ᠮᠠᠲ᠋ᠧᠷᠢᠶᠠᠯᠯᠢᠭ ᠵᠦᠢᠯᠡᠰ ᠲᠤ ᠰᠢᠨᠤᠪᠠᠯ ᠰᠡᠳᠬᠢᠬᠦᠢ ᠪᠤᠭᠤᠭᠳᠠᠳᠠᠭ
ᠨᠡᠶᠢᠲᠡᠯᠡᠭᠰᠡᠨ ᠴᠠᠭ᠄
2021/3/22
    ᠬᠦᠰᠡᠭᠰᠡᠨ ᠢᠶᠠᠨ ᠤᠯᠵᠦ ᠪᠤᠯᠳᠠᠭ ᠪᠤᠯᠤᠭᠰᠠᠨ ᠤᠳᠤ ᠶᠢᠨ ᠴᠠᠭ ᠲᠤ ᠶᠠᠭᠤ ᠳᠠᠨ ᠳᠤ ᠴᠢᠬᠤᠯᠠ ᠰᠠᠨᠠᠭᠳᠠᠵᠦ ᠪᠠᠶᠢᠭ᠎ᠠ ᠪᠤᠢ⁈ ᠮᠠᠲ᠋ᠧᠷᠢᠶᠠᠯᠯᠢᠭ ᠵᠦᠢᠯᠡᠰ ᠲᠤ ᠳᠠ ᠪᠢᠳᠡ ᠪᠡᠶ᠎ᠡ ᠰᠡᠳᠬᠢᠯ ᠢᠶᠠᠨ ᠪᠤᠭᠤᠭᠳᠠᠭᠤᠯᠵᠦ ᠠᠮᠢᠳᠤᠷᠠᠭᠰᠠᠭᠠᠷ ᠪᠢᠯᠡ᠃ ᠪᠤᠳᠠᠰ ᠤᠨ ᠪᠠᠶᠠᠯᠢᠭ ᠮᠠᠰᠢ ᠡᠯᠪᠡᠭ ᠪᠤᠯᠤᠭᠰᠠᠨ ᠢᠶᠠᠷ ᠨᠢᠭᠡ ᠳᠠᠯ᠎ᠠ ᠪᠠᠷ ᠮᠠᠰᠢ ︽ᠴᠠᠳᠬᠤᠯᠠᠩ ᠪᠠᠶᠢᠳᠠᠯ︾᠎ ᠳᠤ ᠤᠷᠤᠵᠠᠢ᠃ ᠶᠠᠭᠤᠮ᠎ᠠ ᠬᠡᠮᠵᠢᠶᠡᠨ ᠎ ᠳᠤ  ᠪᠠᠨ ᠪᠠᠶᠢᠬᠤ ᠳᠤ ᠰᠠᠶᠢᠬᠠᠨ ᠭᠡᠳᠡᠭ ᠢᠶᠠᠷ ᠳᠡᠩᠳᠡᠬᠦᠦ ᠴᠠᠳᠬᠤᠯᠠᠩ ᠪᠠᠶᠢᠳᠠᠯ ᠨᠢ ᠪᠡᠶ᠎ᠡ ᠰᠡᠳᠬᠢᠯ ᠢ ᠨᠢᠭᠡ ᠬᠡᠮᠵᠢᠶᠡᠨ ᠳᠤ ᠪᠤᠭᠤᠭᠳᠠᠭᠤᠯᠵᠦ᠂ ᠴᠢᠨᠠᠭᠰᠢ ᠰᠡᠳᠬᠢᠬᠦ ᠦᠭᠡᠢ ᠬᠡᠮᠵᠢᠶᠡᠨ ᠳᠤ ᠬᠦᠷᠭᠡᠳᠡᠭ᠃     ᠪᠠᠷᠢ ᠪᠠᠭᠤᠯᠭᠠᠵᠦ ᠳᠤᠰᠠᠭᠠᠷ ᠠᠶᠢᠯ ᠪᠤᠯᠬᠤ ᠶᠢᠨ ᠳᠦᠯᠦᠭᠡ ᠬᠤᠳᠠ ᠎ ᠳᠤ ᠰᠢᠨ᠎ᠡ ᠭᠡᠷ ᠬᠤᠳᠠᠯᠳᠤᠨ ᠠᠪᠬᠤ ᠱᠠᠭᠠᠷᠳᠠᠯᠭ᠎ᠠ ᠲᠠᠢ ᠪᠤᠯᠤᠭᠰᠠᠨ ᠨᠢᠭᠡᠨ ᠵᠠᠯᠠᠭᠤ  ᠶᠢᠨ ᠬᠦᠭᠡᠭᠡᠴᠡᠯᠳᠦᠯ ᠮᠠᠲ᠋ᠧᠷᠢᠶᠠᠯᠯᠢᠭ ᠵᠦᠢᠯᠡᠰ ᠬᠦᠮᠦᠨ ᠤ ᠰᠡᠳᠬᠢᠬᠦᠢ ᠶᠢ ᠬᠢᠷᠢ ᠵᠡᠷᠭᠡ ᠪᠤᠭᠤᠳᠠᠭ ᠢ ᠬᠡᠯᠡᠵᠦ ᠦᠭᠬᠦᠨ᠎ᠡ᠃ ᠨᠠᠶᠠᠨ ᠬᠡᠳᠦᠨ ᠬᠠᠪᠳᠠᠭᠠᠢ ᠳᠦᠷᠪᠡᠯᠵᠢᠨ ᠮᠧᠲᠷ ᠎ ᠤᠨ ᠬᠠᠭᠤᠴᠢᠨ ᠭᠡᠷ ᠎ ᠨᠢ ᠬᠦᠦ ᠳᠤ ᠭᠤᠯᠤᠭᠳᠠᠪᠠ᠃ ᠬᠦᠦ ᠴᠠᠬᠢᠯᠭᠠᠨ ᠱᠠᠳᠤ ᠲᠠᠢ ᠠᠰᠠᠷ ᠤᠨ 145 ᠬᠠᠪᠳᠠᠭᠠᠢ ᠳᠦᠷᠪᠡᠯᠵᠢᠨ ᠮᠧᠲᠷ ᠳᠠᠯᠠᠪᠠᠢ ᠎ ᠲᠠᠢ ᠭᠡᠷ  ᠢ ᠬᠤᠳᠠᠯᠳᠤᠵᠦ ᠠᠪᠬᠤ ᠪᠠᠷ ᠪᠤᠯᠪᠠ᠃ ᠡᠵᠢ ᠨᠢ ᠬᠠᠭᠤᠴᠢᠨ ᠭᠡᠷ ᠢᠶᠠᠨ ᠬᠤᠳᠠᠯᠳᠤᠵᠦ ᠰᠢᠨ᠎ᠡ ᠭᠡᠷ ᠤᠨ ᠬᠢᠨᠢ ᠤᠷᠢᠳᠴᠢᠯᠠᠵᠦ ᠳᠤᠰᠢᠶᠠᠬᠤ ᠶᠤᠰᠤᠳᠠᠢ ᠨᠢᠭᠡ ᠪᠦᠯᠦᠭ ᠵᠤᠭᠤᠰ ᠢ ᠨᠢ ᠳᠤᠰᠢᠶᠠᠬᠤ ᠪᠠᠷ ᠪᠤᠯᠵᠠᠢ᠃ ᠡᠵᠢ ᠬᠤᠷᠢᠨ ᠬᠡᠳᠦᠨ ᠬᠠᠪᠳᠠᠭᠠᠢ ᠳᠦᠷᠪᠡᠯᠵᠢᠨ ᠮᠧᠲᠷ ᠳᠠᠯᠠᠪᠠᠢ ᠪᠦᠬᠦᠢ ᠳᠡᠷᠭᠡᠨ  ᠤ ᠬᠦᠮᠦᠷᠭᠡ ᠪᠠᠨ ᠵᠠᠰᠠᠵᠦ ᠰᠠᠭᠤᠬᠤ ᠪᠠᠷ ᠰᠢᠢᠳᠴᠡᠢ᠃ ︽ᠰᠢᠨ᠎ᠡ ᠠᠶᠢᠯ ᠪᠤᠯᠬᠤ ᠳᠤ ᠰᠢᠨ᠎ᠡ ᠭᠡᠷ ᠬᠡᠷᠡᠭᠳᠡᠢ᠂ ᠳᠡᠭᠡᠬᠦ ᠮᠦᠷᠳᠡᠭᠡᠨ ᠬᠦᠮᠦᠨ ᠠᠴᠠ ᠶᠠᠭᠠᠬᠢᠭᠰᠠᠨ ᠴᠤ ᠳᠤᠤᠷ᠎ᠠ ᠤᠷᠤᠬᠤ ᠪᠠᠷ ᠦᠭᠡᠢ ᠳᠤᠮᠤ ᠭᠡᠷ ᠪᠠᠶᠢᠬᠤ ᠭᠡᠷᠡᠭᠳᠡᠢ︾ ᠭᠡᠳᠡᠭ ᠦᠵᠡᠯ ᠪᠤᠳᠤᠯ ᠨᠢ ᠡᠵᠢ ᠶᠢ ᠪᠠᠨ ᠮᠠᠷᠳᠠᠬᠤ ᠳᠤ ᠬᠦᠷᠭᠡᠵᠡᠢ᠃ ᠳᠤᠮᠤ ᠭᠡᠷ ᠭᠤᠶᠤ ᠮᠠᠰᠢᠨ ᠪᠤᠯ ᠤᠳᠤᠬᠠᠨ ᠤ ᠬᠦᠮᠦᠰ ᠤᠨ ᠬᠠᠮᠤᠭ ᠤᠨ ᠱᠠᠭᠠᠷᠳᠠᠵᠦ ᠪᠠᠶᠢᠭ᠎ᠠ ᠮᠠᠲ᠋ᠧᠷᠢᠶᠠᠯᠯᠢᠭ ᠵᠦᠢᠯᠡᠰ ᠤᠨ ᠳᠦᠯᠦᠭᠡᠯᠡᠯ ᠮᠦᠨ᠃ ᠡᠳᠡᠭᠡᠷ ᠵᠦᠢᠯᠡᠰ ᠪᠠᠶᠢᠬᠤ ᠦᠭᠡᠢ ᠪᠤᠯ ᠠᠮᠢᠳᠤᠷᠠᠬᠤ ᠦᠭᠡᠢ ᠮᠡᠳᠦ ᠪᠤᠯᠴᠢᠬᠠᠭᠰᠠᠨ ᠬᠦᠮᠦᠰ ᠵᠦᠡᠭᠳᠡᠭᠡᠨ ᠤᠯᠠᠨ ᠪᠤᠯᠪᠠ᠃ ᠡᠨᠡ ᠪᠤᠯ ᠮᠠᠲ᠋ᠧᠷᠢᠶᠠᠯᠯᠢᠭ ᠵᠦᠢᠯᠡᠰ ᠲᠤ ᠬᠡᠳᠦ ᠰᠢᠨᠤᠭᠰᠠᠨ ᠪᠤᠶᠤ ᠪᠤᠳᠤᠯ ᠢᠶᠠᠨ ᠡᠵᠡᠯᠡᠬᠦᠯᠥᠭᠰᠡᠨ ᠤ ᠦᠷ᠎ᠡ ᠳ᠋ᠦᠡᠭ ᠪᠢᠯᠡ᠃ ᠭᠡᠷ ᠬᠢᠷᠢ ᠳᠤᠮᠤ ᠪᠠᠶᠢᠬᠤ᠂ ᠮᠠᠰᠢᠨ ᠬᠡᠳᠦᠢ ᠦᠨᠡᠳᠡᠢ ᠪᠠᠶᠢᠬᠤ ᠨᠢ ᠠᠮᠢᠳᠤᠷᠠᠯ ᠤᠨ ᠰᠠᠶᠢᠨ ᠰᠠᠶᠢᠬᠠᠨ ᠢ ᠳᠤᠭᠳᠠᠭᠠᠬᠤ ᠡᠯᠧᠮᠧᠨ᠋ᠲ ᠪᠢᠰᠢ ᠭᠡᠳᠡᠭ ᠢ ᠤᠬᠠᠭᠠᠷᠠᠬᠤ ᠠᠴᠠ ᠨᠠᠭᠠᠰᠢ ᠡᠵᠢ ᠶᠢ ᠪᠠᠨ ᠤᠷᠤᠬᠤ ᠭᠡᠷ ᠦᠭᠡᠢ ᠪᠤᠯᠳᠠᠯ᠎ᠠ ︽ᠭᠠᠴᠢᠭᠰᠠᠨ︾᠎ ᠤ ᠴᠠᠭᠠᠨᠠᠬᠢ ᠶᠢ ᠪᠤᠳᠤᠬᠤ ᠦᠭᠡᠢ ᠶᠤᠮ᠃ ᠨᠢᠳᠦᠨ ᠳᠤ ᠦᠵᠡᠭᠳᠡᠭᠡ ᠭᠡᠷ ᠳᠡᠷᠭᠡ ᠳᠡᠬᠦᠨ ᠤ ᠬᠤᠯᠪᠤᠨ ᠪᠤᠳᠤᠬᠤ ᠰᠡᠳᠬᠢᠬᠦᠢ ᠶᠢ ᠪᠤᠭᠤᠵᠦ ᠤᠷᠬᠢᠭᠰᠠᠨ ᠢᠶᠠᠷ ᠬᠠᠶᠢᠷᠠᠯᠠᠬᠤ ᠡᠨᠡᠷᠢᠬᠦ ᠰᠡᠳᠬᠢᠯ ᠢ ᠨᠢ ᠴᠦ ᠮᠠᠷᠳᠠᠭᠤᠯᠬᠤ ᠳᠤ ᠬᠦᠷᠭᠡᠵᠡᠢ᠃ ᠮᠠᠲ᠋ᠧᠷᠢᠶᠠᠯᠯᠢᠭ ᠵᠦᠢᠯᠡᠰ ᠤᠨ ᠴᠠᠭᠠᠨ᠎ᠠ ᠳᠡᠬᠦᠨ ᠠᠴᠠ ᠬᠤᠯᠠ ᠢᠯᠡᠬᠦᠦ ᠬᠦᠨᠳᠦᠳᠭᠡᠭᠳᠡᠬᠦ ᠤᠴᠢᠷᠳᠠᠢ ᠵᠦᠢᠯᠡᠰ ᠪᠠᠶᠢᠳᠠᠭ ᠢ ᠪᠤᠳᠤᠳᠠᠭ ᠬᠦᠮᠦᠨ ᠶᠠᠭᠤᠮᠠᠨ ᠤ ᠵᠢᠩᠬᠢᠨᠢ ᠦᠨ᠎ᠡ ᠦᠷᠳᠡᠭ᠂ ᠰᠡᠳᠬᠢᠯ ᠤᠨ ᠠᠮᠤᠷ ᠠᠮᠤᠭᠤᠯᠠᠩ᠂ ᠬᠠᠶᠢᠷ᠎ᠠ ᠰᠡᠳᠬᠢᠯ ᠤᠨ ᠳᠦᠬᠦᠷᠡᠩ ᠳᠦᠪᠰᠢᠨ ᠢ ᠢᠯᠡᠬᠦᠦ ᠮᠡᠳᠡᠷᠡᠨ ᠠᠮᠢᠳᠤᠷᠠᠨ᠎ᠠ᠃ ᠳᠡᠳᠡ ᠶᠠᠭᠠᠬᠢᠯ᠎ᠠ ᠴᠤ ᠬᠠᠶᠢᠷᠠᠳᠠᠢ‌‍ᠬᠦ᠋ᠮᠦᠰ ᠤᠨ ᠢᠶᠠᠨ ᠵᠤᠪᠠᠯᠠᠩ ᠳᠡᠭᠡᠷ᠎ᠡ ᠦᠪᠡᠷ ᠤᠨ ᠠᠵᠠ ᠵᠢᠷᠭᠠᠯ ᠢᠶᠠᠨ ᠴᠤᠭᠴᠠᠯᠠᠬᠤ ᠪᠠᠷ ᠦᠭᠡᠢ᠃     ᠠᠮᠢᠳᠤᠷᠠᠯ ᠤᠨ ᠨᠦᠬᠦᠴᠡᠯ ᠮᠠᠰᠢᠳᠡ ᠰᠠᠶᠢᠵᠢᠷᠠᠵᠦ ᠪᠠᠶᠢᠭ᠎ᠠ ᠴᠠᠭ ᠲᠤ ᠬᠦᠮᠦᠰ ᠰᠠᠶᠢᠨ ᠪᠦᠭᠡᠳ ᠰᠠᠶᠢᠬᠠᠨ ᠢ ᠡᠳ᠋ᠯᠡᠬᠦ ᠶᠢ ᠬᠦᠰᠡᠬᠦ ᠨᠢ ᠳᠤᠯᠤᠭᠠᠨ ᠵᠦᠪ᠃ ᠳᠡᠭᠡᠯ᠎ᠡ ᠴᠤ ᠬᠦᠮᠦᠨ ᠢ ᠵᠤᠪᠠᠭᠠᠵᠦ ᠪᠠᠶᠢᠵᠦ ᠰᠠᠶᠢᠨ ᠰᠠᠶᠢᠬᠠᠨ ᠢ ᠦᠮᠴᠢᠯᠡᠵᠦ ᠠᠪᠬᠤ ᠨᠢ ᠵᠦᠪ ᠰᠡᠳᠬᠢᠬᠦᠢ ᠮᠦᠨ ᠬᠡᠵᠢ ᠤᠤ⁈ ᠳᠡᠷᠡ ᠳᠤᠮᠳᠠ ᠪᠠᠨ ᠳᠦᠷᠦᠭᠰᠡᠨ ᠡᠵᠢ ᠪᠠᠨ ᠤᠷᠤᠬᠤ ᠭᠡᠷ ᠦᠭᠡᠢ ᠪᠤᠯᠳᠠᠯ᠎ᠠ ᠵᠤᠪᠠᠭᠠᠵᠦ ᠶᠠᠪᠤᠪᠠᠰᠤ ᠨᠡᠭᠡᠷᠡᠨ ᠯᠡ ︽ᠡᠭᠡ ᠶᠢᠨ ᠰᠠᠨᠠᠭ᠎ᠠ ᠦᠷ᠎ᠡ ᠳᠤ᠂ ᠦᠷ᠎ᠡ ᠶᠢᠨ ᠰᠠᠨᠠᠭ᠎ᠠ ᠠᠭᠤᠯᠠᠨ ᠳᠤ︾ ᠪᠤᠯᠬᠤ ᠪᠤᠰᠤ ᠤᠤ⁈ ︽ᠬᠦᠨᠵᠢᠯᠡ ᠶᠢᠨ ᠢᠶᠠᠨ ᠬᠢᠷᠢ ᠪᠠᠷ ᠬᠦᠯ ᠢᠶᠠᠨ ᠵᠢᠬᠢᠬᠦ︾ ᠭᠡᠵᠦ ᠬᠡᠮ ᠬᠡᠮᠵᠢᠶᠡᠨ ᠤ ᠳᠤᠬᠠᠢ ᠨᠢᠭᠡᠨ ᠰᠠᠶᠢᠬᠠᠨ ᠬᠡᠯᠡᠯᠭᠡ ᠪᠠᠶᠢᠳᠠᠭ ᠢ ᠪᠢᠳᠡ ᠰᠠᠨᠠᠯᠳᠠᠢ᠃ ᠪᠤᠳᠠᠰ ᠤᠨ᠂ ᠤᠶᠤᠨ ᠤ᠂ ᠰᠡᠳᠬᠢᠯ ᠤᠨ ᠭᠡᠳ ᠦᠨᠡᠳᠡᠢ ᠪᠡᠨᠡᠳᠡᠢ ᠵᠦᠢᠯᠡᠰ ᠳᠠ ᠪᠢᠳᠡᠨ ᠤ ᠠᠮᠢᠳᠤᠷᠠᠯ ᠳᠤ ᠵᠦᠡᠭᠳᠡᠭᠡᠨ᠃ ᠵᠦᠪᠭᠡᠨ ᠮᠠᠲ᠋ᠧᠷᠢᠶᠠᠯᠯᠢᠭ ᠵᠦᠢᠯᠡᠰ ᠲᠤ ᠰᠢᠨᠤᠭᠠᠳ ᠨᠢᠳᠦ ᠰᠤᠬᠤᠷ ᠰᠡᠳᠬᠢᠯ ᠬᠦᠢᠳᠡᠨ ᠶᠠᠪᠤᠪᠠᠰᠤ ᠬᠦᠮᠦᠨ ᠤ ᠶᠤᠰᠤᠨ ᠳᠤ ᠨᠡᠶᠢᠴᠡᠬᠦ  ᠦᠬᠡᠢ ᠳᠡᠨᠡᠭ ᠤᠴᠢᠷ ᠦᠢᠯᠡᠳᠬᠦ ᠪᠤᠰᠤ ᠤᠤ⁈
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号