ᠨᠤᠳᠤᠭ ᠮᠢᠨᠢ
ᠨᠡᠶᠢᠲᠡᠯᠡᠭᠰᠡᠨ ᠴᠠᠭ᠄
2022/11/16
    ᠲᠦᠷᠤᠵᠤ ᠦᠰᠤᠭ᠍ᠰᠡᠨ ᠦᠯᠤᠬᠡᠢ ᠨᠤᠳᠤᠭ  ᠤᠨ  ᠢᠶᠠᠨ ᠮᠦᠩᠬᠡ ᠶᠢᠨ ᠠᠯᠳᠠᠨ ᠰᠢᠷᠤᠢ ᠲᠡᠬᠡᠷ᠎ᠡ ᠪᠦᠪᠠᠶᠢᠯᠡᠭᠳᠡᠵᠤ ᠲᠠᠪᠢᠨ ᠵᠢᠯ ᠤᠨ ᠬᠠᠪᠤᠷ ᠨᠠᠮᠤᠷ ᠢ ᠤᠭᠳᠤᠯ᠎ᠠ᠃ ᠨᠤᠲᠤᠭ ᠮᠢᠨᠢ ᠬᠠᠷᠠᠬᠤ ᠳᠤ ᠬᠠᠷᠠᠴᠠᠨ ᠳᠤ ᠲᠤᠯᠠᠭᠠᠨ᠂ ᠪᠤᠳᠤᠬᠤ ᠳᠤ ᠪᠤᠳᠤᠯ ᠳᠤ ᠰᠦᠮᠪᠤᠷ ᠪᠤᠷᠬᠠᠨ ᠰᠡᠳᠬᠢᠯᠳᠠᠨ ᠲᠡᠬᠡᠳᠤᠰ ᠤᠨ ᠮᠢᠨᠢ ᠢᠷᠠᠭᠤᠬᠠᠨ ᠠᠯᠳᠠᠷ ᠢᠶᠠᠨ ᠲᠠᠭᠤᠷᠢᠰᠣᠭᠤᠯᠵᠤ ᠶᠠᠪᠤᠭᠰᠡᠨ ᠦᠨᠢ ᠮᠦᠩᠬᠡ ᠶᠢᠨ ᠲᠤᠷᠠᠳᠬᠠᠯᠳᠤ ᠤᠷᠤᠨ ᠶᠤᠮᠰᠠᠨ᠃ ᠤᠨᠠᠭᠠᠨ ᠪᠠᠭ᠎ᠠ ᠨᠠᠰᠤᠨ ᠳᠤ ᠪᠠᠨ ᠪᠢᠴᠢᠭ ᠰᠤᠶᠤᠯ ᠤᠨ ᠮᠦᠷ ᠢ ᠲᠤᠳᠠᠭᠤ ᠲᠤᠷᠭᠤᠨ ᠬᠦᠭᠡᠭᠡᠵᠦ ᠮᠠᠯᠴᠢᠨ ᠬᠦᠮᠤᠨ ᠤ ᠬᠦᠳᠡᠯᠮᠤᠷᠢ ᠶᠢᠨ ᠠᠴᠢᠶ᠎ᠠ ᠬᠤᠶᠠᠷ ᠮᠦᠷᠤᠨ  ᠳᠤ  ᠨᠢ ᠤᠨᠤᠭᠳᠠᠬᠤ ᠳᠤ ᠶᠠᠭ ᠨᠡᠶᠢᠳᠡ  ᠶᠢᠨ ᠦᠮᠴᠢᠯᠡᠯ  ᠨᠢ ᠬᠤᠪᠢ  ᠶᠢᠨ ᠦᠮᠴᠢᠯᠡᠯ ᠪᠤᠯᠵᠤ ᠦᠪᠯᠡᠵᠤ ᠢᠷᠡᠭᠰᠡᠨ ᠨᠡᠬᠦᠳᠡᠯ ᠰᠤᠶᠤᠯ ᠲᠠᠢ ᠦᠪᠡᠷ ᠤᠨ ᠬᠡᠰᠡᠨ ᠬᠦᠷᠤᠩᠬᠡ ᠬᠤᠭᠰᠢᠯ ᠲᠠᠢ ᠦᠭᠡᠷᠡᠴᠢᠯᠡᠯᠳᠡ ᠨᠡᠭᠡᠭᠡᠯᠳᠡ ᠶᠢᠨ ᠰᠢᠨ᠎ᠡ ᠠᠮᠢᠳᠤᠷᠠᠯ ᠲᠠᠢ ᠪᠤᠯᠵᠦ ᠪᠠᠶᠢᠭᠰᠠᠨ ᠪᠢᠯᠡ᠃     ᠲᠡᠬᠡᠷ᠎ᠡ ᠵᠠᠭᠤᠨ ᠤ ᠨᠠᠶᠠᠭᠠᠳ ᠤᠨ ᠳᠤ ᠵᠢᠷᠤᠭ ᠰᠢᠬ ᠭᠤᠶᠤᠬᠠᠨ ᠪᠠᠶᠢᠭᠠᠯᠢ ᠶᠢᠨ ᠦᠵᠡᠮᠵᠢ ᠲᠠᠢ ᠬᠤᠭᠤᠯᠠᠳᠤ ᠂ ᠵᠢᠭᠠᠰᠤᠳᠠᠢ ᠨᠠᠭᠤᠷ  ᠲᠤ ᠬᠤᠨ  ᠤ ᠰᠦᠷᠤᠭ᠌ ᠬᠤᠨᠢᠨ ᠰᠦᠷᠤᠭ᠌ ᠬᠡᠮᠡᠷ ᠴᠠᠶᠢᠯᠵᠠᠭᠠᠳ ᠨᠠᠭᠤᠷ ᠢ ᠲᠤᠭᠤᠷᠢᠬᠰᠡᠨ ᠪᠢᠳᠡᠬᠦᠤ ᠰᠢᠭᠤᠢ ᠳᠤ ᠨᠢ ᠠᠳᠤᠭᠤᠨ ᠰᠦᠷᠤᠭ᠌ ᠤᠷᠤᠴᠢᠬᠠᠭᠠᠳ ᠦᠵᠡᠭᠳᠡᠬᠦ ᠦᠭᠡᠢ᠂ ᠠᠶᠢᠯ ᠤᠰᠤᠨ ᠤ ᠠᠳᠤᠭᠤᠴᠢᠨ ᠡᠷᠡᠰ ᠬᠡᠴᠢᠨᠡᠨ ᠡᠳᠤᠷ ᠤᠨ ᠡᠷᠢᠯ ᠪᠤᠯᠳᠠᠭ ᠨᠢ ᠦᠯᠢᠬᠡᠷ ᠴᠦ ᠶᠣᠮ ᠰᠢᠭ ᠰᠠᠨᠠᠭᠳᠠᠨ᠎ᠠ᠃     ᠰᠢᠡᠵᠢᠯᠡᠬᠦ ᠤᠬᠠᠭᠠᠨ ᠢ ᠡᠷᠬᠢᠮᠯᠡᠨ ᠮᠠᠯ ᠠᠵᠤ ᠠᠬᠤᠢ ᠶᠢ ᠬᠦᠭᠵᠢᠬᠦᠯᠬᠦ ᠨᠠᠮ ᠤᠨ ᠲᠦᠷᠤ ᠶᠢᠨ ᠪᠤᠳᠤᠯᠭ᠎ᠠ ᠬᠦᠳᠡᠭᠡ ᠨᠤᠳᠤᠭ ᠲᠤ ᠮᠢᠨᠢ ᠤᠷᠢᠶᠠᠯᠠᠭᠳᠠᠵᠤ ᠪᠠᠶᠢᠬᠰᠡᠨ ᠵᠢᠯ ᠤᠳ ᠤᠨ ᠨᠠᠯᠠᠭᠠᠷ ᠨᠠᠮᠤᠷ ᠤᠨ ᠨᠢᠬᠡᠨ ᠡᠳᠤᠷ ᠪᠢᠯᠡ᠃ ᠬᠤᠭᠤᠯᠠᠳᠤ ᠶᠢᠨ ᠰᠢᠯᠢ ᠶᠢᠨ ᠰᠠᠷᠠᠭᠤᠯ ᠲᠡᠡᠵᠢᠨ ᠲᠡᠬᠡᠷ᠎ᠡ ᠬᠤᠨ ᠴᠠᠭᠠᠨ ᠮᠤᠩᠭᠤᠯ ᠬᠡᠷ ᠢ ᠵᠢᠭᠳᠡᠷᠡᠬᠦᠯᠤᠨ ᠪᠤᠰᠬᠠᠵᠤ᠂ ᠴᠠᠴᠠᠷ ᠮᠠᠶᠢᠬᠠᠨ ᠲᠤᠭ ᠲᠠᠯᠪᠠᠭ᠎ᠠ ᠨᠠᠮᠢᠷᠠᠭᠤᠯᠵᠤ ᠨᠠᠶᠢᠷ ᠤᠨ ᠰᠤᠷᠠᠭ ᠠᠮᠠ ᠲᠠᠮᠵᠢᠨ ᠮᠠᠯᠴᠢᠨ ᠲᠦᠮᠡᠨ ᠤ ᠮᠢᠨᠢ ᠰᠡᠳᠬᠢᠯ ᠢ ᠪᠠᠶᠠᠰᠬᠠᠨ᠎ᠠ᠃ ᠡᠨᠡ ᠬᠦ ᠨᠠᠶᠢᠷ ᠨᠢ ᠮᠠᠨ ᠤ ᠭᠠᠴᠠᠭᠠᠨ ᠤ ᠲᠠᠯ᠎ᠠ ᠨᠤᠳᠤᠭ ᠤᠨ ᠤᠯᠠᠭᠠᠨ ᠦᠬᠡᠷ ᠢ ᠬᠢᠨᠡᠨ ᠰᠢᠯᠭᠠᠬᠤ ᠨᠠᠭᠠᠳᠤᠮ ᠤᠨ ᠬᠤᠷᠠᠯ ᠪᠠᠶᠢᠯ᠎ᠠ᠃ ᠶᠠᠭ ᠡᠨᠡ ᠨᠢ ᠮᠢᠨᠤ ᠠᠪᠤ ᠪᠠ ᠮᠠᠯᠴᠢᠨ ᠲᠦᠮᠡᠨ ᠤ ᠮᠢᠨᠢ ᠬᠡᠴᠢᠨᠡᠨ ᠵᠢᠯ  ᠤᠨ ᠰᠢᠷᠭᠠᠭᠤ ᠬᠦᠳᠡᠯᠮᠤᠷᠢ  ᠪᠠᠷ  ᠢᠶᠠᠨ ᠪᠤᠶᠢᠵᠢᠭᠤᠯᠤᠨ ᠬᠦᠭᠵᠢᠬᠦᠯᠤᠭ᠍ᠰᠡᠨ ᠱᠢᠷᠤᠨ ᠤᠯᠠᠭᠠᠨ ᠲᠠᠯ᠎ᠠ ᠨᠤᠳᠤᠭ ᠤᠨ ᠤᠯᠠᠭᠠᠨ ᠦᠬᠡᠷ ᠤᠨ ᠰᠦᠷᠤᠭ᠌ ᠪᠤᠯᠤᠨ᠎ᠠ᠃ ᠡᠨᠡ ᠬᠦ ᠨᠠᠶᠢᠷ ᠢᠶᠠᠷ ᠲᠠᠮᠵᠢᠵᠤ ᠬᠤᠰᠢᠭᠤ᠂ ᠠᠶᠢᠮᠠᠭ᠂ ᠤᠷᠤᠨ ᠪᠠ ᠤᠯᠤᠰ ᠤᠨ ᠡᠯ᠎ᠡ ᠭᠠᠵᠠᠷ ᠤᠨ ᠠᠷᠪᠠᠨ ᠬᠡᠳᠤᠨ ᠮᠤᠵᠢ ᠤᠷᠤᠨ ᠤ ᠤᠳᠤᠷᠢᠳᠤᠯᠭ᠎ᠠ ᠮᠡᠷᠬᠡᠵᠢᠯᠳᠡᠳ ᠤᠨ ᠬᠢᠨᠡᠨ ᠪᠠᠶᠢᠴᠠᠭᠠᠯᠳᠠ ᠪᠠᠷ ᠤᠯᠤᠰ ᠤᠨ ᠲᠡᠰ ᠤᠨ ᠲᠠᠯ᠎ᠠ ᠨᠤᠳᠤᠭ ᠤᠨ ᠤᠯᠠᠭᠠᠨ ᠦᠬᠡᠷ ᠢᠶᠠᠷ ᠦᠨᠡᠯᠡᠭᠳᠡᠵᠤ ᠠᠪᠤ ᠮᠢᠨᠢ ᠠᠯᠳᠠᠨ ᠦᠰᠤᠭ᠌  ᠲᠠᠢ ᠲᠦᠷᠤ  ᠶᠢᠨ ᠱᠠᠩᠨᠠᠯ  ᠢᠶᠠᠷ ᠬᠦᠬᠢᠬᠦᠯᠤᠭ᠍ᠳᠡᠵᠤ ᠶᠠᠪᠤᠭᠰᠡᠨ ᠲᠡᠤᠬᠡ ᠨᠠᠮᠳᠠᠷ ᠪᠠᠯᠴᠢᠷ ᠨᠠᠰᠤᠨ ᠤ ᠤᠢ ᠤᠬᠠᠭᠠᠨ  ᠳᠤ ᠦᠨᠢᠳᠡ ᠰᠡᠶᠢᠯᠤᠭ᠍ᠳᠡᠵᠠᠢ᠃ ᠤᠰᠤ ᠶᠢ ᠨᠢ ᠤᠤᠭᠤᠪᠠᠯ ᠡᠬᠡ ᠶᠢ ᠨᠢ ᠪᠤᠤ ᠮᠠᠷᠳᠠ ᠬᠡᠳᠡᠭ ᠢᠶᠠᠷ ᠲᠦᠷᠤ ᠳᠤ ᠪᠠᠨ ᠠᠯᠳᠠᠷ ᠲᠠᠢ ᠲᠦᠮᠡᠨ ᠳᠤ ᠪᠠᠨ ᠵᠢᠳᠬᠦᠯ ᠲᠠᠢ ᠡᠬᠡᠯ ᠵᠢᠷ ᠤᠨ ᠮᠠᠯᠴᠢᠨ ᠠᠪᠤ ᠪᠠᠨ ᠪᠢ ᠲᠤᠷᠠᠳᠬᠤ ᠶᠤᠰᠤᠳᠠᠢ᠂ ᠪᠢᠴᠢᠭᠯᠡᠬᠦ ᠴᠦ ᠶᠤᠰᠤᠳᠠᠢ᠃ ᠬᠦᠳᠡᠯᠮᠤᠷᠢᠴᠢ ᠮᠠᠯᠴᠢᠳ ᠤᠨ ᠢᠶᠠᠨ ᠲᠤᠳᠤᠷ᠎ᠠ ᠭᠠᠪᠢᠶᠠᠳᠤ ᠬᠦᠮᠤᠨ ᠬᠡᠬᠦ ᠳᠤ ᠵᠦᠪ ᠶᠤᠮᠰᠠᠨ᠃     ᠬᠠᠭᠤᠴᠢᠨ ᠶᠠᠭᠤᠮ᠎ᠠ ᠤᠯᠠ ᠪᠤᠯᠵᠤ ᠰᠢᠨ᠎ᠡ ᠶᠠᠭᠤᠮ᠎ᠠ ᠵᠤᠯᠠ ᠪᠤᠯᠤᠨ᠎ᠠ ᠬᠡᠳᠡᠭᠴᠢᠯᠡᠨ ᠠᠷᠢᠭᠤᠨ ᠴᠢᠭᠡᠴᠢ ᠬᠦᠳᠡᠯᠮᠤᠷᠢ ᠪᠠᠷ ᠢᠶᠠᠨ ᠠᠬᠤᠢ ᠤᠶᠢᠯᠡᠰ ᠢᠶᠠᠨ ᠪᠦᠳᠤᠬᠡᠨ ᠪᠠᠶᠢᠭᠤᠯᠤᠭᠰᠡᠨ ᠮᠠᠯᠴᠢᠨ ᠲᠦᠮᠡᠨ ᠤ ᠮᠢᠨᠢ ᠶᠡᠭᠡ ᠠᠯᠳᠠᠷ ᠨᠢ ᠦᠯᠤᠬᠡᠢ ᠨᠤᠳᠤᠭ  ᠤᠨ  ᠢᠶᠠᠨ ᠰᠢᠷᠭᠡᠭ ᠡᠪᠡᠰᠤ ᠮᠦᠬᠦᠯᠢᠭ ᠰᠢᠷᠤᠢ  ᠳᠤ ᠨᠢ ᠬᠦᠷᠳᠡᠯ᠎ᠡ ᠠᠭᠤᠰᠤᠨ ᠠᠮᠢᠯᠠᠬᠰᠠᠭᠠᠷ ᠪᠢᠯᠡ᠃ ᠪᠠᠶᠠᠨ ᠪᠠᠶᠢᠭᠠᠯᠢ  ᠶᠢᠨ ᠰᠠᠶᠢᠬᠠᠨ ᠦᠵᠡᠮᠵᠢ ᠰᠤᠯᠤᠩᠭᠠᠷᠠᠨ ᠪᠠᠭᠠᠳᠤᠷ ᠮᠠᠯᠴᠢᠳ ᠤᠨ ᠠᠷᠢᠭᠤᠨ ᠤᠶᠢᠯᠡᠰ ᠪᠠᠳᠠᠷᠠᠭᠰᠠᠨ ᠨᠤᠲᠤᠭ ᠢᠶᠠᠨ ᠪᠢ ᠪᠠᠭ᠋ᠠᠷᠠᠯᠳᠤ ᠬᠦᠳᠡᠯᠮᠤᠷᠢ  ᠶᠢᠨ ᠴᠡᠭᠡᠯᠭᠡᠨ ᠠᠶᠠᠯᠭᠤ  ᠪᠠᠷ ᠮᠠᠭᠳᠠᠮᠤ᠂ ᠡᠯᠡᠰᠤ ᠮᠠᠩᠬᠠᠨ ᠤ ᠡᠬᠡ ᠨᠤᠳᠤᠭ ᠮᠢᠨᠢ ᠦᠵᠡᠰᠬᠦᠯᠡᠩ ᠲᠠᠢ ᠳ᠋ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号