ᠴᠡᠩᠭᠡᠷ ᠬᠠᠷᠠᠨᠳᠠ
ᠨᠡᠶᠢᠲᠡᠯᠡᠭᠰᠡᠨ ᠴᠠᠭ᠄
2020/9/9
    ᠪᠠᠷᠠᠭᠤᠨ ᠭᠤᠤᠯ ᠤᠨ ᠬᠤᠶᠠᠷ ᠭᠦᠪᠡᠭᠦᠨ ᠤ ᠲᠤᠬᠠᠢ ᠪᠢᠴᠢᠮᠡᠷ ᠰᠠᠨᠠᠬᠳᠠᠭᠰᠠᠨ ᠴᠦ ᠭᠡᠷᠭᠢᠨ ᠡᠭᠢᠯᠡᠭᠦᠯᠭᠦ ᠨᠢ ᠵᠤᠪᠠᠯᠠᠩ ᠪᠤᠯᠪᠠ᠃ ᠰᠤᠷᠭᠠᠭᠤᠯᠢ ᠳᠤ ᠶᠠᠪᠤᠬᠤ ᠵᠠᠮ ᠢ ᠮᠢᠨᠢ ᠲᠤᠰᠴᠦ ᠭᠡᠷᠡᠭᠦᠯ ᠦᠳᠦᠭᠡᠳᠡᠭ ᠬᠤᠶᠠᠷ ᠭᠦᠦ ᠶᠢᠨ ᠲᠤᠬᠠᠢ ᠬᠤᠵᠢᠮ ᠨᠢ ᠲᠤᠷᠠᠳᠬᠠᠨ ᠪᠢᠴᠢᠨ᠎ᠠ ᠭᠡᠵᠦ ᠵᠡᠭᠦᠳᠦᠯᠡᠭᠡ ᠴᠦ ᠦᠭᠡᠢ ᠶᠠᠪᠤᠵᠠᠢ᠃ ᠠᠩᠬ᠎ᠠ ᠲᠠᠯᠠᠢ ᠶᠢᠨ ᠲᠡᠭᠡᠷᠡᠮ ᠤᠨ ᠺᠢᠨᠤ᠋ ᠶᠢ ᠦᠵᠡᠭᠦ ᠎ ᠳᠤ ᠪᠠᠨ ᠲᠡᠷᠡ ᠬᠤᠶᠠᠷ ᠭᠦᠦ ᠶᠢ ᠡᠷᠭᠢᠨ ᠰᠠᠨᠠᠭᠰᠠᠨ ᠰᠠᠨ᠃     ᠬᠠᠬᠢᠷ ᠤᠨ ᠭᠤᠤᠯ ᠪᠢᠳᠡᠨ ᠤ ᠰᠠᠶᠢᠳᠠᠵᠦ ᠮᠠᠭᠤᠳᠠᠬᠤ ᠶᠢ ᠶᠡᠷᠦ ᠲᠤᠭᠤᠬᠤ ᠦᠭᠡᠢ ᠤᠷᠤᠰᠳᠠᠭ ᠢᠶᠠᠷ ᠢᠶᠠᠨ ᠤᠷᠤᠰᠤᠨ᠎ᠠ᠃ ᠬᠠᠪᠤᠷ ᠪᠤᠯᠤᠮᠠᠬᠴᠠ ᠬᠠᠯᠢᠶ᠎ᠠ ᠢᠷᠡᠭᠡᠳ ᠨᠢᠭᠡ ᠦᠶᠡᠷᠯᠡᠨ᠎ᠠ᠃ ᠪᠤᠷᠤᠭᠠᠨ ᠢᠷᠡᠭᠦ ᠪᠠᠷ ᠭᠤᠤᠯ ᠤᠨ ᠪᠠᠷᠠᠭᠤᠨ ᠡᠷᠭᠢ ᠶᠢᠨ ᠬᠢᠨ ᠦᠶᠡᠷ ᠢ ᠰᠡᠷᠭᠡᠶᠢᠯᠡᠭᠦ ᠭᠡᠵᠦ ᠬᠠᠭᠠᠴᠠ ᠲᠠᠯᠪᠢᠨ᠎ᠠ᠃ ᠲᠡᠷᠡ ᠨᠢ ᠦᠯᠢᠭᠡᠷ ᠲᠤ ᠭᠠᠷᠳᠠᠭ ᠰᠢᠯᠳᠦᠭᠡᠨ ᠤ ᠪᠠᠬᠢᠯᠡᠯᠳᠡ ᠰᠢᠦᠬᠠᠨ ᠰᠠᠨᠠᠭᠳᠠᠳᠠᠭ ᠰᠠᠨ᠃ ᠭᠤᠤᠯ ᠤᠨ ᠡᠷᠭᠢᠨ ᠤ ᠭᠡᠦᠭᠡᠳ ᠪᠤᠯᠭᠠᠨ ᠤ ᠰᠡᠳᠭᠢᠯ ᠳᠤ ᠲᠡᠷᠡ ᠭᠡᠷᠡᠮ ᠤᠨ ᠲᠡᠭᠡᠭᠦᠷ ᠠᠯᠬᠤᠵᠦ ᠦᠵᠡᠭᠦ ᠮᠦᠷᠦᠭᠡᠳᠦᠯ ᠤᠷᠭᠤᠵᠠᠢ᠃ ᠭᠡᠨ ᠮᠡᠳᠡᠭᠦ ᠪᠢᠯᠡ᠂ ᠬᠠᠭᠢᠷ ᠤᠨ ᠭᠤᠤᠯ ᠴᠦ ᠭᠡᠰᠡᠨ ᠲᠡᠷᠡ ᠭᠡᠷᠡᠮ ᠢ ᠲᠠᠪᠠᠭ᠋ᠤ ᠭᠡᠵᠦ ᠤᠢᠢᠯᠤᠨ ᠴᠠᠯᠬᠢᠯᠠᠳᠠᠭ ᠪᠠᠶᠢᠬᠰᠠᠨ ᠴᠦ ᠶᠤᠮ ᠤᠤ᠃ ᠲᠤᠷᠠᠳᠬᠠᠯ ᠳᠤ ᠮᠢᠨᠢ ᠲᠤᠨᠵᠦ ᠦᠯᠡᠳᠡᠭᠰᠡᠨ ᠶᠡᠷᠡᠨ ᠨᠠᠢᠮᠠᠨ ᠤᠨ ᠤ ᠬᠠᠬᠢᠷ ᠤᠨ ᠭᠤᠤᠯ ᠤᠨ ᠦᠶᠡᠷ ᠦᠨᠡᠭᠡᠷ ᠲᠡᠷᠡ ᠲᠠᠯᠠᠩ ᠢ ᠤᠷᠤ ᠮᠦᠷ ᠦᠭᠡᠢ ᠪᠤᠯᠳᠠᠯ᠎ᠠ ᠨᠢ ᠤᠷᠤᠰᠬᠠᠨ ᠠᠪᠠᠴᠢᠬᠰᠠᠨ ᠪᠢᠯᠡ᠃ ᠲᠡᠶᠢᠮᠦ ᠦᠨᠳᠦᠷ ᠲᠡᠯᠡᠩ ᠢ ᠦᠶᠡᠷ ᠤᠨ ᠭᠦᠪ ᠮᠡᠳᠦ ᠤᠷᠤᠰᠬᠠᠨ ᠠᠪᠠᠴᠢᠬᠰᠠᠨ ᠢ ᠨᠢ ᠰᠠᠨᠠᠬᠤ ᠳᠤ ᠬᠠᠬᠢᠷ ᠤᠨ ᠭᠤᠤᠯ ᠮᠢᠨᠢ ᠤᠳᠠᠭᠠᠨ ᠵᠢᠯ ᠲᠠᠷᠤᠬᠰᠠᠨ ᠠᠭᠤᠷ ᠢᠶᠠᠨ ᠭᠠᠷᠭᠠᠭᠰᠠᠨ ᠮᠡᠳᠦ᠃     ᠭᠤᠤᠯ ᠤᠨ ᠵᠡᠭᠦᠨ ᠡᠷᠭᠢ ᠶᠢᠨ ᠬᠢᠨ ᠮᠠᠩᠬ᠎ᠠ ᠠᠯᠤᠰᠯᠠᠨ ᠰᠠᠭᠤᠳᠠᠭ ᠪᠤᠯᠬᠤᠷ ᠦᠶᠡᠷ ᠤᠨ ᠲᠠᠶᠢᠴᠢᠯᠠᠭᠠᠨ ᠳᠤ ᠵᠤᠪᠠᠯᠠᠩ ᠦᠭᠡᠢ ᠠᠮᠦᠷ ᠵᠢᠮᠦᠷ ᠠᠵᠦ ᠲᠦᠷᠦᠳᠡᠭ ᠪᠦᠯᠦᠭᠡ᠃ ᠪᠢ ᠶᠠᠭ ᠵᠡᠭᠦᠨ ᠡᠷᠭᠢ ᠶᠢᠨ ᠭᠡᠦᠭᠡᠳ ᠪᠢᠯᠡ᠃ ᠠᠯᠢ ᠤᠨ ᠢ ᠲᠤᠳᠤᠷᠬᠠᠢ ᠦᠯᠦ ᠮᠡᠳᠡᠨ᠎ᠠ᠃ ᠮᠠᠨ ᠤ ᠨᠤᠳᠤᠭ ᠲᠤ ᠨᠢᠭᠡ ︽ᠮᠡᠷᠭᠡᠨ︾ ᠭᠦᠮᠦᠨ ᠤ ᠰᠠᠨᠠᠭᠤᠯᠭ᠎ᠠ ᠪᠠᠷ ᠬᠠᠭᠢᠷ ᠤᠨ ᠭᠤᠤᠯ ᠳᠤ ᠰᠢᠨ᠎ᠠ ᠠᠷᠠᠯ ᠵᠤᠬᠢᠶᠠᠵᠦ ᠮᠠᠩᠬ᠎ᠠ ᠲᠠᠪᠠᠭᠤᠯᠤᠨ ᠮᠠᠨ ᠤ ᠠᠶᠢᠯ ᠵᠦᠭ ᠤᠷᠤᠰᠤᠭᠤᠯᠬᠤ ᠤᠷᠤᠯᠳᠤᠯᠭ᠎ᠠ ᠬᠢᠵᠠᠢ᠃ ᠮᠡᠷᠭᠡᠵᠢᠯ ᠤᠨ ᠦᠭᠡ ᠪᠠᠷ ᠭᠡᠯᠡᠪᠡᠯ ᠰᠢᠨ᠎ᠠ ᠲᠠᠳᠠᠮᠠᠯ ᠭᠤᠤᠯ ᠵᠤᠬᠢᠶᠠᠬᠤ ᠭᠡᠵᠦ ᠨᠤᠳᠤᠭ ᠤᠨ ᠭᠦᠮᠦᠰ ᠡᠨᠡ ᠠᠭᠤᠤ ᠪᠠᠷᠢᠯᠭ᠎ᠠ ᠳᠤ ᠤᠷᠤᠯᠴᠠᠭᠰᠠᠨ ᠪᠤᠯᠪᠠᠴᠦ ᠬᠠᠬᠢᠷ ᠤᠨ ᠭᠤᠤᠯ ᠶᠠᠭ ᠵᠡᠭᠦᠨᠰᠢ ᠤᠷᠤᠰᠬᠤ ᠰᠠᠨᠠᠭ᠎ᠠ ᠦᠭᠡᠢ ᠭᠡᠨ᠎ᠠ᠃ ᠨᠤᠳᠤᠭ ᠤᠨ ᠭᠦᠮᠦᠰ ᠲᠡᠷᠡ ᠤᠷᠤᠯᠳᠤᠯᠭ᠎ᠠ ᠢᠯᠠᠭᠳᠠᠬᠤ ᠨᠢ ᠵᠠᠶᠢᠯᠠᠰᠢ ᠦᠭᠡᠢ ᠰᠢᠦᠬᠠᠨ ᠲᠤᠮᠤᠬᠯᠠᠨ ᠭᠡᠯᠡᠯᠴᠡᠳᠡᠭ᠃ ᠪᠢᠳᠡ ᠪᠠᠭ᠎ᠠ ᠎ ᠳᠤ ᠪᠠᠨ ᠬᠠᠬᠢᠷ ᠤᠨ ᠭᠤᠤᠯ ᠵᠡᠭᠦᠨᠰᠢ ᠤᠷᠤᠰᠤᠬᠰᠠᠨ ᠪᠤᠯ ᠮᠠᠨ ᠤ ᠭᠤᠤᠯ ᠪᠤᠯᠤᠨ᠎ᠠ ᠭᠡᠵᠦ ᠬᠠᠷᠠᠮᠰᠠᠨ ᠶᠠᠷᠢᠳᠠᠭ ᠪᠠᠶᠢᠯ᠎ᠠ᠃ ᠵᠠ᠂ ᠲᠠᠳᠠᠮᠠᠯ ᠭᠤᠤᠯ ᠤᠨ ᠦᠯᠢᠭᠡᠷ ᠢ ᠠᠳᠡ ᠭᠦᠷᠳᠡᠯ᠎ᠠ ᠬᠠᠭᠤᠴᠢᠯᠠᠶ᠎ᠠ᠃     ᠰᠤᠷᠭᠠᠭᠤᠯᠢ ᠬᠠᠷᠢᠨ ᠭᠤᠤᠯ ᠤᠨ ᠪᠠᠷᠠᠭᠤᠨ ᠲᠡᠭᠡᠷ᠎ᠠ ᠪᠠᠶᠢᠳᠠᠭ ᠪᠤᠯᠬᠤᠷ ᠬᠢᠴᠢᠶᠡᠯ ᠎ ᠳᠤ ᠪᠠᠨ ᠶᠠᠪᠤᠬᠤ ᠪᠤᠯᠭᠠᠨ ᠭᠤᠤᠯ ᠭᠠᠳᠤᠯᠬᠤ ᠭᠡᠷᠡᠭᠳᠡᠢ ᠪᠤᠯᠤᠨ᠎ᠠ᠃ ᠲᠡᠷᠡ ᠨᠢ ᠶᠠᠭ ᠰᠤᠷᠭᠠᠭᠤᠯᠢ ᠳᠤ ᠤᠴᠢᠬᠤ ᠳᠤ ᠬᠠᠬᠢᠷ ᠤᠨ ᠭᠤᠤᠯ ᠳᠤ ᠨᠡᠷ᠎ᠠ ᠪᠠᠨ ᠮᠡᠳᠡᠭᠦᠯᠭᠦ ᠤᠴᠢᠷᠳᠠᠢ ᠮᠡᠳᠦ᠃ ᠵᠡᠭᠦᠨ ᠡᠷᠭᠢ ᠶᠢᠨ ᠭᠡᠦᠭᠡᠳ ᠤᠳ ᠭᠤᠤᠯ ᠭᠠᠳᠤᠯᠤᠮᠠᠬᠴᠠ ᠲᠠᠯᠠᠩ ᠲᠡᠭᠡᠭᠦᠷ ᠨᠢ ᠠᠯᠬᠤᠯᠠᠨ᠎ᠠ᠃ ᠶᠠᠭ ᠡᠨᠡ ᠦᠶ᠎ᠠ ᠳᠤ ᠵᠦᠴᠦᠭᠡ ᠶᠢᠨ ᠭᠤᠤᠯ ᠪᠠᠭᠠᠳᠦᠷ ᠮᠡᠳᠦ ᠨᠦᠭᠦᠭᠡ ᠬᠤᠶᠠᠷ ᠵᠢᠭᠠᠯ ᠭᠦᠰᠢᠭᠡᠨ ᠳᠤ ᠢᠯᠡᠷᠡᠨ᠎ᠠ᠃ ᠲᠡᠷᠡ ᠬᠤᠶᠠᠷ ᠪᠢᠳᠡᠨ ᠢ ᠬᠠᠷᠠᠮᠠᠭᠴᠠ ︽ᠲᠡᠯᠡᠩ ᠠᠴᠠ ᠪᠠᠭᠤ᠃ ᠮᠠᠨ ᠤ ᠲᠠᠯᠠᠩ ᠲᠡᠭᠡᠭᠦᠷ ᠪᠢᠳᠡᠭᠡᠢ ᠠᠯᠬᠤ︕︾ ᠭᠡᠮᠡᠨ ᠬᠠᠰᠭᠢᠷᠴᠦ ᠴᠢᠯᠠᠭᠤ ᠰᠢᠳᠡᠨ᠎ᠠ᠃   — ᠡᠨᠡ ᠭᠠᠭᠴᠠᠬᠠᠨ ᠲᠠᠨ ᠤ ᠭᠤᠤᠯ ᠶᠤᠮ ᠤᠤ ᠭᠡᠵᠦ ᠪᠢᠳᠡ ᠴᠦ ᠮᠦᠴᠡᠭᠡ ᠪᠠᠨ ᠦᠭᠭᠦ ᠦᠭᠡᠢ ᠴᠢᠯᠠᠭᠤ ᠰᠢᠳᠡᠵᠡᠭᠡᠨ᠎ᠠ᠃     ᠲᠡᠳᠡᠨ ᠤ ᠬᠢ ᠭᠤᠤᠯ ᠤᠨ ᠪᠠᠷᠠᠭᠤᠨ ᠡᠷᠭᠢᠨ᠎ᠠ ︽ᠠᠯᠳᠠᠨ ᠵᠢᠭᠠᠰᠤᠨ ᠤ ᠦᠯᠢᠭᠡᠷ︾᠎ ᠲᠤ ᠭᠠᠷᠳᠠᠭ ᠡᠪᠦᠭᠡᠨ ᠡᠮᠡᠭᠡᠨ ᠬᠤᠶᠠᠷ ᠤᠨ ᠤᠪᠤᠬᠠᠢ ᠶᠢ ᠰᠠᠨᠠᠭᠳᠠᠭᠤᠯᠤᠮ᠎ᠠ ᠦᠮᠦᠭᠡᠷ ᠰᠢᠪᠠᠷ ᠪᠠᠶᠢᠰᠢᠩ ᠳᠤ ᠠᠵᠦ ᠲᠦᠷᠦᠳᠡᠭ ᠪᠠᠶᠢᠪᠠ᠃ ᠠᠷᠦ ᠭᠡᠷ ᠤᠨ ᠭᠠᠴᠢᠬᠳᠠᠯ ᠢᠶᠠᠷ ᠠᠬ᠎ᠠ ᠲᠡᠭᠦᠦ ᠬᠤᠶᠠᠭᠤᠯᠠ ᠪᠠᠨ ᠰᠤᠷᠭᠠᠭᠤᠯᠢ ᠳᠤ ᠰᠠᠭᠤᠵᠦ ᠴᠢᠳᠠᠭᠰᠠᠨ ᠦᠭᠡᠢ᠃   — ᠶᠡᠭᠡ ᠪᠤᠷᠤᠭᠠᠨ ᠤᠷᠤᠬᠤ ᠰᠤᠷᠠᠭ ᠲᠠᠢ᠃ ᠬᠠᠬᠢᠷ ᠤᠨ ᠭᠤᠤᠯ ᠤᠰᠤ ᠢᠷᠡᠨ᠎ᠠ᠃ ᠲᠠ ᠮᠠᠭᠤ ᠰᠠᠶᠢᠨ ᠨᠤᠭᠤᠳ ᠲᠠᠬᠢᠭᠠᠳ ᠰᠤᠷᠭᠠᠭᠤᠯᠢ  ᠎ ᠳᠤ ᠪᠠᠨ ᠶᠠᠪᠤᠬᠤ ᠶᠢ ᠴᠢᠨᠢ ᠬᠠᠷᠠᠨ᠎ᠠ ᠳ᠋ᠠ ᠭᠡᠵᠦ ᠲᠡᠭᠦᠦ ᠨᠢ ᠵᠠᠨᠤᠯᠭᠢᠯᠠᠨ ᠬᠠᠰᠬᠢᠷᠪᠠ᠃   —  ᠣᠰᠣ ᠢᠷᠡᠪᠡᠯ ᠡᠨᠡ ᠲᠠᠯᠠᠩ ᠴᠢᠨᠢ ᠬᠠᠰᠢᠵᠦ ᠴᠢᠳᠠᠬᠤ ᠤᠤ᠂ ᠲᠡᠷᠡ ᠰᠢᠪᠠᠷ ᠪᠠᠶᠢᠰᠢᠩ ᠢᠶᠠᠨ ᠬᠢᠴᠢᠶᠡᠭᠡᠷᠡᠢ ᠭᠡᠵᠦ ᠮᠠᠨ ᠤ ᠨᠢᠭᠡ ᠭᠡᠦᠭᠡᠳ ᠦᠭᠦᠯᠡᠪᠡ᠃     ᠴᠢᠯᠠᠭᠤᠨ ᠪᠠᠶᠢᠯᠳᠤᠭᠠᠨ ᠢᠶᠠᠷ ᠲᠡᠷᠡ ᠬᠤᠶᠠᠭᠤᠯᠠ ᠶᠢᠨ ᠭᠦᠴᠦᠨ ᠮᠡᠭᠦᠰᠳᠡᠵᠦ ᠭᠡᠷ ᠲᠤ ᠪᠠᠨ ᠲᠤᠳᠠᠭᠠᠨ ᠤᠷᠤᠪᠠ᠃     ᠣᠰᠣ ᠢᠷᠡᠴᠢᠭᠡᠵᠡᠢ᠃ ᠲᠡᠳᠡ ᠭᠤᠤᠯ ᠤᠨ ᠭᠦᠪᠡᠭᠡᠨ ᠳᠤ ᠦᠰᠦᠭᠰᠡᠨ ᠪᠤᠯᠬᠤᠷ ᠬᠠᠬᠢᠷ ᠤᠨ ᠭᠤᠤᠯ ᠤᠨ ᠦᠭᠡ ᠶᠢ ᠤᠢᠢᠯᠠᠭᠠᠳᠠᠭ ᠴᠦ ᠶᠤᠮ ᠤᠤ᠃ ᠪᠢᠳᠡ ᠭᠤᠤᠯ ᠭᠠᠳᠤᠯᠬᠤ ᠭᠡᠵᠦ ᠲᠡᠮᠡᠢ ᠯᠠ ᠲᠠᠪᠠᠯᠭ᠎ᠠ ᠬᠠᠷᠠᠨ ᠵᠤᠬᠰᠤᠵᠠᠭᠠᠨ᠎ᠠ᠃ ᠨᠦᠭᠦᠭᠡ ᠬᠤᠶᠠᠷ ᠤᠨ ᠨᠠᠷᠠ ᠨᠢ ᠭᠠᠷᠴᠦ ᠴᠠᠭᠠᠳᠦ ᠡᠷᠭᠢᠨ ᠠᠴᠠ ᠪᠢᠳᠡᠨ ᠢ ᠲᠤᠭᠤᠭᠢᠯᠠᠨ ᠢᠨᠢᠶᠡᠨ᠎ᠠ᠃ ᠲᠡᠳᠡ ᠤᠰᠤᠨ ᠳᠤ ᠶᠤᠰᠤᠳᠠᠢ ᠯᠠ ᠵᠢᠭᠠᠰᠦ᠃ ᠲᠡᠷᠡ ᠦᠶ᠎ᠠ ᠳᠤ ᠯᠠ ᠦᠪᠡᠷ ᠤᠨ ᠡᠷᠭᠡ ᠦᠭᠡᠢ ᠬᠠᠭᠢᠷ ᠤᠨ ᠭᠤᠤᠯ ᠪᠤᠯ ᠲᠡᠳᠡᠨ ᠤ ᠭᠤᠤᠯ ᠭᠡᠳᠡᠭ ᠢ ᠭᠦᠯᠢᠶᠡᠨ ᠵᠦᠪᠰᠢᠶᠡᠷᠡᠳᠡᠭ ᠰᠠᠨ᠃     ᠡᠪᠦᠯ ᠪᠤᠯᠤᠮᠠᠭᠴᠠ ᠲᠡᠳᠡ ᠬᠤᠶᠠᠷ ᠴᠠᠨ᠎ᠠ ᠪᠠᠷ ᠢᠶᠠᠨ ᠬᠠᠬᠢᠷ ᠤᠨ ᠭᠤᠤᠯ ᠤᠨ ᠮᠦᠰᠦᠨ ᠲᠡᠭᠡᠭᠦᠷ ᠶᠤᠰᠤᠳᠠᠢ ᠡᠵᠡᠨ ᠨᠢ ᠭᠡᠰᠡᠨ ᠰᠢᠭ ᠭᠤᠯᠭᠤᠵᠦ ᠦᠭᠭᠦᠨ᠎ᠠ᠃ ᠭᠤᠤᠯ ᠤᠨ ᠤᠯᠤᠮ ᠲᠡᠭᠡᠷ᠎ᠠ ᠴᠠᠨ᠎ᠠ ᠪᠠᠨ ᠭᠠᠶᠢᠬᠠᠭᠤᠯᠬᠤ ᠭᠡᠵᠦ ᠵᠤᠷᠢᠭᠤᠳᠠ ᠪᠢᠳᠡᠨ ᠢ ᠭᠦᠯᠢᠶᠡᠨ᠎ᠠ᠃ ᠲᠡᠳᠡ ᠭᠡᠵᠢᠶ᠎ᠠ ᠴᠦ ᠪᠢᠳᠡᠨ ᠲᠠᠢ ᠡᠪᠯᠡᠷᠡᠵᠦ ᠪᠠᠶᠢᠬᠰᠠᠨ ᠦᠭᠡᠢ᠃ ᠬᠤᠯᠠ ᠠᠴᠠ ᠬᠤᠷᠤᠭᠤ ᠪᠠᠷ ᠢᠶᠠᠨ ᠵᠢᠭᠠᠵᠦ ᠬᠠᠯᠳᠠᠨ᠎ᠠ᠃ ᠪᠢᠳᠡ ᠲᠡᠳᠡ ᠬᠤᠶᠠᠷ ᠲᠤ ᠲᠦᠭᠦᠪᠡᠯ ᠬᠤᠶᠠᠭᠤᠯᠠ ᠴᠠᠨ᠎ᠠ ᠪᠠᠨ ᠭᠦᠯᠭᠡᠯᠡᠵᠦ ᠲᠤᠳᠠᠭᠠᠨ ᠤᠳᠤᠨ᠎ᠠ᠃ ᠮᠦᠰᠦᠨ ᠲᠡᠭᠡᠷ᠎ᠠ ᠪᠢᠳᠡ ᠲᠡᠳᠡᠨ ᠢ ᠭᠦᠭᠡᠭᠡᠭᠡᠳ ᠭᠡᠵᠢᠶ᠎ᠠ ᠴᠦ ᠭᠦᠢᠴᠡᠳᠡᠭ ᠦᠭᠡᠢ᠃ ᠬᠠᠯᠳᠤᠴᠢᠨ ᠤᠨᠠᠬᠤ ᠠᠷᠴᠠᠭ᠎ᠠ ᠦᠭᠡᠢ ᠰᠢᠨᠵᠢ ᠮᠢᠨᠢ ᠲᠡᠳᠡᠨ ᠤ ᠡᠯᠡᠭ ᠪᠤᠯᠤᠨ᠎ᠠ᠃     ᠵᠠᠷᠢᠮ ᠎ ᠳᠤ ᠪᠠᠨ ᠪᠢᠳᠡ ᠭᠠᠭᠴᠠ ᠬᠤᠶᠠᠭᠤᠯᠠ ᠪᠠᠨ ᠰᠤᠷᠭᠠᠭᠤᠯᠢ ᠳᠤ ᠶᠠᠪᠤᠬᠤ ᠲᠤᠬᠢᠶᠠᠯᠳᠤᠯ ᠢᠶᠠᠷ ᠲᠡᠷᠡ ᠬᠤᠶᠠᠷ ᠵᠠᠮ ᠲᠤᠰᠤᠨ᠎ᠠ᠃    — ᠤᠯᠠᠭᠤᠯᠠ ᠪᠠᠨ ᠰᠦᠷᠳᠡᠢ ᠪᠢᠰᠢ ᠪᠢᠯᠡ ᠤᠤ︖ ᠦᠨᠤᠳᠤᠷ ᠶᠠᠭᠠᠭᠢᠬᠤ ᠶᠢ ᠴᠢᠨᠢ ᠬᠠᠷᠠᠶ᠎ᠠ ᠭᠡᠵᠦ ᠨᠢᠭᠡ ᠨᠢ ᠢᠷᠡᠭᠡᠳ ᠰᠢᠭᠤᠳ ᠨᠠᠮᠠᠢᠢ ᠵᠠᠭᠠᠮᠠᠳᠠᠪᠠ᠃     ᠪᠢᠳᠡ ᠬᠤᠶᠠᠷ ᠨᠤᠴᠤᠯᠳᠤᠯ᠎ᠠ᠃ ᠪᠤᠬᠴᠦ ᠮᠢᠨᠢ ᠮᠦᠷᠦᠨ ᠠᠴᠠ ᠮᠤᠯᠳᠤᠷᠠᠨ ᠬᠠᠷᠠᠨᠳᠠ᠂ ᠨᠤᠮ ᠤᠳ ᠭᠠᠵᠠᠷ ᠠᠰᠬᠠᠬᠳᠠᠪᠠ᠃ ᠴᠡᠩᠭᠡᠷ ᠬᠠᠷᠠᠨᠳᠠ᠂ ᠵᠢᠷᠤᠭ ᠲᠠᠢ ᠨᠤᠮ ᠮᠢᠨᠢ ᠬᠤᠶᠠᠷ ᠭᠦᠦ ᠶᠢᠨ ᠬᠠᠷᠠᠴᠠ ᠶᠢ ᠪᠤᠯᠢᠶᠠᠵᠦ ᠵᠢᠭᠤᠷᠠᠯᠳᠤᠬᠤ ᠪᠠᠨ ᠪᠤᠯᠢᠭᠠᠳ ︽ᠴᠡᠩᠭᠡᠷ ᠬᠠᠷᠠᠨᠳᠠ ᠪᠠᠨ ᠦᠭᠴᠢᠭᠡ︕︾ ᠭᠡᠵᠦ ᠭᠤᠶᠤᠪᠠ᠃    — ᠴᠢᠮ᠎ᠠ ᠳᠤ ᠦᠭᠭᠦ ᠬᠠᠷᠠᠨᠳᠠ ᠠᠯᠠᠭ᠎ᠠ᠃    — ᠲᠡᠷᠡ ᠵᠢᠷᠤᠭ ᠲᠠᠢ ᠨᠤᠮ ᠢᠶᠠᠨ ᠦᠭᠴᠢᠭᠡ ᠭᠡᠵᠦ ᠨᠦᠭᠦᠭᠡ ᠨᠢ ᠦᠭᠢᠨ ᠴᠠᠭᠠᠨ ᠭᠤᠶᠤᠳᠠᠯ ᠢᠶᠠᠷ ᠭᠤᠶᠤᠪᠠ᠃     ᠪᠢ ᠵᠢᠷᠤᠭ ᠲᠠᠢ ᠨᠤᠮ᠂ ᠬᠠᠷᠠᠨᠳᠠ ᠪᠠᠨ ᠪᠤᠬᠴᠤᠨ ᠳᠤ ᠪᠠᠨ ᠤᠮᠤᠬᠳᠠᠢ ᠬᠢᠭᠡᠳ ᠴᠠᠭᠠᠰᠢ ᠠᠯᠬᠤᠪᠠ᠃ ᠲᠡᠷᠡ ᠬᠤᠶᠠᠷ ᠠᠷᠦ ᠠᠴᠠ ᠮᠢᠨᠢ ᠬᠠᠷᠠᠬᠰᠠᠭᠠᠷ ᠬᠤᠴᠤᠷᠪᠠ᠃     ᠰᠤᠷᠭᠠᠭᠤᠯᠢ ᠲᠠᠷᠬᠠᠭᠠᠳ ᠪᠤᠴᠠᠬᠤ ᠳᠤ ᠭᠤᠤᠯ ᠤᠨ ᠤᠯᠤᠮ ᠲᠡᠭᠡᠷ᠎ᠠ ᠲᠡᠷᠡ ᠬᠤᠶᠠᠷ ᠴᠠᠨ᠎ᠠ ᠪᠠᠨ ᠭᠦᠯᠭᠡᠯᠡᠭᠡᠳ ᠭᠦᠯᠢᠶᠡᠵᠦ ᠪᠠᠶᠢᠪᠠ᠃ ᠪᠢᠳᠡ ᠤᠯᠠᠭᠤᠯᠠ ᠪᠠᠨ ᠪᠠᠶᠢᠬᠰᠠᠨ ᠪᠤᠯᠬᠤᠷ ᠦᠰᠢᠶ᠎ᠠ ᠪᠠᠨ ᠠᠪᠬᠤ ᠭᠡᠵᠦ ᠲᠠᠭᠤᠬᠰᠠᠨ ᠪᠤᠯᠪᠠᠴᠦ ᠭᠦᠢᠴᠡᠭᠰᠡᠨ ᠦᠭᠡᠢ᠃ ᠲᠡᠷᠡ ᠬᠤᠶᠠᠭᠤᠯᠠ ᠲᠤᠳᠠᠭᠠᠵᠦ ᠶᠠᠪᠤᠬᠰᠠᠨ ᠢᠶᠠᠨ ︽ᠭᠦᠶᠢ︕ ᠲᠡᠷᠡ ᠴᠡᠩᠭᠡᠷ ᠬᠠᠷᠠᠨᠳᠠ ᠪᠠᠷ ᠢᠶᠠᠨ ᠴᠠᠨ᠎ᠠ ᠰᠤᠯᠢᠬᠤ ᠤᠤ︾ ᠭᠡᠵᠦ ᠬᠠᠰᠭᠢᠷᠦᠨ ᠭᠡᠯᠡᠪᠡ᠃ ᠮᠠᠨ ᠤ ᠨᠢᠭᠡ ᠭᠦᠪᠡᠭᠦᠨ ᠴᠠᠨ᠎ᠠ ᠶᠢ ᠨᠢ ᠰᠤᠯᠢᠵᠦ ᠠᠪᠤᠪᠠᠯ ᠲᠤᠳᠠᠭᠠᠵᠦ ᠴᠢᠳᠠᠬᠤ ᠦᠭᠡᠢ ᠪᠤᠯᠤᠨ᠎ᠠ ᠭᠡᠪᠡ᠃   — ᠨᠢᠭᠡ ᠬᠠᠷᠠᠨᠳᠠ ᠪᠠᠷ ᠨᠢᠭᠡ ᠴᠠᠨ᠎ᠠ ᠰᠤᠯᠢᠨ᠎ᠠ᠃   — ᠬᠤᠶᠠᠷ ᠬᠠᠷᠠᠨᠳᠠ ᠪᠠᠷ ᠨᠢᠭᠡ ᠴᠠᠨ᠎ᠠ ᠰᠤᠯᠢᠶ᠎ᠠ᠃   — ᠵᠠ ᠵᠠ᠂ ᠲᠤᠬᠢᠷᠠᠯ᠎ᠠ᠃   — ᠵᠢᠷᠤᠭ ᠲᠠᠢ ᠨᠤᠮ ᠢᠶᠠᠨ ᠦᠭᠪᠡᠯ ᠬᠤᠶᠠᠷ ᠴᠠᠨ᠎ᠠ ᠦᠭᠭᠦᠶ᠎ᠠ᠃   — ᠪᠤᠯᠤᠨ᠎ᠠ᠃ ᠢᠡᠭᠭᠢᠭᠡᠳ ᠲᠤᠬᠢᠷᠠᠯ᠎ᠠ᠃     ᠭᠡᠳᠡᠯ᠎ᠠ ᠲᠡᠷᠡ ᠬᠤᠶᠠᠷ ᠪᠢᠳᠡᠨ ᠳᠤ ᠤᠢᠢᠷᠠᠳᠬᠤ ᠶᠢ ᠭᠦᠰᠡᠭᠦ ᠦᠭᠡᠢ ᠪᠠᠶᠢᠭ᠎ᠠ ᠪᠤᠯᠤᠯᠳᠠᠢ᠃ ᠲᠠᠯ᠎ᠠ ᠨᠤᠭᠤᠳ ᠤᠨ ᠵᠦᠪᠰᠢᠯᠴᠡᠭᠡ ᠶᠤᠰᠤᠭᠠᠷ ᠬᠤᠶᠠᠷ ᠴᠠᠨ᠎ᠠ ᠪᠤᠯᠤᠨ ᠵᠢᠷᠤᠭ ᠲᠠᠢ ᠨᠤᠮ᠂ ᠬᠠᠷᠠᠨᠳᠠ ᠨᠤᠭᠤᠳ ᠢ ᠰᠠᠯᠭᠠᠨ ᠲᠠᠯᠪᠢᠬᠤ ᠪᠠᠷ ᠲᠤᠬᠢᠷᠠᠪᠠ᠃ ᠲᠡᠭᠡᠭᠡᠳ ᠮᠠᠨ ᠤ ᠰᠤᠯᠢᠯᠴᠠᠭ᠎ᠠ ᠶᠠᠪᠤᠬᠳᠠᠯ᠎ᠠ᠃ ᠪᠢᠳᠡ ᠴᠠᠨ᠎ᠠ ᠶᠢ ᠠᠪᠴᠥ᠂ ᠲᠡᠳᠡ ᠬᠤᠶᠠᠭᠤᠯᠠ ᠴᠦ ᠬᠠᠷᠠᠨᠳᠠ᠂ ᠵᠢᠷᠤᠭ ᠲᠠᠢ ᠨᠤᠮ ᠢᠶᠠᠨ ᠠᠪᠴᠦ ᠵᠠᠪᠳᠤᠪᠠ᠃ ᠭᠡᠳᠡᠯ᠎ᠠ ᠲᠡᠳᠡ ᠴᠠᠨ᠎ᠠ ᠪᠠᠨ ᠠᠯᠳᠠᠭᠰᠠᠨ ᠪᠤᠯᠬᠤᠷ ᠪᠢᠳᠡᠨ ᠠᠴᠠ ᠲᠤᠳᠠᠭᠠᠵᠦ ᠭᠠᠷᠬᠤ ᠦᠭᠡᠢ ᠪᠤᠯᠬᠤ ᠪᠠᠨ ᠮᠡᠳᠡᠭᠰᠡᠨ ᠦᠭᠡᠢ᠃ ᠪᠢᠳᠡ ᠤᠳᠠᠵᠦ ᠲᠦᠳᠡᠯ ᠦᠭᠡᠢ ᠬᠤᠶᠠᠷ ᠭᠦᠪᠡᠭᠦᠨ ᠢ ︽ᠤᠯᠵᠠᠯᠠᠵᠦ︾᠂ ᠲᠠᠶᠢᠨ ᠤ ᠤᠯᠵᠠ ᠪᠤᠯᠬᠤ ᠰᠠᠶᠢ ᠶᠢᠨ ᠨᠤᠮ ᠬᠠᠷᠠᠨᠳᠠ ᠪᠠᠨ ᠪᠤᠯᠢᠶᠠᠵᠦ ᠠᠪᠤᠯ᠎ᠠ᠃ ᠲᠡᠷᠡ ᠬᠤᠶᠠᠷ ᠨᠢᠯᠪᠤᠰᠤ ᠲᠠᠢ ᠬᠤᠴᠤᠷᠴᠠᠢ᠃     ᠤᠯᠠᠨ ᠵᠢᠯ ᠤᠨ ᠲᠠᠷᠠᠭ᠎ᠠ ᠪᠢ ᠭᠡᠷ ᠲᠤ  ᠎ ᠪᠠᠨ ᠬᠠᠷᠢᠬᠤ ᠭᠡᠵᠦ ᠴᠢᠪᠠᠭ᠎ᠠ ᠪᠠᠯᠭᠠᠰᠥ ᠪᠠᠷ ᠲᠠᠭᠠᠷᠢᠭᠠᠳ ᠶᠠᠭ ᠵᠠᠮ ᠲᠡᠭᠡᠷ᠎ᠠ ᠲᠡᠭᠦᠨ ᠲᠠᠢ ᠲᠠᠭᠠᠷᠠᠯᠳᠤᠪᠠ᠃ ᠵᠦᠷᠢᠵᠦ ᠦᠡᠭᠭᠡᠷᠡᠭᠦ ᠎ ᠳᠤ ᠪᠠᠨ ᠪᠢᠳᠡ ᠨᠢᠭᠡᠨ ᠢ ᠪᠠᠨ ᠭᠠᠷᠴᠠᠭ᠎ᠠ ᠦᠭᠡᠢ ᠲᠠᠨᠢᠬᠰᠠᠨ ᠪᠢᠯᠡ᠃ ᠲᠡᠷᠡ ᠢᠨᠢᠶᠡᠮᠰᠦᠭᠯᠡᠪᠡ᠃ ᠪᠢ ᠴᠦ ᠬᠠᠷᠢᠭᠤ ᠢᠨᠢᠶᠡᠮᠰᠦᠭᠯᠡᠪᠡ᠃ ᠡᠨᠡ ᠪᠢᠳᠡᠨ ᠤ ᠠᠩᠬᠠᠨ ᠤ ᠨᠠᠶᠢᠷᠠᠮᠳᠠᠯ ᠤᠨ ᠢᠨᠢᠶᠡᠮᠰᠦᠭᠯᠡᠯ ᠪᠠᠶᠢᠯ᠎ᠠ᠃     ᠲᠡᠷᠡ ᠭᠡᠦᠭᠡᠳ ᠲᠤ ᠪᠠᠨ ᠵᠢᠷᠤᠭ ᠲᠠᠢ ᠨᠤᠮ᠂ ᠴᠡᠩᠭᠡᠷ ᠬᠠᠷᠠᠨᠳᠠ ᠠᠪᠬᠤ ᠪᠠᠷ ᠬᠤᠰᠢᠭᠤ ᠤᠷᠤᠬᠰᠠᠨ ᠪᠤᠯ ᠤᠤ︖
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号