠷᠳᠤ ᠶᠢᠨ ᠰᠠᠶᠢᠬᠠᠨ ᠠᠶᠠᠰ ᠤᠨ ᠲᠤᠮᠳᠠ ᠬᠤᠶᠠᠷ ᠪᠡᠷᠬᠡᠨ ᠤ ᠪᠠᠨ ᠬᠠᠮᠳᠤ | ᠤᠶᠠᠷᠠᠭᠰᠠᠭᠠᠷ ᠶᠠᠪᠤᠬᠤ ᠡᠵᠢ ᠠᠩᠬ᠎ᠠ ᠤᠳᠠᠭ᠎ᠠ ᠡᠵᠢ ᠶᠢᠨ ᠢᠶᠠᠨ ᠬᠡᠷ ᠠᠴᠠ ᠰᠠᠯᠵᠤ ᠭᠠᠷᠤᠭ᠎ᠠ ᠪᠢᠯᠡ᠃ | ᠁ | ᠡᠵᠢ ᠠᠯᠳᠠᠢ ᠶᠢᠨ ᠮᠠᠩᠬ᠎ᠠ ᠶᠢᠨ ᠬᠤᠷᠮᠤᠢ ᠬᠦᠷᠴᠤ ᠢᠷᠡᠬᠡᠳ ᠬᠠᠷᠠᠭᠠᠨ ᠲᠠᠯᠳᠠ ᠤᠷᠤᠮᠠᠷ ᠪᠠᠶᠢᠬᠤ | ᠲᠦᠷᠦᠭᠰᠡᠨ ᠨᠤᠳᠤᠭ ᠢᠶᠠᠨ ᠰᠡᠳᠬᠢᠯ ᠵᠢᠷᠤᠬᠡᠨ ᠳᠡᠭᠡᠨ ᠰᠢᠩᠬᠡᠵᠤ ᠠᠪᠤᠶ᠎ᠠ ᠬᠡᠰᠡᠨ ᠰᠢᠭ ᠦᠬᠡᠷ ᠲᠡᠷᠬᠡᠨ ᠤ | ᠪᠦᠬᠡᠭ ᠠᠴᠠ ᠪᠠᠨ ᠲᠤᠯᠤᠭᠠᠢ ᠪᠠᠨ ᠭᠠᠷᠭᠠᠨ ᠬᠤᠶᠢᠰᠢ ᠪᠠᠨ ᠤᠳᠠᠳᠠᠯ᠎ᠠ ᠬᠠᠷᠠᠯ᠎ᠠ ᠁ | ᠬᠤᠨᠳᠤᠨ ᠴᠠᠮᠴᠠ ᠡᠮᠤᠰᠤᠬᠡᠳ ᠦᠨᠳᠤᠷ ᠬᠠᠷ᠎ᠠ ᠬᠡᠬᠡᠷ ᠮᠤᠷᠢ ᠤᠨᠤᠭᠰᠠᠨ ᠡᠵᠢ ᠶᠢᠨ ᠴᠡᠴᠡᠭ ᠤᠨ ᠬᠡ ᠲᠠᠢ | ᠨᠠᠰᠤ ᠲᠠᠨᠳᠠ ᠬᠠᠷᠠᠭᠳᠠᠵᠦ ᠪᠠᠶᠢᠨ᠎ᠠ᠃ | ᠮᠢᠨᠤ ᠡᠵᠢ ᠠᠯᠳᠠᠩᠬᠸ᠎ᠠ ᠬᠡᠰᠡᠨ ᠨᠡᠷ᠎ᠡ ᠲᠠᠢ᠃ ᠡᠵᠢ ᠶᠢᠨ ᠡᠵᠢ ᠠᠩᠬᠢᠯᠤᠮ᠎ᠠ ᠦᠨᠦᠷᠳᠤ ᠠᠯᠳᠠᠩᠬᠸ᠎ᠠ | ᠴᠡᠴᠡᠭ ᠢᠶᠠᠷ ᠬᠤᠴᠢᠯᠭ᠎ᠠ ᠪᠤᠯᠭᠠᠨ ᠡᠪᠬᠡᠵᠣ᠂ ᠰᠢᠬᠦᠳᠡᠷᠢᠳᠤ ᠲᠠᠯ᠎ᠠ ᠶᠢᠨ ᠨᠦᠢᠳᠠᠨ ᠬᠦᠬᠡ ᠴᠢᠯᠠᠭᠤ ᠪᠠᠷ | ᠬᠦᠢ ᠶᠢ ᠨᠢ ᠲᠠᠷᠤᠵᠤ ᠲᠠᠯᠪᠢᠬᠤ ᠳᠠᠭᠠᠨ ︽ᠶᠠᠮᠠᠷ ᠪᠤᠶᠠᠨᠳᠤ ᠦᠬᠢᠨ ᠪᠤᠢ︕ ᠴᠢ᠃ ᠮᠦᠨ ᠠᠯᠳᠠᠩᠬᠸ᠎ᠠ ᠴᠡᠴᠡᠭ | ᠰᠢᠤ ᠬᠡᠷᠡᠯᠳᠠᠢ ᠶᠠᠪᠤᠨ᠎ᠠ ᠡ︾ ᠬᠡᠵᠤ ᠰᠢᠪᠡᠨᠡᠭᠰᠡᠨ ᠬᠡᠰᠡᠨ᠃ | ᠮᠠᠯᠴᠢᠨ ᠬᠦᠮᠦᠨ ᠤ ᠵᠢᠷᠭᠠᠯ ᠭᠡᠵᠤ ᠡᠪᠡᠰᠤᠨ ᠤ ᠦᠨᠦᠷ ᠠᠩᠬᠢᠯᠤᠮ᠎ᠠ ᠵᠠᠳᠠᠷᠠᠬᠤ ᠡᠭᠡᠷᠡᠮ᠎ᠡ ᠬᠦᠳᠡᠭᠡ ᠶᠢᠨ | ᠡᠯᠢᠭᠡᠨ ᠳᠤ ᠪᠠᠶᠢᠳᠠᠭ᠃ ᠪᠠᠶᠢᠭᠠᠯᠢ ᠬᠤᠷᠸ᠎ᠠ ᠶᠢᠨ ᠦᠵᠡᠰᠬᠦᠯᠡᠩ ᠲᠠᠩᠰᠤᠭ ᠢ ᠭᠠᠶᠢᠬᠠᠭᠤᠯᠤᠭᠰᠡᠨ ᠵᠡᠷᠭᠡᠯᠭᠡᠨᠳᠤ | ᠭᠤᠪᠢ ᠮᠠᠩᠬ᠎ᠠ᠂ ᠬᠤᠯᠪᠤᠭ᠎ᠠ ᠠᠭᠤᠯᠨ ᠶᠢᠨ ᠬᠤᠯᠨ ᠶᠢᠨ ᠪᠠᠷ᠎ᠠ ᠵᠦᠮᠪᠦᠷᠢᠳᠡᠭᠡᠳ ᠠᠭᠤᠵᠢᠮ ᠠᠴᠠ ᠠᠭᠤᠵᠢᠮ | ᠰᠠᠴᠢ ᠶᠢᠨ ᠲᠠᠯ᠎ᠠ ᠪᠠᠨ ᠤᠯᠠᠮ ᠠᠩᠬᠢᠯᠤᠮ᠎ᠠ ᠰᠠᠶᠢᠬᠠᠨ ᠪᠠᠳᠠᠷᠠᠭᠠᠭᠰᠡᠨ ᠠᠯᠳᠠᠩᠬᠸ᠎ᠠ ᠴᠡᠴᠡᠭ ᠤᠨ ᠲᠤᠮᠳᠠᠭᠤᠷ | ᠬᠦᠳᠡᠯᠮᠦᠷᠢᠴᠢ ᠬᠦᠮᠦᠨ ᠤ ᠪᠠᠭ᠋ᠠᠷᠬᠠᠯ ᠪᠤᠯᠤᠭᠰᠡᠨ ᠤᠯᠠᠨ ᠰᠠᠶᠢᠬᠠᠨ ᠬᠤᠨᠢᠳ ᠢᠶᠠᠨ ᠬᠠᠷᠢᠭᠤᠨ ᠶᠠᠪᠤᠨ᠎ᠠ ᠡᠵᠢ᠃ | ᠬᠤᠨᠢᠳ ᠭᠡᠬᠦ ᠠᠴᠠ ᠳ᠋ᠧ᠂ ᠪᠠᠶᠠᠨᠰᠢᠯᠢ ᠲᠠᠭᠠᠵᠦ ᠪᠡᠯᠴᠢᠭᠰᠡᠨ ᠵᠡᠭᠡᠷ᠎ᠡ ᠭᠤᠷ᠎ᠠ ᠴᠦ ᠢᠳᠡᠰᠢᠯᠡᠭᠰᠡᠭᠡᠷ ᠲᠡᠳᠡᠭᠡᠷ ᠬᠤᠨᠢᠨ | ᠰᠦᠷᠦᠭ ᠲᠠᠢ ᠨᠡᠶᠢᠯᠡᠨ᠂ ᠰᠠᠷᠠᠭᠤᠯ ᠭᠠᠩᠭᠠᠨ ᠰᠠᠴᠢ ᠶᠢᠨ ᠲᠠᠯ᠎ᠠ ᠳᠤ ᠬᠤᠨᠢ᠂ ᠵᠡᠭᠡᠷ᠎ᠡ ᠠᠯᠢ ᠶᠢ ᠨᠢ ᠬᠠᠷᠢᠭᠤᠯᠵᠦ | ᠪᠠᠶᠢᠬᠤ ᠪᠠᠨ ᠦᠯᠦ ᠮᠡᠳᠡᠨ᠎ᠡ᠃ ᠠᠰᠤᠷᠤ ᠲᠤᠮᠤ ᠬᠤᠨᠢ ᠵᠡᠭᠡᠷ᠎ᠡ ᠶᠢᠨ ᠰᠦᠷᠦᠭ ᠰᠢᠮ᠎ᠡ ᠰᠢᠬᠦᠰᠦᠳᠤ ᠪᠡᠯᠴᠢᠭᠡᠷ | ᠲᠠᠭᠠᠵᠦ ᠠᠬᠢᠭᠠᠳ ᠯᠨ ᠪᠠᠶᠠᠨᠰᠢᠯᠢ ᠵᠦᠭ ᠡᠬᠦᠯᠨ ᠰᠢᠭ ᠨᠡᠬᠦᠭᠡᠳ ᠯᠡ᠃ | ᠰᠠᠴᠢ ᠶᠢᠨ ᠲᠠᠯ᠎ᠠ ᠠᠴᠠ ᠪᠠᠭ᠎ᠠ ᠪᠠᠷᠠᠭᠤᠨ ᠬᠤᠶᠢᠰᠢ ᠠᠭᠳᠠ ᠶᠢᠨ ᠬᠤᠸ᠋ᠨ ᠶᠢᠨ ᠤᠷᠤᠢ ᠨᠠᠮᠬᠠᠨ ᠰᠤᠨᠢᠶᠡᠵᠦ᠂ | ᠬᠦᠯᠦᠭ ᠮᠤᠷᠢᠳ ᠤᠨ ᠲᠤᠭᠤᠷᠠᠢ ᠶᠢᠨ ᠡᠭᠡᠰᠢᠭᠯᠡᠩᠳᠤ ᠠᠶᠠᠯᠭᠤ ᠲᠤᠤᠨᠢᠨᠠ᠃ ᠲᠡᠨᠳᠡ ᠵᠡᠷᠭᠡᠯᠡᠳᠡᠭᠡ ᠬᠤᠳᠠ ᠶᠢᠨ | ᠠᠪᠠᠭ᠎ᠠ ᠮᠢᠨᠢ ᠰᠠᠰᠧᠷ ᠪᠠᠶᠠᠨ ᠤ ᠮᠢᠩᠭᠠᠨ ᠠᠳᠤᠭᠤ ᠶᠢ ᠠᠳᠤᠭᠤᠯᠤᠨ ᠢᠰᠭᠡᠷᠴᠢᠭᠡᠭᠰᠡᠨ ᠵᠢᠪᠬᠤᠭ᠎ᠠ ᠵᠤᠯᠪᠤᠭᠠᠳᠠᠢ | ᠠᠯᠤᠰ ᠢ ᠲᠤᠷᠠᠨᠳᠠᠨᠠ᠃ ᠲᠡᠬᠦᠨ ᠤ ᠭᠠᠭᠴᠨ ᠨᠢᠳᠤᠨ ᠲᠤᠷᠠᠨ ᠤ ᠬᠠᠷᠠᠭᠠᠨ ᠳᠤ ᠵᠢᠷᠦᠭᠡ ᠬᠠᠪᠳᠠᠭᠠᠢ ᠶᠢᠨ | ᠲᠡᠨᠳᠡ ᠠᠴᠠ ᠰᠡᠬᠦᠳᠡᠷ ᠠᠴᠠ ᠪᠠᠨ ᠨᠠᠳᠬᠤᠨ᠂ ᠰᠡᠬᠦᠯ ᠢᠶᠠᠷ ᠢᠶᠠᠨ ᠨᠠᠭᠠᠳᠤᠭᠰᠠᠭᠠᠷ ᠵᠢᠬᠦᠷ ᠲᠠᠢ ᠬᠤᠶᠠᠷ ᠰᠢᠪᠠᠭᠤᠨ | ᠰᠠᠷᠠᠯ ᠵᠢᠭᠠᠰᠤᠳᠠᠢ ᠨᠠᠭᠤᠷ ᠲᠤ ᠢᠷᠡᠵᠦ ᠤᠮᠳᠠᠯᠠᠬᠤ ᠭᠠᠶᠢᠬᠠᠮᠰᠢᠭᠳᠤ ᠦᠵᠡᠭᠳᠡᠯ ᠲᠤᠳᠤᠷᠠᠨ᠎ᠠ᠃ ᠡᠨᠡᠬᠦ ᠰᠤᠨᠢᠨ | ᠭᠠᠩᠭᠠᠩ ᠵᠢᠬᠦᠷ ᠲᠠᠢ ᠬᠤᠶᠠᠷ ᠰᠢᠪᠠᠭᠤᠨ ᠰᠠᠷᠠᠯ ᠲᠡᠭᠷᠢ ᠠᠭᠤᠯᠨ ᠶᠢᠨ ᠤᠷᠤᠢ ᠲᠡᠭᠡᠷ᠎ᠡ ᠰᠠᠭᠤᠷᠢᠰᠢᠭ᠎ᠠ ᠡᠯᠳᠡᠪ | ᠵᠠᠬᠢᠷᠤᠭᠴᠢ ᠶᠢᠨ ᠬᠠᠶᠢᠷᠠᠳᠠᠢ ᠮᠤᠷᠢ ᠪᠤᠯᠬᠤ ᠪᠦᠭᠡᠳ ᠲᠠᠩᠳᠠ ᠯᠨ ᠰᠠᠰᠧᠷ ᠪᠠᠶᠠᠨ ᠤ ᠮᠢᠩᠭᠠᠨ ᠠᠳᠤᠭᠤ ᠲᠠᠢ | ᠢᠵᠢᠯᠳᠡᠨ ᠠᠭᠳᠠ ᠶᠢᠨ ᠬᠤᠸ᠋ᠨ ᠶᠢᠨ ᠤᠷᠤᠢ ᠪᠠᠷ ᠪᠡᠯᠴᠢᠨ ᠪᠠᠶᠢᠳᠠᠭ ᠪᠦᠯᠦᠭᠡ᠃ ᠴᠢᠩᠬᠢᠬᠦᠯᠡᠷ ᠠᠳᠤᠭᠤᠴᠢᠨ | ᠬᠦᠮᠦᠨ ᠰᠠᠶᠢᠬᠠᠨ ᠮᠤᠷᠢᠳ ᠰᠠᠶᠢᠨ ᠠᠳᠤᠭᠤ ᠶᠢ ᠠᠳᠤᠭᠤᠯᠤᠨ ᠶᠠᠪᠤᠬᠤ ᠠᠴᠠ ᠢᠯᠡᠬᠦᠤ ᠵᠢᠷᠭᠠᠯ ᠬᠠᠮᠢᠭ᠎ᠠ ᠪᠠᠶᠢᠬᠤ | ᠪᠢᠯᠨ︕ ᠭᠡᠳᠦ᠋ᠢᠪᠡᠷ ᠦᠪᠡᠷ ᠤᠨ ᠬᠢᠨᠢ ᠪᠢᠰᠢ ᠴᠦ ᠭᠡᠰᠡᠨ ᠮᠠᠯᠴᠢᠨ ᠬᠦᠮᠦᠨ ᠪᠤᠯᠬᠤᠷ ᠨᠤᠳᠤᠭ ᠤᠨ ᠢᠶᠠᠨ ᠪᠠᠶᠠᠨ | ᠪᠤᠶᠠᠨ ᠢ ᠭᠠᠶᠢᠬᠠᠭᠤᠯᠤᠭᠰᠡᠨ ᠮᠠᠯ ᠠᠬᠤᠢ ᠳᠤ ᠬᠠᠶᠢᠷᠠᠳᠠᠢ ᠰᠡᠳᠬᠢᠯ ᠳᠡᠭᠡᠨ ᠡᠨᠡᠬᠦ ᠦᠨᠢᠷ ᠲᠠᠩᠰᠤᠭ ᠪᠦᠬᠦᠨ ᠢ | ᠪᠠᠭ᠋ᠠᠷᠬᠠᠬᠤ ᠦᠭᠡᠢ ᠪᠠᠶᠢᠬᠤ ᠶᠢᠨ ᠠᠷᠭ᠎ᠠ ᠦᠭᠡᠢ ᠰᠠᠨ︕ | ᠲᠡᠶᠢᠮᠤ ᠡ︕ ᠠᠮᠢᠳᠤᠷᠠᠯ ᠤᠨ ᠤᠳᠬ᠎ᠠ ᠴᠢᠨᠠᠷ ᠢ ᠪᠠᠳᠠᠷᠠᠭᠠᠭᠰᠠᠨ ᠦᠯᠡᠮᠵᠢ ᠶᠢᠨ ᠲᠡᠬᠦᠯᠳᠠᠷ ᠠᠭᠳᠠ ᠶᠢᠨ | ᠬᠤᠸᠠ ᠶᠢᠨ ᠤᠷᠤᠢ ᠲᠡᠭᠡᠷ᠎ᠡ ᠠᠴᠠ ᠨᠠᠷᠠᠨ ᠤ ᠲᠤᠤᠷ᠎ᠠ᠂ ᠨᠠᠷᠠᠨ ᠤ ᠲᠤᠶᠠᠭ᠎ᠠ ᠰᠢᠭ᠋ ᠠᠯᠳᠠᠷᠠᠬᠤ ᠰᠠᠴᠢ ᠶᠢᠨ | ᠲᠠᠯ᠎ᠠ ᠶᠢᠨ ᠠᠯᠳᠠᠩᠬᠸ᠎ᠠ ᠴᠡᠴᠡᠭ᠂ ᠠᠯᠳᠠᠩᠬᠸ᠎ᠠ ᠴᠡᠴᠡᠭ ᠰᠢᠤ ᠭᠤᠶᠤᠬᠠᠨ ᠦᠬᠢᠨ ᠤ ᠤᠷᠳᠤ ᠬᠠᠷ᠎ᠠ ᠬᠡᠵᠢᠬᠡ ᠶᠢᠨ | ᠨᠠᠮᠢᠷᠠᠭᠠᠨ ᠢ ᠨᠡᠩ ᠢᠯᠡᠬᠦᠤ ᠲᠤᠷᠠᠨᠳᠠᠬᠤ ᠲᠤᠷᠠᠳᠠᠢ᠃ ᠲᠠᠬᠦᠨ ᠤ ᠠᠯᠳᠠᠩᠬᠸᠡ ᠴᠡᠴᠡᠭ ᠢᠶᠠᠷ ᠬᠤᠴᠢᠵᠤ ᠰᠠᠴᠢ ᠶᠢᠨ | ᠲᠠᠯ᠎ᠠ ᠠᠴᠠ ᠲᠡᠪᠡᠷᠢᠵᠦ ᠢᠷᠡᠬᠦ ᠠᠴᠠ ᠠᠪᠤᠭᠠᠳ ᠠᠷᠪᠠᠨ ᠭᠤᠷᠪᠠᠨ ᠵᠢᠯ ᠤᠨ ᠲᠤᠷᠰᠢᠳᠠ ᠡᠪᠦᠳᠦᠭ ᠲᠡᠬᠡᠷ᠎ᠡ ᠪᠠᠨ | ᠰᠠᠭᠤᠯᠭᠠᠵᠤ᠂ ᠤᠢ ᠶᠢᠨ ᠬᠤᠷᠢᠮ ᠢ ᠬᠦᠭᠵᠢᠬᠡᠨ ᠤᠷᠳᠤ ᠶᠢᠨ ᠲᠠᠭᠤᠤ ᠡᠬᠡᠰᠢᠭ ᠠᠶᠠᠯᠭᠤ ᠪᠠᠷ ᠢᠶᠠᠨ ᠪᠠᠶᠢᠭᠠᠯᠢ | ᠲᠡᠯᠡᠬᠡᠢ᠂ ᠬᠦᠮᠦᠨ ᠠᠷᠠᠳ ᠢᠶᠠᠨ ᠤᠬᠠᠭᠠᠷᠠᠭᠤᠯᠤᠨ ᠤᠶᠠᠷᠠᠭᠤᠯᠵᠤ ᠬᠠᠶᠢᠷᠠᠬᠠᠨ ᠪᠠᠭ᠎ᠠ ᠦᠬᠢᠨ ᠢᠶᠠᠨ ᠬᠠᠶᠢᠷᠠᠯᠠᠨ | ᠰᠠᠨᠠᠵᠤ ᠶᠠᠪᠤᠭᠰᠠᠨ ᠪᠤᠯᠬᠤᠷ ᠡᠴᠢᠬᠡ ᠬᠦᠮᠦᠨ ᠤ ᠬᠠᠶᠢᠷ᠎ᠠ ᠪᠠᠷ ᠡᠩᠬᠦᠷᠡᠶᠢᠯᠡᠬᠦ ᠦᠬᠡᠢ ᠪᠠᠶᠢᠵᠤ ᠴᠢᠳᠠᠬᠤ ᠦᠬᠡᠢ᠃ ︽ | ᠦᠬᠢᠨ ᠬᠦᠮᠦᠨ ᠨᠤᠳᠤᠭ ᠤᠨ ᠴᠢᠮᠡᠭ ᠶᠤᠮ ᠡ︾ ᠭᠡᠵᠤ ᠶᠠᠷᠢᠬᠤ ᠦᠬᠡᠢ ᠪᠠᠶᠢᠬᠤ ᠶᠢᠨ ᠠᠷᠭ᠎ᠠ ᠦᠬᠡᠢ ᠰᠠᠨ᠃ | ᠲᠡᠭᠷᠢ ᠶᠢᠨ ᠬᠢᠵᠠᠭᠠᠷ ᠭᠠᠵᠠᠷ ᠤᠨ ᠬᠢᠯᠢ ᠠᠭᠤᠰᠤᠯᠳᠠᠭᠰᠠᠨ ᠬᠡᠮᠡᠷ ᠦᠷᠬᠡᠨ ᠠᠭᠤᠳᠠᠮ ᠨᠤᠳᠤᠭ ᠰᠢᠭ᠋ ᠢᠶᠠᠨ | ᠬᠦᠮᠦᠨ ᠠᠷᠠᠳ ᠨᠢ ᠴᠤ ᠤᠬᠠᠭ᠎ᠠ ᠲᠡᠨᠢᠬᠦᠨ ᠪᠤᠳᠤᠯ ᠬᠦᠨ ᠪᠠᠶᠢᠳᠠᠭ᠃ ᠨᠡᠩ ᠴᠤ ᠨᠤᠳᠤᠭ ᠨᠢ ᠭᠠᠩᠭᠠᠩ ᠪᠤᠯᠬᠤᠷ | ᠦᠬᠢᠳ ᠬᠦᠪᠡᠬᠦᠳ ᠨᠢ ᠬᠦᠬᠡᠷᠤᠬᠦᠨ ᠲᠡᠭᠵᠢᠨ ᠪᠠᠶᠢᠳᠠᠭ ᠠᠵᠢ᠃ ᠠᠵᠢᠯᠴᠢ ᠬᠦᠳᠡᠯᠮᠤᠷᠢᠴᠢ᠂ ᠲᠤᠰᠠᠮᠠᠷᠴᠢ ᠪᠠᠭ᠎ᠠ | ᠨᠠᠰᠤᠨ ᠤ ᠠᠯᠳᠠᠩᠬᠤᠸ᠎ᠠ ᠪᠠᠨ ᠠᠶᠢᠯ ᠭᠤᠤᠯ ᠢᠶᠠᠷ ᠢᠶᠠᠨ ᠪᠠᠭ᠋ᠠᠷᠬᠠᠨ ᠬᠠᠶᠢᠷᠠᠯᠠᠳᠠᠭ᠃ ᠬᠦᠮᠦᠨ ᠬᠦᠮᠦᠨ ᠤ ᠪᠠᠨ | ᠬᠠᠶᠢᠷᠠᠨ ᠳᠤ ᠬᠦᠮᠦᠵᠢᠵᠤ᠂ ᠶᠢᠷᠳᠢᠨᠴᠤ ᠶᠢᠨ ᠬᠡᠬᠡᠨ ᠰᠠᠷᠠᠭᠤᠯ ᠢ ᠬᠦᠰᠡᠨ ᠮᠦᠷᠦᠬᠡᠳᠴᠤ ᠶᠠᠪᠤᠳᠠᠭ ᠰᠠᠶᠢᠬᠠᠨ ᠡ᠃ | ᠠᠳᠤᠭᠤᠴᠢᠨ ᠠᠪᠠᠭ᠎ᠠ ᠨᠢ ᠦᠨᠦᠳᠦᠷ ︽ᠡᠨᠡ ᠮᠠᠭᠤ ᠰᠢᠷ᠎ᠠ ᠦᠬᠢᠨ ᠬᠠᠷᠠᠵᠤ ᠮᠡᠳᠡᠬᠦ ᠶᠢᠨ ᠵᠠᠪ ᠦᠬᠡᠢ | ᠰᠤᠭᠤ ᠦᠰᠦᠯ᠎ᠠ ᠰᠢᠤ᠃ ᠪᠠᠷᠤᠭ ᠮᠢᠨᠤ ᠬᠢᠷᠢ ᠦᠨᠳᠤᠷ ᠪᠤᠯᠴᠢᠬᠠᠬᠤ ᠠᠶᠠᠳᠠᠯ᠎ᠠ︾ ᠬᠡᠳ ᠦᠨᠳᠤᠷ ᠬᠡᠬᠡᠷ ᠮᠤᠷᠢᠨ | ᠲᠡᠬᠡᠷ᠎ᠡ ᠪᠠᠨ ᠪᠦᠰᠡᠳᠡᠢ ᠬᠡᠤᠬᠡᠳ ᠰᠢᠭ ᠲᠡᠭᠵᠢᠨ ᠶᠠᠪᠤᠭ᠎ᠠ ᠶᠢ ᠬᠠᠷᠠᠭᠠᠳ ︽ᠬᠡᠤᠬᠡᠳ ᠦᠰᠴᠤ ᠡᠪᠤᠬᠡᠳ ᠠᠪᠴᠢᠨ᠎ᠠ | ᠬᠡᠳᠡᠭ ᠪᠤᠯᠵᠤ ᠳ᠋ᠧ︾ ᠬᠡᠮᠡᠨ ᠲᠦᠳᠦᠨᠡᠨᠡ᠃ ᠨᠢᠬᠡ ᠡᠳᠤᠷ ︽ᠠᠯᠳᠠᠩᠬᠸ᠎ᠠ ᠶᠢ ᠪᠡᠶ᠎ᠡ ᠲᠡᠩᠬᠡᠬᠡ ᠲᠠᠢ ᠲᠡᠬᠡᠷ᠎ᠡ ᠪᠠᠨ | ᠬᠦᠮᠦᠨ ᠲᠦᠰᠢᠬᠦᠯᠤᠶᠡ︕︾ ᠬᠡᠵᠤ ᠦᠳᠡᠯᠤᠬᠡᠳ ᠪᠡᠶ᠎ᠡ ᠪᠠᠷᠤᠭᠳᠠᠢ ᠪᠤᠯᠤᠭᠰᠠᠨ ᠡᠵᠢ ᠨᠢ ᠶᠠᠷᠢᠯ᠎ᠠ᠃ ᠢᠱᠢ | ᠬᠦᠬᠡᠷᠤᠬᠦᠢ ᠦᠬᠢᠨ ᠬᠦᠮᠦᠨ ᠤ ᠵᠠᠶᠠᠭ᠎ᠠ ᠬᠦᠮᠦᠨ ᠤ ᠡᠬᠦᠳᠠᠨ ᠳᠤ ᠠᠵᠢ᠃ ᠬᠦᠮᠦᠰ ᠶᠡᠷᠤᠨᠢ ᠦᠬᠢᠨ ᠬᠦᠮᠦᠨ ᠢ ︽ | ᠬᠠᠷᠢ ᠶᠢᠨ ᠬᠠᠳᠠᠭᠠᠰᠤ ᠬᠠᠨᠴᠤᠢ ᠶᠢᠨ ᠨᠦᠬᠦᠬᠡᠰᠤ ᠭᠡᠵᠤ ᠬᠡᠯᠡᠳᠡᠭ ᠪᠢᠯᠡ︕︾ ᠬᠡᠵᠤ ᠲᠦᠳᠦᠨᠡᠨ ᠰᠡᠮ | ᠰᠡᠬᠦᠷᠡᠰᠦᠯᠡᠪᠡ᠃ ᠡᠨᠡᠬᠦ ᠦᠷᠤ ᠬᠠᠶᠢᠷ᠎ᠠ ᠶᠢᠨ ᠰᠡᠬᠦᠷᠡᠰᠤᠨ ᠳᠤ ᠡᠬᠦᠯᠡᠨ ᠲᠤᠯᠤᠭᠠᠢ ᠲᠤᠭᠤᠭᠰᠢᠯᠠᠵᠤ ᠮᠠᠷ ᠮᠠᠷ | ᠰᠠᠯᠬᠢᠯᠠᠭᠰᠠᠨ ᠢᠶᠠᠨ ᠮᠦᠬᠦᠨ ᠪᠤᠷᠤᠭᠠᠨ ᠰᠠᠮᠠᠷᠠᠵᠠᠢ᠃ | ᠬᠦᠮᠦᠨ ᠪᠠᠶᠢᠭᠠᠯᠢ ᠶᠢᠨ ᠬᠦᠢ ᠲᠤᠭᠳᠠᠯᠴᠠᠭ᠎ᠠ ᠭᠡᠳᠡᠭ ᠡᠶᠢᠮᠦᠭᠡᠨ ᠪᠤᠯᠤᠯᠳᠠᠢ᠃ ᠬᠠᠪᠢᠷᠠᠭ᠎ᠠ ᠬᠤᠸ᠋ᠨ ᠶᠢᠨ | ᠬᠤᠪᠬᠢ ᠪᠦᠬᠦᠨ ᠢ ᠨᠡᠪᠳᠡ ᠭᠡᠷᠡᠯᠳᠦᠬᠦᠯᠦᠨ ᠰᠠᠴᠤᠷᠠᠭᠰᠡᠨ ᠭᠡᠷᠡᠯ ᠠᠭᠠᠵᠢᠮ ᠢᠶᠠᠷ ᠲᠤᠨᠤᠭᠰᠡᠨ ᠢᠶᠠᠨ ᠨᠠᠮᠦᠷ ᠤᠨ | ᠰᠡᠬᠦᠯᠴᠢ ᠶᠢᠨ ᠮᠦᠬᠦᠨ ᠪᠤᠷᠤᠭᠠᠨ ᠵᠢᠭᠠᠰᠤᠳᠠᠢ ᠨᠠᠭᠤᠷ ᠪᠢᠳᠠ ᠬᠤᠶᠠᠷ ᠢ ᠰᠢᠪᠰᠢᠨ ᠱᠠᠬᠢᠯᠠ᠃ ᠶᠠᠭ ᠯᠨ ᠡᠵᠢ ᠶᠢᠨ | ᠮᠢᠨᠢ ᠨᠢᠭᠤᠵᠦ ᠤᠬᠢᠯᠠᠭᠰᠡᠨ ᠨᠢᠯᠪᠤᠰᠤ ᠰᠢ᠊ᠭ᠋ ᠰᠢᠭ ᠪᠤᠳᠤᠯ ᠢ ᠬᠦᠨᠳᠡᠨ ᠨᠠᠷᠢᠨ ᠨᠠᠷᠢᠨ ᠪᠤᠷᠤᠭᠠᠨ ᠵᠦᠰᠡᠷᠡᠨ᠎ᠡ᠃ | ᠪᠠᠰᠠ ᠵᠢᠭᠠᠰᠤᠳᠠᠢ ᠨᠠᠭᠤᠷ ᠤᠨ ᠤᠰᠤ ᠶᠢ ᠲᠤᠪᠰᠢᠨ ᠪᠠᠭᠤᠬᠤ ᠪᠤᠷᠤᠭᠠᠨ ᠤ ᠲᠠᠭᠤᠨ ᠬᠤᠶᠠᠭ ᠡᠮᠦᠰᠭᠡᠯ ᠢᠶᠠᠨ | ᠭᠡᠳᠦᠷᠡᠭᠰᠡᠨ ᠪᠦᠭᠡᠳᠡᠨ ᠡᠪᠦᠸ᠋ ᠶᠢᠨ ᠪᠦᠢᠪᠦᠷ ᠢᠶᠠᠷ ᠢᠶᠠᠨ ᠬᠢᠴᠨ ᠪᠠᠨ ᠲᠡᠯᠡᠳᠴᠤ ᠪᠦᠭᠡᠯᠡᠨ ᠪᠦᠵᠢᠭᠯᠡᠭᠡ ᠲᠠᠭᠤᠨ | ᠮᠡᠳᠤ᠃ | ᠬᠦᠮᠦᠨ ᠤ ᠤᠬᠠᠭᠠᠨ ᠬᠠᠶᠢᠷ᠎ᠠ᠂ ᠬᠦᠰᠡᠯ ᠮᠦᠷᠦᠭᠡᠳᠦᠯ᠂ ᠤᠶᠤᠨ ᠰᠦᠨᠡᠰᠤ ᠶᠢ ᠲᠠᠯᠠᠯᠤᠨ ᠲᠠᠯᠠᠯᠤᠬᠤ ᠮᠡᠳᠤ | ᠨᠠᠮᠦᠷ ᠤᠨ ᠰᠠᠯᠬᠢᠨ ᠤ ᠤᠶᠠᠩᠭ᠎ᠠ ᠲᠦᠷᠢᠯᠡᠭᠡ᠂ ᠡᠵᠢ ᠶᠢ ᠮᠢᠨᠢ ᠦᠷ᠎ᠡ ᠪᠠᠨ ᠰᠢᠭ ᠬᠠᠶᠢᠷᠠᠯᠠᠭᠰᠡᠨ ᠠᠳᠤᠭᠤᠴᠢᠨ ᠤ | ᠤᠮᠤᠭᠯᠠᠩ ᠢᠰᠭᠡᠷᠦᠯ᠂ ᠠᠭᠳᠠ ᠶᠢᠨ ᠬᠤᠸ᠋ᠨ ᠶᠢᠨ ᠨᠠᠮᠬᠠᠨ ᠤᠷᠤᠢ ᠪᠠᠨ ᠪᠦᠷᠬᠦᠭᠰᠡᠨ ᠮᠢᠩᠭᠠᠨ ᠠᠳᠤᠭᠤᠨ ᠤ | ᠦᠦᠷᠰᠡᠯᠳᠡ ᠢᠨᠴᠠᠭᠠᠯᠳᠤᠨ ᠴᠤᠪᠬᠤᠴᠡᠨ ᠲᠦᠷᠬᠢᠯᠳᠦᠬᠦ ᠴᠢᠮᠡᠭᠡ ᠲᠠᠢ ᠬᠦᠭ ᠨᠡᠶᠢᠯᠡᠨ ᠠᠶᠠᠰᠠᠷᠠᠵᠦ | ᠮᠦᠷᠦᠭᠡᠳᠦᠯ ᠤᠨ ᠬᠦᠨ ᠵᠦᠭ ᠲᠤᠮᠤᠭ ᠦᠨᠡᠨ ᠢ ᠤᠴᠢᠷᠯᠠᠨ ᠤᠴᠢᠷᠯᠠᠬᠤ ᠮᠡᠳᠤ᠃ | ᠵᠡᠷᠭᠡᠯᠭᠡᠨ ᠲᠦᠬᠦᠯᠵᠢᠭᠰᠡᠨ ᠰᠢᠷᠭᠠᠯ ᠰᠠᠯᠬᠢ ᠡᠪᠡᠰᠤᠨ ᠲᠤᠯᠤᠭᠠᠢ ᠲᠡᠭᠡᠬᠦᠷ ᠠᠩᠬᠢᠯᠤᠮ᠎ᠠ ᠲᠤᠨᠤᠯᠵᠠᠭᠠᠳ | ᠰᠠᠴᠢ ᠶᠢᠨ ᠲᠠᠯ᠎ᠠ ᠠᠴᠠ ᠡᠬᠦᠷ ᠡᠬᠦᠷ ᠦᠨᠳᠡᠭᠡ ᠲᠡᠭᠳᠡᠭᠡᠢ ᠪᠠᠨ ᠲᠠᠭᠠᠭᠤᠯᠤᠨ ᠭᠠᠯᠠᠭᠤ ᠰᠢᠪᠠᠭᠤᠳ ᠮᠤᠳᠤᠳᠤ | ᠬᠤᠸ᠋ᠨ ᠶᠢᠨ ᠤᠷᠤᠢ ᠵᠦᠭ ᠴᠦᠷᠭᠡᠯᠡᠯᠡ᠃ ᠤᠷᠳᠤ ᠤᠳᠠᠭᠠᠨ ᠤᠨ ᠵᠢᠯ ᠤᠳ ᠤᠨ ᠨᠠᠷᠠᠨ ᠰᠠᠷᠠᠨ ᠤ ᠭᠡᠷᠡᠯ ᠢ | ᠰᠢᠩᠭᠡᠭᠡᠵᠦ ᠨᠤᠳᠤᠭ ᠢᠶᠠᠨ ᠰᠠᠬᠢᠭᠰᠡᠨ ᠬᠦᠭᠡ ᠴᠢᠯᠠᠭᠤ — ᠡᠵᠢ ᠶᠢᠨ ᠮᠢᠨᠢ ᠬᠦᠢ ᠶᠢ ᠲᠠᠷᠤᠭᠰᠡᠨ ᠬᠦᠭᠡ | ᠴᠢᠯᠠᠭᠤᠨ ᠠᠴᠠ ᠡᠵᠢ ᠶᠢᠨ ᠨᠢᠯᠬ᠎ᠠ ᠶᠢᠨ ᠦᠨᠦᠷ᠂ ᠨᠢᠯᠬ᠎ᠠ ᠶᠢᠨ ᠲᠠᠭᠤᠨ᠂ ᠢᠨᠢᠶᠡᠵᠦ ᠲᠤᠭᠯᠠᠵᠦ ᠶᠠᠪᠤᠭᠰᠡᠨ ᠪᠠᠭ᠎ᠠ | ᠨᠠᠰᠤᠨ ᠤ ᠬᠢᠨᠢ ᠪᠠᠶᠠᠷ ᠵᠢᠷᠭᠠᠯ ᠤᠨ ᠪᠦᠯᠢᠶᠡᠨ ᠠᠮᠢᠰᠬᠤᠭ᠎ᠠ ᠲᠡᠷᠬᠢᠯᠤᠨᠠ᠃ ᠪᠠᠰᠠ ᠡᠨᠡ ᠨᠤᠳᠤᠭ ᠤᠨ ᠬᠦᠮᠦᠨ | ᠵᠤᠨ ᠤ ᠭᠤᠯᠤᠮᠳᠠ ᠪᠠᠨ ᠪᠠᠳᠠᠷᠠᠭᠠᠭᠰᠡᠨ ᠠᠩᠬᠢᠯᠤᠭᠤᠨ ᠠᠮᠢᠳᠤᠷᠠᠯ ᠤᠨ ᠭᠡᠷᠡᠯ ᠭᠡᠭᠡ ᠰᠠᠴᠤᠷᠠᠨ ᠰᠠᠴᠤᠷᠠᠨ᠎ᠠ᠃ | ︽ᠲᠠᠪᠤ ᠶᠢᠰᠤ ᠳᠤ ᠬᠠᠯᠢᠶ᠎ᠠ ᠢᠷᠡᠵᠦ᠂ ᠵᠢᠷᠭᠤᠭ᠎ᠠ ᠶᠢᠰᠤ ᠳᠤ ᠰᠢᠪᠠᠭᠤᠳ ᠢᠷᠡᠨ᠎ᠡ︾ ᠭᠡᠮᠡᠨ ᠡᠪᠦᠭᠡᠳ | ᠬᠠᠭᠤᠴᠢᠯᠠᠳᠠᠭ ᠦᠨᠡᠨ ᠪᠠᠶᠢᠵᠦ ᠳ᠋ᠧ᠃ ᠡᠵᠢ ᠶᠢᠨ ᠭᠠᠩᠭᠠᠩ ᠰᠠᠶᠢᠬᠠᠨ ᠨᠤᠳᠤᠭ ᠤᠨ ᠨᠢᠭᠡᠨ ᠲᠤᠩᠭᠠᠯᠠᠭ ᠦᠷ ᠢᠶᠠᠷ | ᠤᠯᠠᠨ ᠰᠢᠪᠠᠭᠤᠳ ᠴᠡᠩᠭᠡᠷ ᠲᠡᠭᠷᠢ ᠶᠢᠨ ᠲᠤᠤᠭᠤᠷ ᠲᠠᠭᠤᠯᠠᠯᠳᠤᠭᠰᠠᠭᠠᠷ ᠨᠢᠰᠴᠤ ᠢᠷᠡᠨᠡᠮ᠃ ᠠ ᠳ᠋ᠠ᠂ ᠬᠠᠷᠠᠭᠠᠴᠢ︕ | ᠲᠡᠷᠨ ᠢᠷᠡᠬᠦ ᠤᠯᠠᠨ ᠰᠢᠪᠠᠭᠤᠳ ᠲᠠᠢ ᠬᠠᠮᠳᠤ ᠵᠢᠬᠦᠷ ᠲᠠᠢ ᠬᠤᠶᠠᠷ ᠰᠢᠪᠠᠭᠤᠨ ᠰᠠᠷᠠᠯ ᠢ ᠬᠦᠯᠦᠭᠯᠡᠭᠡᠳ ᠡᠵᠢ ᠮᠢᠨᠢ | ᠴᠦ ᠰᠠᠯᠤᠭᠠᠳ ᠤᠳᠠᠭᠰᠡᠨ ᠨᠤᠳᠤᠭ ᠢᠶᠠᠨ ᠵᠤᠷᠢᠨ ᠢᠷᠡᠨᠡᠮ᠂ ᠢᠷᠡᠨᠡᠮ᠃ |