ᠬᠦᠳᠡᠭᠡ ᠨᠤᠲᠤᠭ ᠪᠤᠶᠤ ᠬᠢᠵᠦ ᠪᠦᠳᠦᠭᠡᠬᠦ ᠤᠷᠤᠨ ᠵᠠᠢ
ᠨᠡᠶᠢᠲᠡᠯᠡᠭᠰᠡᠨ ᠴᠠᠭ᠄
2020/8/19
    ᠤᠯᠠᠮ ᠠᠴᠠ ᠤᠯᠠᠮ ᠤᠯᠠᠨ ᠤᠶᠤᠳᠠᠨ ᠬᠦᠳᠡᠭᠡ ᠨᠤᠲᠤᠭ ᠲᠠᠭᠠᠨ ᠪᠤᠴᠠᠵᠦ ᠠᠵᠢᠯ ᠦᠢᠯᠡᠰ ᠡᠷᠬᠢᠯᠡᠬᠦ ᠬᠠᠨᠳᠤᠰᠢ ᠭᠠᠷᠤᠯ᠎ᠠ᠃ ᠬᠦᠭᠵᠢᠯᠳᠡ ᠶᠢ ᠳᠠᠭᠠᠭᠠᠳ ᠬᠦᠳᠡᠭᠡ ᠨᠤᠲᠤᠭ ᠰᠢᠨᠡᠳᠦᠨ ᠬᠤᠪᠢᠷᠠᠵᠦ ᠬᠤᠳᠠ ᠬᠦᠳᠡᠭᠡ ᠶᠢᠨ ᠵᠦᠷᠢᠶ᠎ᠡ ᠶᠡᠭᠡ ᠪᠢᠰᠢ ᠪᠤᠯᠤᠭᠰᠠᠨ ᠨᠢᠭᠡ ᠳᠠᠯ᠎ᠠ ᠪᠠᠶᠢᠬᠤ ᠳᠤ ᠨᠦᠬᠦᠭᠡ ᠳᠠᠯ᠎ᠠ ᠳᠠᠭᠠᠨ ᠵᠠᠯᠠᠭᠤᠴᠤᠳ ᠮᠠᠨᠢ ᠬᠢᠵᠦ ᠪᠦᠳᠦᠭᠡᠬᠦ ᠤᠷᠤᠨ ᠵᠠᠢ ᠬᠠᠮᠢᠭ᠎ᠠ ᠢᠯᠡᠬᠦᠦ ᠶᠡᠭᠡ ᠪᠠᠶᠢᠭ᠎ᠠ ᠶᠢᠨ ᠳᠤᠬᠠᠢ ᠠᠶᠠᠨᠳᠠᠭᠠᠨ ᠠᠩᠵᠠᠭᠠᠷᠠᠭᠠᠳ ᠡᠬᠢᠯᠡᠭᠰᠡᠨ ᠨᠢ ᠢᠯᠡᠳᠳᠡ᠃     ᠮᠤᠩᠭᠤᠯ ᠪᠦᠳᠦᠭᠡᠭᠳᠡᠬᠦᠨ ᠮᠠᠨᠢ ᠴᠤᠯ ᠴᠡᠪᠡᠷ ᠪᠤᠬᠢᠷᠳᠤᠯ ᠦᠭᠡᠢ ᠪᠠᠷ ᠢᠶᠠᠨ ᠤᠨᠴᠠᠯᠢᠭᠳᠠᠵᠦ ᠤᠯᠠᠮ ᠤᠯᠠᠨ ᠬᠦᠮᠦᠨ ᠤ ᠳᠠᠭᠠᠰᠢᠶᠠᠯ ᠳᠤ ᠬᠦᠷᠴᠦ᠂ ᠠᠮᠢᠳᠤᠷᠠᠯ ᠤᠨ ᠬᠢᠨᠢ ᠬᠡᠷᠡᠭᠴᠡᠭᠡ ᠱᠠᠭᠠᠷᠳᠠᠯᠭ᠎ᠠ ᠪᠤᠯᠬᠤ ᠨᠢ ᠳᠠᠮᠵᠢᠭ ᠦᠭᠡᠢ᠃ ᠮᠤᠩᠭᠤᠯ ᠨᠤᠲᠤᠭ᠂ ᠮᠤᠩᠭᠤᠯ ᠠᠮᠢᠳᠤᠷᠠᠯ ᠳᠤ ᠠᠭᠤᠳᠠᠯᠯᠠᠨ ᠬᠦᠭᠵᠢᠬᠦᠯᠦᠰᠢᠳᠡᠢ ᠵᠦᠢᠯ ᠦᠴᠢᠨᠡᠨ ᠤᠯᠠᠨ᠃ ᠡᠶᠢᠮᠦ ᠶᠡᠭᠡ ᠡᠬᠢ ᠪᠠᠶᠠᠯᠢᠭ ᠲᠠᠢ ᠪᠠᠶᠢᠭ᠎ᠠ ᠪᠠᠨ ᠮᠡᠳᠡᠭᠰᠡᠨ ᠬᠦᠮᠦᠨ ᠯᠡ ᠠᠵᠢᠯ ᠦᠢᠯᠡᠰ ᠪᠦᠳᠦᠭᠡᠬᠦ ᠬᠡᠴᠢᠨᠡᠨ ᠶᠡᠭᠡ ᠤᠷᠤᠨ ᠵᠠᠢ ᠬᠦᠳᠡᠭᠡ ᠳᠤ ᠪᠠᠶᠢᠭ᠎ᠠ ᠶᠢ ᠮᠡᠳᠡᠷᠡᠵᠦ ᠳᠡᠶᠢᠯᠦᠨ᠎ᠡ᠃ ᠬᠦᠳᠡᠭᠡ ᠨᠤᠲᠤᠭ ᠲᠠᠭᠠᠨ ᠪᠤᠴᠠᠭᠰᠠᠨ ᠤᠶᠤᠳᠠᠳ ᠮᠠᠨᠢ ᠶᠡᠭᠡ ᠰᠤᠷᠭᠠᠭᠤᠯᠢ ᠳᠡᠬᠦᠰᠴᠢᠭᠡᠭᠡᠳ ᠠᠵᠢᠯ ᠤᠯᠵᠦ ᠳᠡᠶᠢᠯᠬᠦ ᠦᠭᠡᠢ ᠭᠠᠴᠢᠭᠳᠠᠵᠦ ᠪᠠᠶᠢᠭ᠎ᠠ ᠨᠡᠶᠢᠭᠡᠮ ᠤᠨ ᠳᠠᠷᠤᠭᠠᠰᠤ ᠶᠢ ᠬᠦᠡᠭᠭᠡᠯᠡᠵᠦ ᠪᠠᠶᠢᠬᠤ ᠪᠠᠷ ᠪᠠᠷᠠᠬᠤ ᠦᠭᠡᠢ ᠦᠪᠡᠷ ᠤᠨ ᠶᠠᠭᠤᠮ᠎ᠠ ᠪᠠᠨ ᠦᠨ᠎ᠡ ᠳᠤ ᠬᠦᠷᠭᠡᠬᠦ ᠬᠠᠷᠢᠭᠤᠴᠠᠯᠭᠠᠳᠠᠢ ᠠᠵᠢᠯ ᠳᠤ ᠰᠢᠮᠳᠠᠵᠦ ᠪᠠᠶᠢᠭ᠎ᠠ ᠪᠢᠯᠡ᠃ ᠠᠯᠪᠠᠨ ᠰᠢᠷᠡᠭᠡ ᠳᠡᠪᠡᠷᠢᠬᠦ ᠪᠤᠶᠤ ᠪᠤᠰᠤᠳ ᠤᠨ ᠡᠷᠬᠢᠯᠡᠭᠰᠡᠨ ᠶᠠᠮᠠᠷ ᠨᠢᠭᠡᠨ ᠠᠵᠢᠯ ᠳᠦᠷᠦᠯ ᠳᠤ ᠬᠠᠮᠵᠢᠯᠴᠠᠨ ᠬᠦᠯᠦᠰᠦᠨ ᠠᠵᠢᠯᠴᠢᠨ ᠪᠤᠯᠬᠤ ᠶᠢᠨ ᠤᠷᠤᠨ ᠳᠤ ᠬᠦᠭᠵᠢᠯᠳᠡ ᠶᠢᠨ ᠤᠷᠤᠨ ᠵᠠᠢ ᠦᠷᠭᠡᠨ ᠳᠡᠯᠭᠡᠷ ᠪᠠᠶᠢᠭ᠎ᠠ ᠬᠦᠳᠡᠭᠡ ᠨᠤᠲᠤᠭ ᠲᠠᠭᠠᠨ ᠤᠴᠢᠵᠦ ᠦᠪᠡᠷ ᠤᠨ ᠰᠤᠶᠤᠯ ᠪᠤᠶᠤ ᠠᠵᠤ ᠠᠬᠤᠢ ᠪᠠᠨ ᠬᠦᠭᠵᠢᠬᠦᠯᠬᠦ ᠨᠢ ᠶᠠᠭ ᠦᠨᠡᠨ ᠳᠡᠭᠡᠨ ᠤᠷᠤᠨ ᠨᠤᠲᠤᠭ ᠤᠨ ᠬᠦᠭᠵᠢᠯᠳᠡ ᠶᠢᠨ ᠱᠠᠭᠠᠷᠳᠠᠯᠭ᠎ᠠ ᠪᠤᠯᠵᠦ ᠪᠠᠶᠢᠬᠤ ᠪᠦᠭᠡᠳ ᠦᠨᠳᠦᠰᠦᠳᠡᠨ ᠤ ᠦᠢᠯᠡᠳᠪᠤᠷᠢᠯᠡᠯ ᠤᠨ ᠱᠠᠭᠠᠷᠳᠠᠯᠭ᠎ᠠ ᠪᠤᠯᠵᠦ ᠪᠠᠶᠢᠭ᠎ᠠ ᠶᠤᠮ ᠃ ᠮᠤᠩᠭᠤᠯᠴᠤᠳ ᠡᠷᠳᠡ ᠳᠡᠭᠡᠳᠦ ᠠᠴᠠ ᠪᠠᠨ ᠦᠪᠡᠷ ᠢᠶᠠᠨ ᠦᠪᠡᠷ ᠢ ᠪᠠᠨ ᠬᠠᠨᠭ᠍ᠭᠠᠵᠦ ᠢᠷᠡᠭᠰᠡᠨ ᠦᠨᠳᠦᠰᠦᠳᠡᠨ ᠭᠡᠳᠡᠭ ᠴᠦ ᠭᠠᠳᠠᠨ᠎ᠠ ᠠᠴᠠ ᠶᠡᠭᠡ ᠤᠯᠠᠨ ᠤᠷᠤᠯᠠᠭᠴᠢ ᠪᠦᠳᠦᠭᠡᠭᠳᠡᠬᠦᠨ ᠤᠷᠤᠵᠦ ᠢᠷᠡᠭᠰᠡᠨ ᠢᠶᠠᠷ ᠮᠤᠩᠭᠤᠯ ᠪᠦᠳᠦᠭᠡᠭᠳᠡᠬᠦᠨ ᠤ ᠤᠷᠤᠨ ᠵᠠᠢ ᠨᠢᠭᠡ ᠬᠡᠮᠵᠢᠶᠡᠨ ᠳᠤ ᠠᠯᠳᠠᠭᠳᠠᠭᠰᠠᠨ ᠶᠤᠮ᠃ ᠭᠡᠬᠦ ᠳᠡᠭᠡᠨ ᠦᠪᠡᠷ ᠤᠨ ᠦᠵᠡᠯ ᠪᠤᠳᠤᠯ ᠲᠠᠢ ᠭᠡᠰᠡᠭ ᠬᠦᠮᠦᠰ ᠮᠤᠩᠭᠤᠯ ᠠᠮᠢᠳᠤᠷᠠᠯ ᠤᠨ ᠢᠶᠠᠨ ᠶᠠᠭᠤ ᠨᠢᠭᠡ ᠶᠢ ᠬᠡᠮᠵᠢᠶᠡᠯᠡᠰᠢ ᠦᠭᠡᠢ ᠦᠨ᠎ᠡ ᠳᠤ ᠬᠦᠷᠭᠡᠵᠦ᠂ ᠬᠦᠭᠵᠢᠯᠳᠡ ᠶᠢᠨ ᠳᠠᠷᠳᠠᠩ ᠵᠠᠮ ᠢ ᠨᠡᠭᠡᠭᠡᠴᠢᠭᠡᠭᠰᠡᠨ ᠨᠢ ᠴᠦ ᠪᠤᠢ᠃ ᠠᠭᠤᠳᠠᠯᠯᠠᠬᠤ ᠶᠤᠮ ᠪᠤᠯ ᠬᠦᠳᠡᠭᠡ ᠨᠤᠲᠤᠭ ᠮᠠᠨᠢ᠂ ᠮᠤᠩᠭᠤᠯ ᠠᠮᠢᠳᠤᠷᠠᠯ ᠮᠠᠨᠢ ᠡᠬᠢ ᠪᠠᠶᠠᠯᠢᠭ ᠢᠶᠠᠷ ᠳᠦᠬᠦᠷᠡᠩ᠃ ᠬᠡᠨ ᠳᠡᠬᠦᠨ ᠢ ᠨᠡᠭᠡᠭᠡᠵᠦ ᠠᠭᠤᠳᠠᠯᠯᠠᠬᠤ ᠪᠤᠢ︖ ᠬᠡᠨ ᠴᠠᠭ ᠦᠶ᠎ᠡ ᠶᠢᠨ ᠢᠶᠠᠨ ᠬᠦᠭᠵᠢᠯᠳᠡ ᠳᠤ ᠵᠤᠬᠢᠴᠠᠭᠤᠯᠤᠨ ᠬᠦᠭᠵᠢᠬᠦᠯᠬᠦ ᠪᠤᠢ ᠭᠡᠳᠡᠭ ᠯᠡ ᠠᠰᠠᠭᠤᠳᠠᠯ ᠪᠤᠯᠵᠦ ᠪᠠᠶᠢᠬᠤ ᠶᠤᠮ᠃ ᠤᠳᠤᠬᠠᠨ ᠤ ᠤᠶᠤᠳᠠᠳ ᠨᠤᠲᠤᠭ ᠲᠠᠭᠠᠨ ᠪᠤᠴᠠᠵᠦ ᠪᠠᠶᠢᠬᠤ ᠪᠠᠶᠢᠳᠠᠯ᠂ ᠨᠤᠲᠤᠭ ᠲᠠᠭᠠᠨ ᠠᠵᠢᠯ ᠦᠢᠯᠡᠰ ᠢᠶᠠᠨ ᠠᠮᠵᠢᠯᠳᠠ ᠲᠠᠢ ᠡᠷᠬᠢᠯᠡᠵᠦ ᠪᠠᠶᠢᠬᠤ ᠪᠠᠶᠢᠳᠠᠯ ᠡᠨᠡᠬᠦ ᠠᠰᠠᠭᠤᠳᠠᠯ ᠢ ᠨᠢᠭᠡ ᠬᠡᠮᠵᠢᠶᠡᠨ ᠳᠤ ᠰᠢᠢᠳᠪᠤᠷᠢᠯᠡᠵᠦ ᠪᠤᠯᠬᠤ ᠶᠤᠮ᠃ ᠶᠠᠮᠠᠷ ᠴᠦ ᠦᠨᠳᠦᠰᠦᠳᠡᠨ ᠪᠤᠶᠤ ᠭᠠᠵᠠᠷ ᠤᠷᠤᠨ ᠤ ᠡᠯ᠎ᠡ ᠳᠠᠯ᠎ᠠ ᠶᠢᠨ ᠬᠦᠭᠵᠢᠯᠳᠡ ᠳᠤ ᠵᠠᠯᠠᠭᠤᠴᠤᠳ ᠬᠡᠷᠡᠭᠳᠡᠢ ᠪᠠᠶᠢᠳᠠᠭ᠃ ᠵᠠᠯᠠᠭᠤᠴᠤᠳ ᠬᠦᠴᠦᠳᠠᠢ᠂ ᠵᠠᠯᠠᠭᠤᠴᠤᠳ ᠤᠬᠠᠭᠠᠯᠢᠭ ᠪᠠᠶᠢᠬᠤ ᠳᠤ ᠬᠦᠭᠵᠢᠯᠳᠡ ᠤᠢᠢᠷᠠᠠᠬᠨ ᠪᠠᠶᠢᠬᠤ ᠨᠢ ᠬᠡᠨ ᠢᠶᠠᠷ ᠴᠦ ᠬᠡᠯᠡᠬᠦᠯᠬᠦ ᠬᠡᠷᠡᠭ ᠦᠭᠡᠢ ᠤᠴᠢᠷ᠃ ᠳᠡᠭᠡᠬᠦ ᠳᠤ ᠨᠢᠭᠡ ᠦᠶ᠎ᠡ ᠵᠠᠯᠠᠭᠤᠴᠤᠳ ᠬᠤᠳᠠ ᠤᠷᠤᠭᠤ ᠰᠢᠭᠤᠷᠠᠵᠦ᠂ ᠬᠦᠳᠡᠭᠡ ᠨᠤᠲᠤᠭ ᠲᠤ ᠭᠤᠤᠯᠳᠠᠭᠤ ᠨᠠᠰᠤᠳᠠᠳ ᠦᠯᠡᠳᠡᠭᠰᠡᠨ ᠢ ᠦᠭᠡᠢ ᠭᠡᠬᠦ ᠶᠢᠨ ᠠᠷᠭ᠎ᠠ ᠦᠭᠡᠢ᠃ ᠬᠠᠷᠢᠨ ᠤᠢᠢᠷ᠎ᠠ ᠶᠢᠨ ᠬᠡᠳᠦᠨ ᠵᠢᠯ ᠠᠴᠠ ᠬᠦᠳᠡᠭᠡ ᠨᠤᠲᠤᠭ ᠲᠠᠭᠠᠨ ᠬᠠᠷᠢᠵᠦ ᠮᠠᠯ ᠢᠶᠠᠨ ᠮᠠᠯᠵᠢᠭᠰᠠᠨ ᠪᠤᠶᠤ ᠠᠪᠤ ᠡᠵᠢ ᠶᠢᠨ ᠢᠶᠠᠨ ᠪᠤᠰᠬᠠᠭᠰᠠᠨ ᠦᠢᠯᠡᠰ ᠢ ᠵᠠᠯᠭᠠᠮᠵᠢᠯᠠᠵᠦ ᠬᠦᠭᠵᠢᠬᠦᠯᠦᠭᠰᠡᠨ ᠵᠢᠱᠢᠶ᠎ᠠ ᠤᠯᠠᠨ ᠰᠤᠨᠤᠰᠳᠠᠬᠤ ᠪᠤᠯᠤᠭᠰᠠᠨ ᠨᠢ ᠪᠠᠭ᠋ᠠᠷᠬᠠᠯ ᠮᠡᠳᠦ᠃     ᠬᠦᠳᠡᠭᠡ ᠨᠤᠲᠤᠭ ᠲᠤ ᠮᠠᠰᠢ ᠶᠡᠭᠡ ᠤᠷᠤᠨ ᠵᠠᠢ ᠪᠠᠶᠢᠭ᠎ᠠ ᠶᠢ ᠮᠡᠳᠡᠭᠰᠡᠨ ᠵᠠᠯᠠᠭᠤᠴᠤᠳ ᠤᠯᠠᠩᠬᠢ ᠨᠢ ᠬᠢᠵᠦ ᠪᠦᠳᠦᠭᠡᠬᠦ ᠳᠦᠰᠦᠪ ᠳᠦᠯᠦᠪᠯᠡᠭᠡ ᠪᠠᠨ ᠵᠤᠬᠢᠶᠠᠴᠢᠬᠠᠭᠰᠠᠨ ᠪᠠᠶᠢᠵᠦ᠂ ᠤᠷᠤᠨ ᠨᠤᠲᠤᠭ ᠤᠨ ᠡᠭᠢ ᠪᠠᠶᠠᠯᠢᠭ ᠤᠨ ᠳᠠᠪᠠᠭᠤᠯᠢᠭ ᠢᠶᠠᠨ ᠶᠠᠭᠠᠬᠢᠵᠦ ᠵᠠᠬ᠎ᠠ ᠳᠡᠯᠭᠡᠬᠦᠷ ᠤᠨ ᠭᠡᠷᠡᠭᠴᠡᠭᠡ ᠱᠠᠭᠠᠷᠳᠠᠯᠭ᠎ᠠ ᠲᠠᠢ ᠵᠤᠬᠢᠴᠠᠭᠤᠯᠬᠤ ᠪᠠᠨ ᠮᠡᠳᠡᠴᠢᠭᠡᠭᠰᠡᠨ ᠪᠠᠶᠢᠳᠠᠭ᠃ ᠶᠠᠭ ᠡᠶᠢᠮᠦ ᠬᠦᠭᠵᠢᠬᠦᠯᠦᠯᠳᠡ ᠶᠢᠨ ᠤᠬᠠᠭᠠᠨ ᠲᠠᠢ ᠵᠠᠯᠠᠭᠤᠰ ᠬᠦᠳᠡᠭᠡ ᠨᠤᠲᠤᠭ ᠢᠶᠠᠨ ᠬᠦᠳᠦᠯᠦᠨ ᠬᠦᠭᠵᠢᠬᠦᠯᠬᠦ ᠨᠢ ᠳᠠᠮᠵᠢᠭ ᠦᠭᠡᠢ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号