ᠨᠣᠮ ᠪᠢᠴᠢᠭ ᠪᠤᠯ ᠪᠢᠳᠡᠨ ᠤ ᠬᠠᠮᠤᠭ ᠤᠨ ᠰᠠᠶᠢᠨ ᠪᠠᠭᠰᠢ ᠮᠦᠨ
ᠨᠡᠶᠢᠲᠡᠯᠡᠭᠰᠡᠨ ᠴᠠᠭ᠄
2021/2/18
    ᠡᠷᠲᠡ ᠤᠷᠢᠲᠤ ᠠᠴᠠ ᠠᠪᠤᠭᠠᠳ ᠦᠩᠭᠡᠷᠡᠭᠰᠡᠨ ᠤ ᠲᠡᠦᠬᠡᠨ ᠬᠡᠷᠡᠭ ᠤᠴᠢᠷ᠂ ᠥᠨᠦ ᠰᠢᠨ᠎ᠡ ᠴᠠᠭ ᠦᠶ᠎ᠡ ᠶᠢᠨ ᠬᠦᠭᠵᠢᠯᠲᠡ ᠬᠤᠪᠢᠷᠠᠯᠲᠠ᠂ ᠰᠣᠶᠣᠯ ᠰᠢᠨᠵᠢᠯᠡᠬᠦ ᠤᠬᠠᠭᠠᠨ ᠤ ᠮᠡᠳᠡᠯᠭᠡ ᠴᠢᠳᠠᠪᠤᠷᠢ ᠶᠢ ᠪᠢᠳᠡ ᠪᠦᠷ ᠨᠣᠮ ᠪᠢᠴᠢᠭ ᠳᠡᠭᠡᠷ᠎ᠡ ᠠᠴᠠ ᠦᠵᠡᠵᠦ ᠤᠶᠢᠯᠠᠭᠠᠨ ᠡᠵᠡᠮᠰᠢᠵᠦ ᠴᠢᠳᠠᠳᠠᠭ᠃ ᠬᠦᠮᠦᠨ ᠲᠦᠷᠦᠯᠬᠢᠲᠡᠨ ᠤ ᠨᠡᠶᠢᠭᠡᠮ ᠤᠨ ᠤᠷᠲᠤ ᠤᠳᠠᠭᠠᠨ ᠲᠡᠦᠬᠡ ᠶᠢᠨ ᠶᠠᠪᠤᠴᠠ ᠳᠤ ᠨᠣᠮ ᠪᠢᠴᠢᠭ ᠨᠢ ᠥᠪᠡᠷ ᠤᠨ ᠴᠢᠬᠤᠯᠠ ᠦᠢᠯᠡᠳᠦᠯ ᠢᠶᠠᠨ ᠦᠵᠡᠭᠦᠯᠦᠭᠰᠡᠭᠡᠷ ᠢᠷᠡᠭᠰᠡᠨ ᠪᠦᠭᠡᠳ ᠲᠡᠷᠡ ᠨᠢ ᠬᠦᠮᠦᠨ ᠲᠦᠷᠦᠯᠬᠢᠲᠡᠨ ᠤ ᠬᠠᠮᠤᠭ ᠤᠨ ᠰᠠᠶᠢᠨ ᠪᠠᠭᠰᠢ ᠶᠤᠮ᠃ ᠬᠦᠮᠦᠰ ᠮᠡᠳᠡᠬᠦ ᠦᠭᠡᠢ ᠴᠢᠳᠠᠬᠤ ᠦᠭᠡᠢ ᠵᠦᠢᠯ ᠢᠶᠠᠨ ᠨᠣᠮ ᠪᠢᠴᠢᠭ ᠠᠴᠠ ᠰᠤᠷᠤᠨ᠎ᠠ᠃ ᠦᠵᠡᠭᠡ ᠦᠭᠡᠢ ᠰᠣᠨᠤᠰᠤᠭ᠎ᠠ ᠦᠭᠡᠢ ᠰᠣᠨᠢᠨ ᠰᠠᠶᠢᠬᠠᠨ ᠪᠦᠬᠦᠨ ᠢ ᠨᠣᠮ ᠪᠢᠴᠢᠭ ᠬᠠᠮᠤᠭ ᠲᠡᠷᠢᠭᠦᠨ ᠳᠤ ᠨᠢ ᠬᠦᠮᠦᠰ ᠲᠤ ᠮᠡᠳᠡᠭᠦᠯᠵᠦ ᠦᠭᠭᠦᠨ᠎ᠡ᠃ ᠲᠡᠭᠡᠭᠡᠳ ᠬᠦᠮᠦᠰ ᠨᠣᠮ ᠪᠢᠴᠢᠭ ᠢ ᠦᠵᠡᠵᠦ ᠰᠤᠷᠤᠯᠴᠠᠨ᠂ ᠥᠪᠡᠷ ᠤᠨ ᠮᠡᠳᠡᠯᠭᠡ ᠴᠢᠳᠠᠪᠤᠷᠢ ᠪᠠᠨ ᠳᠡᠭᠡᠭᠰᠢᠯᠡᠭᠦᠯᠵᠦ ᠪᠠᠶᠢᠳᠠᠭ᠃ ︽ᠨᠣᠮ ᠪᠣᠯᠪᠠᠰᠤ ᠡᠮ ᠪᠣᠯᠠᠢ᠂ ᠬᠢᠨᠠᠮᠠᠭᠠᠢ ᠤᠩᠰᠢᠪᠠᠰᠤ ᠮᠣᠩᠬᠠᠭ ᠢ ᠵᠠᠰᠠᠮᠤᠢ︾ ᠭᠡᠰᠡᠨ ᠰᠠᠶᠢᠬᠠᠨ ᠦᠭᠡ ᠪᠠᠶᠢᠳᠠᠭ᠃ ᠮᠡᠳᠡᠯᠭᠡ ᠴᠢᠳᠠᠪᠤᠷᠢ ᠬᠤᠮᠰᠠ ᠪᠣᠯᠪᠠᠰᠤ ᠮᠣᠩᠬᠠᠭ ᠲᠤ ᠲᠣᠭᠠᠴᠠᠭᠳᠠᠨ᠎ᠠ᠃ ᠮᠣᠩᠬᠠᠭ ᠠᠴᠠ ᠠᠩᠭᠢᠵᠢᠷᠠᠶ᠎ᠠ ᠭᠡᠪᠡᠯ ᠨᠣᠮ ᠪᠢᠴᠢᠭ ᠢ ᠴᠠᠭ ᠢ ᠠᠮᠵᠢᠨ ᠢᠯᠡᠭᠦᠬᠡᠨ ᠤᠩᠰᠢᠬᠤ ᠬᠡᠷᠡᠭᠲᠡᠢ᠃     ︽ᠨᠣᠮ ᠪᠣᠯ  ᠶᠢᠷᠳᠢᠨᠴᠦ  ᠶᠢ ᠬᠠᠷᠠᠬᠤ  ᠴᠣᠩᠬᠤ  ᠮᠦᠨ︾  ᠭᠡᠳᠡᠭ᠃ ᠨᠣᠮ  ᠪᠢᠴᠢᠭ ᠎ ᠠᠴᠠ ᠰᠠᠯᠪᠠᠯ ᠬᠦᠮᠦᠰ  ᠶᠢᠷᠳᠢᠨᠴᠦ  ᠶᠢ  ᠬᠠᠷᠠᠬᠤ ᠪᠠᠶᠢᠲᠤᠭᠠᠢ᠂ ᠥᠪᠡᠷ ᠤᠨ ᠪᠡᠶ᠎ᠡ ᠪᠠᠨ ᠴᠤ ᠲᠣᠲᠤᠷᠬᠠᠢ ᠬᠠᠷᠠᠵᠤ ᠳᠡᠶᠢᠯᠬᠦ ᠦᠭᠡᠢ ᠬᠡᠮᠵᠢᠶᠡᠨ ᠳᠤ ᠬᠦᠷᠦᠨ᠎ᠡ᠃ ᠬᠦᠮᠦᠰ ︽ᠨᠣᠮ ᠪᠢᠴᠢᠭ︾ ᠭᠡᠳᠡᠭ ᠬᠠᠮᠤᠭ ᠤᠨ ᠶᠡᠭᠡ ᠮᠡᠳᠡᠯᠭᠡ ᠴᠢᠳᠠᠪᠤᠷᠢ ᠲᠠᠢ᠂ ᠬᠠᠮᠤᠭ ᠤᠨ ᠦᠨᠡᠨᠴᠢ ᠰᠢᠳᠤᠷᠭᠤ ᠪᠠᠭᠰᠢ ᠠᠴᠠ ᠪᠠᠨ ᠰᠠᠯᠪᠠᠯ ᠨᠢᠳᠦ ᠰᠣᠬᠤᠷ ᠴᠢᠬᠢ ᠳᠦᠯᠡᠢ ᠪᠣᠯᠵᠦ᠂ ᠠᠳᠤᠭᠤᠰᠤ  ᠠᠮᠢᠲᠠᠨ  ᠮᠡᠲᠦ  ᠠᠮᠢᠲᠦ  ᠪᠣᠲᠠᠰ ᠎ ᠤᠨ  ᠣᠷᠤᠨᠴᠠᠭ  ᠲᠡᠳᠦᠢ  ᠪᠣᠯᠤᠨ᠎ᠠ᠃ ᠶᠡᠭᠡ ᠵᠣᠬᠢᠶᠠᠯᠴᠢ ᠳ᠋᠊ · ᠨᠠᠴᠤᠭᠳᠣᠷᠵᠢ ︽ᠬᠠᠭᠤᠴᠢᠨ ᠬᠦᠦ︾ ᠭᠡᠬᠦ ᠠᠯᠲᠠᠷᠲᠦ ᠵᠣᠬᠢᠶᠠᠯ ᠳᠤ ᠪᠠᠨ᠄ ︽᠁ ᠦᠳᠡᠭᠦᠰ ᠬᠠᠭᠤᠴᠢᠳ ᠡᠨᠡ ᠬᠤᠶᠠᠷ ᠤᠨ ᠦᠭᠡᠨ ᠠᠴᠠ ᠪᠣᠰᠤ ᠦᠨᠡᠨ ᠶᠠᠭᠤᠮ᠎ᠠ ᠦᠭᠡᠢ᠂ ᠡᠪᠦᠯᠵᠢᠶ᠎ᠡ ᠵᠤᠰᠠᠯᠠᠩ ᠬᠠᠪᠤᠷᠵᠢᠶ᠎ᠠ ᠨᠠᠮᠤᠷᠵᠢᠶ᠎ᠠ ᠡᠨᠡ ᠳᠥᠷᠪᠡ ᠠᠴᠠ ᠥᠭᠡᠷ᠎ᠡ ᠶᠠᠪᠤᠬᠤ ᠭᠠᠵᠠᠷ ᠦᠭᠡᠢ᠂ ᠲᠡᠷᠳᠡᠭᠡ ᠠᠭᠤᠯᠠ ᠶᠢ ᠥᠩᠭᠡᠷᠡᠪᠡᠯ ᠠᠶᠢᠯ ᠦᠭᠡᠢ ᠭᠡᠵᠦ ᠪᠣᠳᠤᠵᠤ᠂ ᠲᠡᠭᠷᠢ ᠶᠢᠨ ᠬᠠᠶᠠᠭᠠᠨ ᠠᠴᠠ ᠴᠢᠨᠠᠭᠰᠢ ᠭᠠᠵᠠᠷ ᠦᠭᠡᠢ ᠭᠡᠵᠦ ᠰᠡᠳᠭᠢᠭᠰᠡᠭᠡᠷ ᠁︾ ᠭᠡᠬᠦ ᠵᠡᠷᠭᠡ ᠪᠠᠷ ᠪᠢᠴᠢᠭ ᠰᠣᠶᠣᠯ ᠦᠭᠡᠢ᠂ ᠲᠦᠭᠵᠢᠮᠡᠯ ᠪᠠᠶᠢᠳᠠᠯ ᠢ ᠨᠢᠳᠦᠨ ᠳᠤ ᠦᠵᠡᠭᠳᠡᠮ᠎ᠡ ᠰᠠᠶᠢᠬᠠᠨ ᠳᠦᠷᠰᠦᠯᠡᠭᠰᠡᠨ ᠪᠠᠶᠢᠳᠠᠭ᠃ ᠡᠶᠢᠮᠦᠷᠬᠦᠤ ᠪᠠᠶᠢᠳᠠᠯ ᠨᠢ ᠬᠡᠳᠦ᠋ᠢᠴᠢᠨᠡᠬᠡᠨ ᠭᠤᠨᠢᠭ ᠭᠤᠲᠤᠷᠠᠯᠲᠠᠢ ᠪᠢᠯᠡ︖     ᠶᠠᠮᠠᠷᠪᠠ ᠶᠡᠭᠡ ᠡᠷᠳᠡᠮᠲᠡᠨ ᠮᠡᠷᠭᠡᠵᠢᠯᠲᠡᠨ ᠤ ᠮᠡᠳᠡᠯᠭᠡ ᠴᠢᠳᠠᠪᠤᠷᠢ ᠶᠢ ᠠᠯᠢ ᠣᠯᠠᠨ ᠬᠦᠮᠦᠨ ᠳᠤ ᠤᠯᠠᠮᠵᠢᠯᠠᠨ ᠥᠭᠬᠦ ᠳᠤ ᠨᠣᠮ ᠪᠢᠴᠢᠭ ᠨᠢ ᠬᠠᠮᠤᠭ ᠤᠨ ᠰᠠᠶᠢᠨ ᠤᠯᠠᠮᠵᠢᠯᠠᠭᠴᠢ᠂ ᠪᠠᠭᠰᠢᠯᠠᠭᠴᠢ ᠪᠣᠯᠬᠤ ᠶᠤᠮ᠃ ᠪᠢᠳᠡ ᠨᠣᠮ ᠪᠢᠴᠢᠭ ᠢ ᠠᠷᠪᠢᠨ ᠤᠩᠰᠢᠪᠠᠯ ᠨᠣᠮ ᠪᠢᠴᠢᠭ ᠪᠢᠳᠡᠨ ᠤ ᠡᠮᠦᠨ᠎ᠡ ᠶᠢᠷᠳᠢᠨᠴᠥ ᠶᠢᠨ ᠰᠣᠨᠢᠨ ᠰᠡᠪᠡᠭᠦᠨ ᠢ ᠳᠡᠯᠭᠡᠵᠦ ᠦᠭᠭᠦᠨ᠎ᠡ᠃ ᠪᠢᠳᠡᠨ ᠢ ᠳᠠᠭᠠᠭᠤᠯᠤᠨ ᠦᠵᠡᠮᠵᠢᠲᠦ ᠰᠠᠶᠢᠬᠠᠨ ᠠᠭᠤᠯᠠ ᠤᠰᠤ ᠪᠠᠷ ᠲᠣᠭᠤᠷᠢᠭᠤᠯᠵᠦ᠂ ᠴᠢᠨᠠᠭᠰᠢᠯᠠᠪᠠᠯ ᠣᠷᠴᠢᠯᠠᠩ ᠰᠠᠨᠰᠠᠷ ᠢᠶᠠᠷ ᠨᠢᠰᠤᠨ ᠲᠣᠭᠤᠷᠢᠬᠤ ᠶᠤᠮ᠃     ︽ᠰᠤᠷᠤᠯᠴᠠᠬᠤ ᠪᠣᠯ ᠥᠪᠡᠷ ᠢ ᠪᠠᠨ ᠲᠡᠭᠦᠯᠳᠡᠷᠵᠢᠭᠦᠯᠬᠦ ᠶᠠᠪᠤᠳᠠᠯ ᠮᠦᠨ︾᠃ ᠮᠠᠬᠠᠪᠤᠳ ᠤᠨ ᠦᠰᠦᠯᠲᠡ ᠶᠢ ᠳᠠᠭᠠᠯᠳᠤᠨ ᠬᠦᠮᠦᠨ ᠨᠢ ᠥᠪᠡᠷ ᠤᠨ ᠣᠷᠤᠰᠢᠨ ᠲᠣᠭᠲᠠᠨᠢᠵᠤ ᠪᠠᠶᠢᠭ᠎ᠠ ᠣᠷᠴᠢᠨ ᠲᠣᠭᠤᠷᠢᠨ ᠠᠴᠠ ᠪᠠᠨ ᠠᠷᠪᠢᠨ ᠶᠠᠭᠤᠮ᠎ᠠ ᠶᠢ ᠤᠬᠠᠮᠰᠠᠷ ᠦᠭᠡᠢ ᠪᠠᠷ ᠬᠦᠯᠢᠶᠡᠨ ᠠᠪᠴᠦ ᠥᠪᠡᠷ ᠎ ᠢ ᠎ ᠪᠠᠨ ᠠᠭᠠᠵᠢᠮ ᠢᠶᠠᠷ ᠲᠡᠭᠦᠯᠳᠡᠷᠵᠢᠭᠦᠯᠬᠦ ᠪᠦᠭᠡᠳ ᠰᠡᠭᠦᠯᠳᠡᠵᠦ ᠢᠷᠡᠭᠡᠳ ᠤᠬᠠᠮᠰᠠᠷ ᠲᠠᠢ ᠪᠠᠷ ᠰᠤᠷᠤᠯᠴᠠᠵᠤ᠂ ᠮᠡᠳᠡᠯᠭᠡᠵᠢᠭᠡᠳ ᠳᠤᠲᠠᠭᠤ ᠳᠣᠷᠭᠤᠨ ᠢᠶᠠᠨ ᠨᠦᠬᠦᠪᠦᠷᠢᠯᠡᠳᠡᠭ ᠶᠤᠮ᠃ ᠨᠣᠮ ᠪᠢᠴᠢᠭ ᠪᠣᠯ ᠪᠢᠳᠡᠨ ᠤ ᠰᠠᠶᠢᠨ ᠪᠠᠭᠰᠢ ᠮᠦᠨ᠃ ᠡᠳᠦᠷ ᠲᠣᠳᠤᠮ ᠤᠨ ᠠᠮᠢᠳᠤᠷᠠᠯ ᠳᠤᠮᠳᠠ ᠬᠦᠮᠦᠰ ᠲᠤ ᠣᠯᠠᠨ ᠠᠷᠪᠢᠨ ᠪᠠᠭᠰᠢ ᠳᠣᠬᠢᠶᠠᠯᠳᠤᠳᠠᠭ ᠪᠣᠯᠪᠠᠴᠦ ᠬᠠᠮᠤᠭ ᠤᠨ ᠦᠷᠭᠡᠨ ᠳᠡᠯᠭᠡᠷ ᠮᠡᠳᠡᠯᠭᠡ ᠲᠠᠢ᠂ ᠭᠤᠶᠠᠴᠢ ᠦᠭᠡᠢ ᠪᠠᠷ ᠵᠢᠳᠭᠦᠳᠡᠭ ᠦᠨᠡᠨᠴᠢ ᠰᠢᠳᠤᠷᠭᠤ ᠪᠠᠭᠰᠢ ᠪᠣᠯ ᠬᠠᠰᠢ ᠯᠠ ᠨᠣᠮ ᠪᠢᠴᠢᠭ ᠮᠦᠨ᠃     ᠲᠡᠷᠡ ᠨᠢ ᠳᠠᠮ ᠪᠣᠶᠦ ᠰᠢᠭᠤᠳ ᠢᠶᠠᠷ ᠬᠦᠮᠦᠰ ᠲᠤ ᠪᠠᠭᠰᠢᠯᠠᠨ ᠬᠦᠮᠦᠰ ᠤᠨ ᠬᠠᠷᠠᠭ᠎ᠠ ᠶᠢ ᠨᠡᠭᠡᠭᠡᠵᠦ ᠦᠷᠭᠡᠵᠢᠭᠦᠯᠦᠭᠡᠳ ᠬᠦᠮᠦᠨ  ᠢ ᠦᠷᠭᠡᠨ ᠳᠡᠯᠭᠡᠷ ᠮᠡᠳᠡᠯᠭᠡ ᠲᠠᠢ ᠪᠣᠯᠭᠠᠭᠠᠳ ᠲᠡᠭᠦᠯᠳᠡᠷᠵᠢᠭᠦᠯᠵᠦ ᠪᠠᠶᠢᠳᠠᠭ᠃ ᠬᠡᠷᠪᠡ ᠪᠢᠳᠡ ᠡᠨᠡ ᠬᠦ ᠰᠠᠶᠢᠨ ᠪᠠᠭᠰᠢ ᠠᠴᠠ ᠪᠠᠨ ᠰᠠᠯᠪᠠᠯ ᠵᠡᠮᠳᠡᠭ᠂ ᠮᠣᠩᠬᠠᠭ ᠪᠣᠯᠤᠨ᠎ᠠ᠃ ᠣᠳᠣ ᠦᠶ᠎ᠡ ᠶᠢᠨ ᠰᠢᠨᠵᠢᠯᠡᠬᠦ ᠤᠬᠠᠭᠠᠨ ᠤ ᠨᠢᠭᠡ ᠪᠣᠯᠬᠤ ᠰᠣᠶᠣᠯ ᠬᠦᠮᠦᠨ ᠲᠦᠷᠦᠯᠬᠢᠲᠡᠨ ᠤ ᠣᠶᠣᠨ ᠤᠬᠠᠭᠠᠨ ᠳᠤ ︽ᠬᠦᠮᠦᠨ ᠤ ᠰᠡᠳᠭᠢᠬᠦᠢ ᠪᠠ ᠮᠡᠳᠡᠯᠭᠡ ᠶᠢᠨ ᠵᠠᠭᠪᠤᠷ ᠨᠢ ︵ᠬᠦᠮᠦᠨ﹀ ᠭᠡᠬᠦ ᠦᠭᠡ ᠶᠢᠨ ᠪᠦᠷᠢᠨ ᠪᠦᠲᠦᠨ ᠳᠤ ᠲᠤᠩ ᠴᠢᠬᠤᠯᠠ ᠦᠢᠯᠡᠳᠦᠯ ᠦᠵᠡᠭᠦᠯᠦᠨ᠎ᠡ︾ ᠭᠡᠵᠦ ᠬᠡᠯᠡᠭᠰᠡᠨ ᠪᠠᠶᠢᠳᠠᠭ᠃     ᠴᠠᠭ ᠢᠮᠠᠭᠲᠠ ᠴᠢᠨᠦ ᠬᠠᠵᠠᠭᠤ ᠳᠤ ᠮᠡᠳᠡᠯᠭᠡ ᠤᠯᠠᠮᠵᠢᠯᠠᠬᠤ ᠪᠠᠷ ᠪᠡᠯᠡᠬᠡᠨ ᠪᠠᠶᠢᠭ᠎ᠠ ᠬᠠᠮᠤᠭ ᠤᠨ ᠰᠠᠶᠢᠨ ᠪᠠᠭᠰᠢ ᠪᠣᠯ ᠨᠣᠮ ᠪᠢᠴᠢᠭ ᠮᠦᠨ᠃ ᠪᠢᠳᠡ ᠨᠣᠮ ᠪᠢᠴᠢᠭ ᠢ ᠰᠠᠶᠢᠲᠤᠷ ᠤᠩᠰᠢᠨ ᠪᠣᠳᠤᠵᠤ ᠲᠤᠩᠭᠠᠬᠤ ᠬᠡᠷᠡᠭᠲᠡᠢ᠃ ᠭᠡᠲᠡᠯ᠎ᠡ ᠡᠨᠡ ᠨᠢ ᠵᠦᠪᠬᠡᠨ ᠨᠣᠮ ᠪᠢᠴᠢᠭ ᠢ ᠯᠡ ᠦᠬᠦᠨ ᠰᠢᠲᠦᠭᠡᠳ ᠪᠣᠰᠣᠳ ᠶᠠᠭᠤᠮ᠎ᠠ ᠶᠢ ᠬᠠᠮᠢᠶᠠᠷᠬᠤ ᠦᠭᠡᠢ ᠪᠠᠶᠢᠬᠤ ᠨᠣᠮᠯᠠᠯ ᠤᠨ ᠦᠵᠡᠯ ᠢ ᠤᠬᠠᠭᠤᠯᠵᠤ ᠪᠠᠶᠢᠭ᠎ᠠ ᠪᠢᠰᠢ ᠶᠤᠮ᠃ ᠡᠶᠢᠮᠦ ᠠᠴᠠ ᠵᠠᠯᠠᠭᠤ ᠪᠠᠭᠠᠴᠤᠳ ᠢ ᠬᠦᠰᠡᠬᠦ ᠨᠢ᠂ ᠬᠠᠷᠠᠬᠠᠨ ᠪᠠᠭ᠎ᠠ ᠠᠴᠠ ᠪᠠᠨ ᠨᠣᠮ ᠪᠢᠴᠢᠭ ᠢᠯᠡᠭᠦᠦ ᠤᠩᠰᠢᠵᠤ᠂ ᠬᠢᠴᠢᠶᠡᠯ ᠰᠤᠷᠤᠯᠭ᠎ᠠ ᠳᠤ ᠪᠠᠨ ᠴᠢᠷᠮᠠᠶᠢᠵᠤ᠂ ᠡᠷᠳᠡᠮ ᠮᠡᠳᠡᠯᠭᠡ ᠪᠠᠷ ᠣᠶᠣᠨ ᠤᠬᠠᠭᠠᠨ ᠢᠶᠠᠨ ᠵᠡᠪᠰᠡᠭᠯᠡᠵᠦ᠂ ᠡᠬᠡ ᠤᠯᠤᠰ ᠠᠷᠠᠳ ᠲᠦᠮᠡᠨ ᠳᠤ ᠪᠠᠨ ᠬᠡᠷᠡᠭᠴᠡᠭᠡ ᠲᠠᠢ ᠬᠦᠮᠦᠨ ᠪᠣᠯᠵᠦ ᠶᠠᠪᠤᠭᠠᠷᠠᠢ︕
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号