ᠠᠷᠪᠢᠯᠠᠪᠠᠯ ᠠᠮᠢᠨ ᠳᠤ ᠲᠤᠰᠠ
ᠨᠡᠶᠢᠲᠡᠯᠡᠭᠰᠡᠨ ᠴᠠᠭ᠄
2021/3/23
    ᠨᠡᠶᠢᠭᠡᠮ ᠠᠬᠤᠢ ᠬᠦᠭᠵᠢᠵᠦ ᠠᠮᠢᠳᠤᠷᠠᠯ ᠰᠠᠶᠢᠵᠢᠷᠠᠭᠰᠠᠨ ᠠᠴᠠ ᠬᠦᠮᠦᠰ ᠬᠤᠷᠢᠮ ᠨᠠᠶᠢᠷ ᠪᠦᠭᠦᠨ ᠢ ᠬᠤᠭᠤᠯᠠᠨ ᠭᠡᠷ ᠲᠤ ᠬᠢᠵᠤ ᠪᠠᠶᠢᠭ᠎ᠠ ᠨᠢ ᠨᠡᠶᠢᠳᠡᠮ ᠎ ᠤᠨ ᠦᠵᠡᠭᠳᠠᠯ ᠪᠤᠯᠤᠭᠰᠠᠨ ᠬᠡᠯᠳᠠᠢ ᠃ ᠡᠨᠡ ᠨᠢ ᠬᠤᠷᠢᠮ ᠨᠠᠶᠢᠷ ᠭᠢᠭᠴᠢ ᠎ ᠳᠤ ᠶᠡᠭᠡᠳᠡ ᠲᠦᠭᠦᠮ ᠪᠣᠯᠪᠠ ᠭᠡᠶ᠎ᠠ ᠰᠢᠷᠡᠭᠡ ᠲᠦᠭᠦᠷᠡᠩ ᠭᠠᠷᠭᠠᠭᠰᠠᠨ ᠬᠠᠭᠤᠷᠤᠯᠭ᠎ᠠ ᠬᠠᠭᠠᠷᠢᠯᠭ᠎ᠠ ᠎ ᠠᠴᠠ ᠦᠯᠡᠳᠡᠭᠰᠠᠨ ᠬᠤᠭᠤᠯᠠ ᠵᠠᠭᠤᠰᠢ ᠡᠴᠣᠰ ᠲᠤ ᠪᠠᠨ ᠭᠡᠭᠡᠭᠳᠡᠵᠦ  ᠪᠠᠶᠢᠳᠠᠭ ᠃ ᠡᠶᠢᠮᠦᠷᠬᠦᠦ ᠠᠮᠤ ᠪᠤᠳᠠᠭ᠎ᠠ ᠶᠢ ᠪᠦᠷᠢᠯᠬᠡᠨ ᠰᠦᠢᠳᠬᠡᠬᠦ ᠦᠵᠡᠭᠳᠡᠯ ᠭᠦᠮᠦᠨ‌ᠢ ᠰᠣᠴᠢᠭᠠᠮ᠎ᠠ ᠭᠡᠮᠵᠢᠶᠠᠨ ᠳᠤ ᠭᠦᠷᠴᠣ ᠪᠠᠶᠢᠭ᠎ᠠ ᠶᠢ ᠪᠢᠳᠡ ᠲᠤᠩᠭᠠᠨ ᠪᠤᠳᠤᠭᠤᠰᠢᠲᠠᠢ ᠃     ︽ ᠠᠮᠠᠨ ᠎ ᠳᠤ ᠣᠷᠣᠳᠠᠯ᠎ᠠ ᠠᠷᠪᠠᠨ ᠲᠠᠪᠠᠭ᠎ᠠ ︾ ᠭᠡᠵᠥ ᠠᠮᠣ ᠪᠣᠳᠠᠭᠠᠨ ᠎ ᠤ ᠭᠢᠯᠪᠠᠷ ᠪᠣᠰᠣ ᠢᠷᠡᠯᠳᠠ ᠶᠢ ᠲᠤᠰᠬᠠᠭᠰᠠᠨ ᠪᠠᠶᠢᠳᠠᠭ ᠃ ᠡᠶᠢᠨ ᠬᠦ ᠡᠬᠡ ᠡᠴᠢᠭᠡ ᠪᠤᠯᠤᠬᠰᠠᠳ ᠦᠷ᠎ᠡ ᠭᠡᠣᠭᠡᠳ ᠎ ᠢᠶᠠᠨ ᠬᠠᠷᠠᠬᠠᠨ ᠪᠠᠭ᠎ᠠ ᠎ ᠠᠴᠠ ᠎ ᠨᠢ ᠠᠷᠪᠢᠯᠠᠨ ᠭᠠᠮᠨᠠᠬᠤ ᠰᠠᠶᠢᠬᠠᠨ ᠳᠠᠳᠬᠠᠯ ᠲᠠᠢ ᠪᠣᠯᠭᠠᠨ ᠭᠦᠮᠦᠵᠢᠭᠦᠯᠭᠦ  ᠎ ᠶᠢᠨ ᠲᠦᠯᠦᠭᠡ     ︽ᠠᠮᠤ ᠪᠣᠳᠠᠭ᠎ᠠ ᠪᠠᠨ ᠠᠰᠬᠠᠪᠠᠯ ᠠᠮᠠᠨ ᠭᠦᠨᠡᠰᠤ ᠴᠢᠨᠢ ᠠᠷᠢᠯᠤᠨ᠎ᠠ ︾ ᠭᠡᠵᠥ ᠴᠡᠭᠡᠷᠯᠡᠬᠦᠯᠦᠨ ᠰᠣᠷᠭᠠᠳᠠᠭ ᠂ ᠪᠠᠰᠨ ᠦᠪᠡᠷ ᠎ ᠤᠨ ᠪᠠ ᠪᠣᠰᠣᠳ ᠎ ᠤᠨ ᠭᠦᠳᠡᠯᠮᠣᠷᠢ ᠎ ᠶᠢ ᠬᠠᠶᠢᠷᠡᠯᠠᠬᠤ ᠎ ᠶᠢ ᠰᠠᠨᠠᠭᠠᠴᠢᠯᠠᠨ ︽ ᠪᠣᠰᠣᠳ ᠤᠨ ᠲᠠᠷᠢᠶᠠᠨ ᠲᠣᠮᠳᠠᠭᠤᠷ ᠪᠢᠳᠡᠭᠡᠢ ᠶᠠᠪᠤ᠂ ᠠᠮᠠᠨ ᠭᠦᠨᠡᠰᠤ ᠴᠢᠨᠢ ᠬᠠᠰᠣᠭᠳᠠᠨ᠎ᠠ︾ ᠭᠡᠮᠡᠨ ᠣᠷᠭᠤᠭ᠎ᠠ ᠲᠠᠷᠢᠶ᠎ᠠ ᠶᠢ ᠰᠦᠢᠳᠭᠡᠬᠦ ᠶᠢ ᠴᠤ ᠴᠡᠭᠡᠷᠯᠡᠭᠦᠯᠳᠡᠭ ᠃ ︽ ᠠᠮᠠᠨ ᠭᠦᠨᠡᠰᠤ ᠠᠷᠢᠯᠪᠠᠯ ᠢᠳᠡᠭᠦ ᠪᠣᠳᠠᠭ᠎ᠠ ᠦᠭᠡᠢ ᠪᠤᠯᠤᠨ᠎ᠠ ︾ ᠭᠡᠵᠥ ᠪᠣᠳᠣᠬᠤ ᠳᠤ ᠪᠠᠨ ᠪᠢᠳᠡ ᠠᠮᠤ ᠪᠣᠳᠠᠭ᠎ᠠ ᠪᠠᠨ ᠠᠰᠬᠠᠵᠥ ᠴᠢᠳᠬᠤᠬᠤ ᠠᠴᠠ ᠮᠠᠰᠢ ᠭᠢᠴᠢᠶᠡᠳᠡᠭ ᠪᠢᠯᠨ ᠃     ᠠᠮᠣ ᠪᠣᠳᠠᠭ᠎ᠠ ᠶᠢ ᠠᠷᠪᠢᠯᠠᠬᠤ ᠨᠢ ᠭᠡᠷ ᠎ ᠤᠨ ᠭᠦᠮᠦᠵᠢᠯ ᠎ ᠤᠨ ᠴᠢᠬᠤᠯᠨ ᠠᠭᠤᠯᠭ᠎ᠠ ᠮᠦᠨ ᠃ ︽ᠨᠢᠭᠡ ᠮᠦᠭᠦᠯᠢᠭ ᠪᠤᠳᠠᠭ᠎ᠠ ᠲᠡᠭᠷᠢ ᠳᠡᠭᠡᠷ᠎ᠠ ᠠᠴᠠ  ᠲᠡᠮᠡᠭᠡᠨ ᠶᠢᠨ ᠴᠢᠨᠡᠭᠡ ᠬᠠᠷᠠᠭᠳᠠᠨ᠎ᠠ ︾ ᠂ ︽ ᠠᠶᠠᠭᠠᠨ ᠳᠤ ᠪᠠᠨ ᠠᠮᠤ ᠪᠣᠳᠠᠭ᠎ᠠ ᠪᠠᠨ ᠦᠯᠡᠳᠡᠭᠡᠪᠡᠯ ᠠᠮᠠᠨ ᠭᠡᠰᠢᠭ ᠴᠢᠨᠢ ᠲᠠᠭᠠᠯᠳᠤᠨ ᠦᠯᠡᠳᠡᠨ᠎ᠡ ︾ ᠭᠡᠵᠦ ᠠᠬᠠᠮᠠᠳ ᠲᠤᠮᠤᠭᠠᠳᠠᠳ ᠎ ᠤᠨ ᠴᠡᠭᠡᠷ ᠰᠤᠷᠭᠠᠯ ᠠᠴᠠ ᠪᠢᠳᠡ ᠠᠶᠠᠭᠠᠨ ᠤ ᠪᠠᠨ ᠭᠠᠳᠠᠨ᠎ᠠ ᠠᠰᠬᠠᠵᠤ ᠴᠢᠳᠬᠤᠯ ᠦᠭᠡᠢ᠂ ᠠᠶᠠᠭᠠᠨ ᠲᠤᠳᠤᠷ᠎ᠠ ᠪᠠᠨ ᠦᠯᠡᠳᠡᠭᠡᠵᠦ ᠤᠷᠬᠢᠭᠳᠠᠭᠤᠯᠤᠯ ᠦᠭᠡᠢ ᠪᠠᠷ ᠴᠡᠪᠡᠷ ᠰᠠᠶᠢᠬᠠᠨ ᠬᠤᠭᠤᠯᠠᠯᠠᠳᠠᠭ ᠵᠠᠩᠰᠢᠯ ᠲᠠᠢ ᠪᠤᠯᠤᠭᠰᠠᠨ᠃ ᠪᠤᠤᠪᠤ ᠪᠣᠭᠤᠷᠰᠤᠭ ᠢᠳᠡᠭᠦ ᠎ ᠳᠤ ᠦᠷᠦᠮᠡᠭ‌ᠨᠢ ᠭᠠᠵᠠᠷ ᠣᠨᠠᠬᠤ ᠠᠴᠠ ᠭᠢᠴᠢᠶᠡᠵᠥ ᠨᠢᠭᠡ ᠭᠠᠷ ᠎ ᠢᠶᠠᠷ ᠎ ᠢᠶᠠᠨ ᠪᠠᠷᠢᠵᠥ ᠨᠦᠭᠦᠭᠡ ᠭᠠᠷ ᠢᠶᠠᠷ  ᠎ ᠢᠶᠠᠨ ᠲᠣᠰᠴᠤ ᠢᠳᠡᠳᠡᠭ ᠂ ᠭᠠᠵᠠᠷ ᠎ ᠲᠤ ᠣᠨᠠᠭᠰᠠᠨ ᠪᠣᠭᠤᠷᠰᠤᠭ ᠎ ᠢ ᠠᠷᠴᠢᠵᠥ ᠦᠯᠢᠶᠡᠵᠥ ᠴᠡᠪᠡᠷᠯᠡᠭᠡᠳ ᠢᠳᠡᠵᠥ ᠪᠣᠯᠳᠠᠭ ᠪᠣᠯ ᠢᠳᠡᠨ᠎ᠡ ᠂ ᠢᠳᠡᠵᠥ ᠪᠣᠯᠬᠤ ᠦᠭᠡᠢ ᠪᠣᠯ ᠲᠠᠭᠢᠶ᠎ᠠ ᠨᠣᠬᠠᠢ ᠎ ᠳᠤ ᠦᠭᠭᠦᠨ᠎ᠠ ᠃  ᠭᠠᠵᠠᠷ ᠎ ᠲᠤ ᠤᠨᠠᠭᠰᠠᠨ ᠪᠣᠳᠠᠭᠠᠨ ᠲᠡᠭᠡᠭᠦᠷ ᠠᠯᠬᠤᠵᠤ ᠭᠢᠰᠭᠢᠭᠦ ᠶᠢ ᠴᠡᠭᠡᠷᠯᠡᠳᠡᠭ ᠪᠦᠭᠡᠳ ᠭᠤᠯᠢᠷ ᠤᠨ ᠲᠠᠭᠠᠷᠴᠤᠭ  ᠎ ᠢ  ᠭᠦᠪᠢᠭᠦ  ᠎ ᠳᠤ  ᠎ ᠪᠠᠨ ᠡᠪᠡᠰᠣᠨ ᠲᠡᠭᠡᠷ᠎ᠡ ᠭᠦᠪᠢᠳᠡᠭ ᠃     ᠠᠷᠪᠢᠯᠠᠨ ᠭᠠᠮᠨᠠᠬᠤ ᠪᠣᠯ ᠠᠮᠢᠳᠣᠷᠠᠯ ᠎ ᠢᠶᠠᠨ ᠦᠭᠡᠳᠠ ᠎ ᠲᠠᠢ ᠦᠩᠭᠡ ᠲᠠᠢ ᠠᠪᠴᠤ ᠶᠠᠪᠣᠬᠤ ᠶᠢᠨ ᠨᠢᠭᠡᠨ ᠴᠢᠬᠤᠯᠨ ᠵᠣᠷ ᠮᠦᠨ ᠃ ᠦᠢᠯᠨ ᠵᠤᠪᠠᠯᠠᠩ ᠢᠶᠠᠨ ᠦᠵᠡᠵᠥ ᠬᠤᠭᠰᠢᠭᠤᠯᠣᠭᠰᠠᠨ ᠡᠳ᠋ ᠮᠦᠩᠭᠦ ᠪᠠᠨ ᠠᠷᠪᠢᠯᠠᠵᠥ ᠡᠳ᠋ᠯᠡᠭᠦ ᠨᠢ ᠭᠦᠮᠦᠰ ᠎ ᠤᠨ ᠠᠮᠢᠳᠣᠷᠠᠬᠤᠢ ᠎ ᠶᠢᠨ ᠣᠪᠣᠷ ᠪᠠᠶᠢᠵᠤ ᠳᠠᠭᠠᠷᠠᠨ᠎ᠠ ᠃ ᠡᠴᠢᠭᠡ ᠡᠭᠡ ᠪᠣᠯᠣᠭᠰᠠᠳ ᠦᠷ᠎ᠡ ᠭᠡᠣᠭᠡᠳ ᠲᠤ ᠪᠠᠨ ᠠᠷᠪᠢᠯᠠᠨ ᠭᠠᠮᠨᠠᠬᠤ ᠎ ᠶᠢᠨ ᠣᠴᠢᠷ ᠣᠬᠠᠭᠠᠨ ᠎ ᠢ ᠬᠠᠷᠠᠬᠠᠨ ᠪᠠᠭ᠎ᠠ ᠠᠴᠠ ᠎ ᠨᠢ ᠵᠢᠭᠠᠵᠥ ᠰᠣᠷᠭᠠᠬᠤ ᠨᠢ ᠴᠢᠬᠤᠯᠠ ᠠᠴᠠ ᠴᠢᠬᠤᠯᠠ ᠃  ᠪᠠᠭ᠎ᠠ ᠪᠠᠶᠢᠬᠤ ᠳᠤ ᠡᠵᠢ ᠮᠢᠨᠢ ᠄ ︽ ᠨᠢᠭᠡ ᠠᠶᠢᠯ ᠎ ᠤᠨ ᠡᠵᠡᠭᠳᠡᠢ ᠡᠳᠤᠷ ᠪᠦᠷᠢ ᠬᠤᠭᠤᠯᠠ ᠪᠣᠳᠠᠭ᠎ᠠ ᠭᠢᠭᠦ ᠎ ᠳᠤ ᠪᠠᠨ ᠪᠣᠳᠠᠭᠠᠨ ᠎ ᠤ ᠪᠠᠨ ᠳᠡᠭᠡᠵᠢ ᠠᠴᠠ ᠨᠢᠭᠡ ᠴᠢᠮᠭᠢ ᠠᠪᠴᠤ ᠦᠭᠡᠷ᠎ᠡ ᠨᠢᠭᠡ ᠲᠠᠭᠠᠷᠴᠤᠭ ᠲᠤ ᠭᠢᠵᠦ ᠲᠠᠯᠪᠢᠳᠠᠭ ᠃ ᠲᠡᠭᠡᠭᠡᠳ ᠨᠡᠯᠢᠶᠡᠳ ᠡᠳᠦᠷ ᠬᠤᠨᠤᠭ ᠦᠩᠬᠡᠷᠡᠬᠡᠳ ᠳᠤᠮᠤ ᠤᠭᠤᠲᠠ ᠎ ᠲᠠᠢ ᠪᠤᠳᠠᠭ᠎ᠠ ᠨᠢ ᠢᠳᠡᠵᠥ ᠪᠠᠷᠠᠬᠤ ᠎ ᠳᠤ ᠦᠨᠦᠬᠢ ᠴᠢᠮᠬᠢ ᠴᠢᠮᠬᠢ ᠪᠠᠷ ᠬᠠᠳᠠᠭᠠᠯᠠᠵᠥ ᠪᠠᠶᠢᠭᠰᠠᠨ ᠪᠤᠳᠠᠭ᠎ᠠ ᠪᠠᠨ ᠭᠠᠷᠭᠠᠭᠠᠳ ᠢᠳᠡᠳᠡᠭ ᠪᠠᠶᠢᠵᠠᠢ ︾ ᠭᠡᠵᠦ ᠦᠯᠢᠭᠡᠷᠯᠡᠨ ᠶᠡᠷᠢᠵᠥ ᠂ ᠨᠠᠳᠠ ᠎ ᠳᠤ ᠠᠮᠣ ᠪᠣᠳᠠᠭ᠎ᠠ‌‍ᠶᠢ ᠭᠡᠮᠵᠢᠶ᠎ᠡ ᠲᠤᠮᠵᠢᠶ᠎ᠠ ᠲᠠᠢ ᠭᠢᠵᠥ ᠢᠳᠡᠭᠦ ᠶᠢ ᠰᠠᠨᠠᠭᠤᠯᠵᠥ ᠭᠦᠮᠦᠵᠢᠭᠦᠯᠦᠭᠰᠠᠨ ᠪᠠᠶᠢᠳᠠᠭ ᠃ ᠡᠨ᠋ᠨ ᠨᠢ ᠨᠠᠳᠠ‌‍ᠳᠤ ︽ ᠠᠷᠪᠢᠯᠠᠪᠠᠯ ᠠᠮᠢᠨ ᠎ ᠳᠤ ᠲᠣᠰᠨ ︾ ᠭᠡᠳᠡᠭ ᠣᠬᠠᠭᠠᠨ‌ᠢ ᠲᠡᠨᠢᠭᠤᠯᠣᠭᠰᠠᠨ ᠪᠦᠭᠡᠳ ᠬᠤᠭᠤᠯᠠ ᠪᠣᠳᠠᠭ᠎ᠠ ᠎ ᠶᠢ ᠭᠡᠮᠵᠢᠶ᠎ᠠ ᠲᠠᠢ ᠭᠢᠵᠥ ᠢᠳᠡᠭᠦ ᠳᠠᠳᠬᠠᠯ ᠎ ᠢ ᠪᠦᠷᠢᠯᠳᠦᠭᠦᠯᠬᠦ ᠎ ᠳᠤ ᠲᠤᠰᠠ ᠪᠤᠯᠤᠭᠰᠠᠨ ᠶᠣᠮ ᠃     ︽ ᠠᠷᠪᠢᠯᠠᠬᠤ ᠎ ᠶᠢ ᠠᠮᠠᠰᠠᠷ ᠠᠴᠠ ᠎ ᠨᠢ ᠂ ᠠᠰᠬᠠᠬᠤ ᠎ ᠶᠢ ᠢᠷᠣᠭᠠᠷ ᠠᠴᠠ ᠎ ᠨᠢ ︾ ᠭᠡᠳᠡᠭ ᠃ ᠡᠳ᠋ ᠶᠠᠭᠤᠮ᠎ᠠ ᠪᠠᠨ ᠪᠠᠶᠢᠭᠰᠠᠨ ᠴᠠᠭ ᠠᠴᠠ ᠨᠢ ᠡᠭᠢᠯᠠᠨ ᠠᠷᠪᠢᠯᠠᠬᠤ ᠎ ᠨᠢ ᠣᠬᠠᠭᠠᠠᠳᠤ ᠭᠦᠮᠦᠰ ᠎ ᠤᠨ ᠮᠡᠷᠬᠡᠨ ᠬᠢᠳᠡᠯ ᠪᠢᠯᠠ ᠃ ᠮᠦᠩᠭᠦ ᠎ ᠶᠢ ᠵᠡᠷᠣᠵᠥ ᠰᠣᠷᠣᠨ᠎ᠠ ᠭᠡᠳᠡᠭ ᠣᠯᠬᠤ ᠠᠴᠠ ᠎ ᠪᠠᠨ ᠲᠣᠳᠠᠭᠤ ᠦᠭᠡᠢ ᠤᠷ᠎ᠡ ᠣᠬᠠᠭᠠᠨ ᠤᠷᠤᠨ᠎ᠠ ᠃ ︽ ᠮᠦᠩᠭᠦ ᠎ ᠶᠢ ᠣᠯᠣᠭᠰᠠᠨ ᠭᠦᠮᠦᠨ ᠎ ᠢᠶᠠᠷ ᠨᠢ ᠡᠳ᠋ᠯᠡᠭᠦᠯ ᠂ ᠲᠦᠯᠡᠭᠡ ᠎ ᠶᠢ ᠡᠭᠦᠷᠦᠭᠰᠠᠨ ᠭᠦᠮᠦᠨ  ᠎ ᠢᠶᠠᠷ ᠨᠢ ᠲᠦᠯᠡᠭᠦᠯ ︾ ᠭᠡᠰᠡᠡ ᠦᠬᠡ ᠪᠠᠶᠢᠳᠠᠭ ᠃ ᠣᠯᠣᠭᠰᠠᠨ ᠶᠠᠭᠤᠮ᠎ᠠ ᠭᠡᠵᠢᠶᠠᠳᠠ ᠪᠠᠷᠠᠭᠳᠠᠬᠤ ᠦᠭᠡᠢ ᠭᠡᠵᠥ ᠭᠡᠨ ᠴᠤ ᠭᠡᠯᠡᠵᠥ ᠴᠢᠳᠠᠬᠤ ᠦᠭᠡᠢ ᠂ ᠴᠤᠭᠯᠠᠭᠤᠯᠵᠦ ᠬᠤᠭᠰᠢᠭᠤᠯᠣᠭᠰᠠᠨ ᠎ ᠢᠶᠠᠨ ᠲᠡᠯᠡᠭᠠᠷ ᠦᠷᠡᠬᠦ ᠶᠢ ᠴᠡᠭᠡᠷᠯᠡᠵᠦ ᠂ ᠠᠷᠪᠢᠯᠠᠵᠦ ᠭᠠᠮᠨᠠᠵᠦ ᠶᠠᠪᠣᠭᠠᠷᠠᠢ ᠬᠦᠮᠦᠰ ᠡ ᠃
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号