ᠪᠦᠬᠦ ᠤᠯᠤᠰ ᠤᠨ ᠣᠯᠠᠨ ᠶᠡᠭᠡ ᠳᠡᠭᠡᠳᠦ ᠰᠤᠷᠭᠠᠭᠤᠯᠢ ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠶᠢᠨ ᠰᠤᠷᠤᠭᠴᠢ ᠡᠯᠰᠡᠬᠦ ᠲᠣᠪᠴᠢ ᠳᠦᠷᠢᠮ ᠢ ᠨᠡᠶᠢᠲᠡᠯᠡᠪᠡ
ᠨᠡᠶᠢᠲᠡᠯᠡᠭᠰᠡᠨ ᠴᠠᠭ᠄
2020/5/12
    ■ ᠨᠠᠷᠠᠲᠤ ᠰᠤᠷᠭᠠᠭᠤᠯᠢ ᠨᠤᠭᠤᠳ ︽ᠲᠡᠷᠢᠭᠦᠨ ᠲᠡᠰ ᠤᠨ ᠲᠤᠰᠬᠠᠶ ᠮᠡᠷᠭᠡᠵᠢᠯ︾᠎ ᠳᠡᠭᠡᠨ ᠰᠣᠷᠣᠭᠴᠢ ᠡᠯᠰᠡᠨ᠎ᠡ              ■  ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠬᠢᠷᠢ ᠪᠦᠲᠦᠮᠵᠢ ᠶᠢᠨ ᠡᠵᠡᠯᠡᠬᠦ ᠬᠠᠷᠢᠴᠠᠯ ᠢ 85%᠎ ᠠᠴᠠ ᠳᠣᠤᠷ᠎ᠠ ᠪᠠᠶᠢᠯᠭᠠᠵᠤ ᠪᠣᠯᠬᠤ ᠥᠬᠡᠶ              ■ ᠴᠥᠭᠡᠨ ᠪᠤᠰᠤ ᠶᠡᠭᠡ ᠳᠡᠭᠡᠳᠦ ᠰᠤᠷᠭᠠᠭᠤᠯᠢ ᠶᠢᠨ ᠬᠢᠨᠠᠨ ᠰᠢᠯᠭᠠᠬᠤ ᠠᠭᠤᠯᠭ᠎ᠠ ᠳᠤ ᠪᠡᠶ᠎ᠡ ᠶᠢᠨ ᠲᠠᠮᠢᠷ ᠤᠨ ᠰᠢᠯᠭᠠᠯᠲᠠ ᠶᠢ ᠤᠷᠤᠭᠤᠯᠪᠠ              ■ ᠡᠯᠰᠡᠭᠰᠡᠨ ᠰᠤᠷᠤᠭᠴᠢᠳ ᠲᠤ ᠲᠤᠰᠠᠭᠠᠷ ᠬᠥᠮᠦᠵᠢᠭᠦᠯᠬᠦ ᠲᠥᠰᠦᠯ ᠲᠣᠭᠲᠠᠭᠠᠵᠤ ᠥᠭᠭᠦᠨ᠎ᠡ              ᠨᠡᠶᠢᠭᠡᠮ ᠨᠡᠶᠢᠲᠡ ᠶᠢᠨ ᠬᠢᠨ ᠤ ᠮᠠᠰᠢ ᠠᠩᠬᠠᠷᠴᠤ  ᠪᠠᠶᠢᠭ᠎ᠠ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠠᠵᠢᠯ ᠳᠤ ᠴᠢᠭᠯᠡᠭᠦᠯᠦᠨ᠂ ᠡᠨᠡ ᠵᠢᠯ ᠤᠨ ᠡᠭᠢ ᠪᠠᠷ᠂ ᠰᠤᠷᠭᠠᠨ ᠬᠥᠮᠦᠵᠢᠯ‌‍ᠤᠨ ᠶᠠᠮᠤᠨ ᠠᠴᠠ ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠶᠢ ᠲᠣᠭᠲᠠᠭᠠᠠ ᠨᠡᠶᠢᠲᠡᠯᠡᠭᠰᠡᠨ ᠪᠥᠭᠡᠳ 2020 ᠣᠨ ᠠᠴᠠ ᠡᠬᠢᠯᠡᠨ ᠶᠡᠭᠡ ᠳᠡᠭᠡᠳᠦ ᠰᠤᠷᠭᠠᠭᠤᠯᠢ ᠶᠢᠨ ᠪᠡᠶ᠎ᠡ ᠪᠠᠨ ᠳᠠᠭᠠᠭᠠᠵᠤ ᠰᠣᠷᠣᠭᠴᠢ ᠡᠯᠰᠡᠬᠦ ᠠᠵᠢᠯ ᠢ ᠵᠣᠬᠢᠶᠠᠨ ᠪᠠᠶᠢᠭᠤᠯᠵᠤ ᠥᠷᠨᠢᠭᠦᠯᠬᠦ ᠥᠬᠡᠶ ᠭᠡᠵᠦ ᠨᠡᠶᠢᠲᠡᠯᠡᠪᠡ᠃ ᠰᠤᠷᠭᠠᠨ ᠬᠥᠮᠦᠵᠢᠯ ᠤᠨ ᠶᠠᠮᠤᠨ ︽ᠲᠡᠷᠢᠭᠦᠨ ᠵᠡᠷᠭᠡ ᠶᠢᠨ ᠶᠡᠭᠡ ᠰᠤᠷᠭᠠᠭᠤᠯᠢ︾᠎ ᠶᠢᠨ ᠪᠥᠲᠥᠭᠡᠨ ᠪᠠᠶᠢᠭᠤᠯᠤᠯᠲᠠ ᠶᠢᠨ 36 ᠶᠡᠭᠡ ᠳᠡᠭᠡᠳᠦ ᠰᠤᠷᠭᠠᠭᠤᠯᠢ ᠶᠢᠨ ᠬᠡᠪᠴᠢᠶᠡᠨ ᠳᠤ ᠶᠡᠭᠡ ᠳᠡᠭᠡᠳᠦ ᠰᠤᠷᠭᠠᠭᠤᠯᠢ ᠶᠢ  ᠰᠢᠯᠢᠨ ᠰᠣᠩᠭᠤᠵᠤ ᠲᠤᠷᠰᠢᠯᠲᠠ ᠥᠷᠨᠢᠭᠦᠯᠦᠨ᠎ᠠ᠃  ᠤᠳᠤᠬᠠᠨ ᠳᠤ  ᠴᠥᠭᠡᠨ ᠪᠤᠰᠤ ᠶᠡᠭᠡ ᠳᠡᠭᠡᠳᠦ ᠰᠤᠷᠭᠠᠭᠤᠯᠢ ︽ᠰᠠᠭᠤᠷᠢ ᠰᠢᠡᠵᠢᠯᠡᠭᠡᠨ ᠢ ᠴᠢᠩᠭᠠᠳᠬᠠᠬᠤ  ᠲᠥᠯᠥᠪᠯᠡᠭᠡ︾᠎ ᠶᠢᠨ ᠰᠣᠷᠣᠭᠴᠢ ᠡᠯᠰᠡᠬᠦ ᠲᠣᠪᠴᠢ ᠲᠦᠷᠢᠮ ᠢ ᠨᠡᠶᠢᠳᠡᠯᠡᠭᠡᠳ ᠪᠤᠢ᠃             ᠰᠣᠩᠭᠤᠭᠳᠠᠭᠰᠠᠨ ᠰᠤᠷᠤᠭᠴᠢ ᠨᠢ  ︽ᠰᠠᠭᠤᠷᠢ ᠰᠢᠡᠵᠢᠯᠡᠭᠡᠨ ᠢ ᠴᠢᠩᠭᠠᠳᠬᠠᠵᠤ ᠲᠡᠶᠢᠯᠭᠦ︾ ᠠᠪᠢᠶᠠᠰ ᠴᠢᠳᠠᠪᠤᠷᠢ ᠲᠠᠢ ᠪᠠᠶᠢᠬᠤ ᠬᠡᠷᠡᠭᠲᠡᠶ           1 ᠰᠠᠷ᠎ᠠ ᠶᠢᠨ 15᠎ ᠤ ᠡᠳᠦᠷ᠂ ᠰᠤᠷᠭᠠᠨ ᠬᠥᠮᠦᠵᠢᠯ ᠤᠨ ᠶᠠᠮᠤᠨ ︽ᠬᠡᠰᠡᠭ ᠶᠡᠭᠡ ᠳᠡᠭᠡᠳᠦ ᠰᠤᠷᠭᠠᠭᠤᠯᠢ ᠳᠤ ᠰᠠᠭᠤᠷᠢ ᠰᠢᠨᠵᠢᠯᠡᠭᠡᠨ ᠤ ᠰᠣᠷᠣᠭᠴᠢ ᠡᠯᠰᠡᠬᠦ ᠥᠭᠡᠷᠡᠴᠢᠯᠡᠯᠲᠡ ᠶᠢᠨ ᠲᠤᠷᠰᠢᠯᠲᠠ ᠶᠢᠨ ᠠᠵᠢᠯ ᠢ ᠥᠷᠨᠢᠭᠦᠯᠬᠦ ᠲᠤᠬᠠᠶ ᠰᠠᠨᠠᠯ︾   ︵ᠪᠠᠰᠠ ︽ᠰᠠᠭᠤᠷᠢ ᠰᠢᠡᠵᠢᠯᠡᠭᠡᠨ ᠢ ᠴᠢᠩᠭᠠᠳᠬᠠᠬᠤ  ᠲᠥᠯᠥᠪᠯᠡᠭᠡ︾  ᠭᠡᠳᠡᠭ︶᠎ ᠢ ᠲᠣᠭᠲᠠᠭᠠᠨ ᠨᠡᠶᠢᠲᠡᠯᠡᠪᠡ᠃  ᠣᠶᠢᠯᠠᠭᠠᠭᠰᠠᠨ ᠢᠶᠠᠷ᠂ ︽ᠰᠠᠭᠤᠷᠢ ᠰᠢᠡᠵᠢᠯᠡᠭᠡᠨ ᠢ ᠴᠢᠩᠭᠠᠳᠬᠠᠬᠤ  ᠲᠥᠯᠥᠪᠯᠡᠭᠡ︾᠎ ᠨᠢ  ᠭᠤᠤᠯᠳᠠᠭᠤ  ︽ᠤᠯᠤᠰ ᠤᠨ  ᠴᠢᠬᠤᠯᠠ ᠶᠡᠭᠡ ᠪᠠᠶᠢᠯᠳᠤᠬᠤ ᠪᠣᠳᠣᠯᠭ᠎ᠠ ᠶᠢᠨ ᠬᠡᠷᠡᠭᠴᠡᠭᠡ ᠱᠠᠭᠠᠷᠳᠠᠯᠭ᠎ᠠ ᠳᠤ ᠦᠢᠯᠡᠴᠢᠯᠡᠬᠦ ᠪᠠᠷ ᠵᠣᠷᠢᠭ ᠰᠢᠭᠤᠳᠤᠭᠰᠠᠨ ᠪᠥᠭᠡᠳ ᠶᠡᠷᠦᠩᠬᠡᠶᠢᠯᠡᠭᠰᠡᠨ ᠬᠡᠪ ᠴᠢᠨᠠᠷ ᠨᠢ ᠰᠢᠯᠢᠳᠡᠭ ᠪᠤᠶᠤ ᠰᠠᠭᠤᠷᠢ ᠰᠢᠨᠵᠢᠯᠡᠭᠡᠨ ᠤ ᠲᠦᠪᠰᠢᠨ ᠨᠢ ᠣᠷᠦ᠋ᠢᠯᠠᠭᠰᠠᠨ ᠰᠣᠷᠣᠭᠴᠢ︾᠎ ᠶᠢ ᠰᠢᠯᠢᠨ ᠰᠤᠩᠭᠤᠨ᠎ᠠ︔ ᠰᠠᠭᠤᠷᠢ ᠰᠢᠨᠵᠢᠯᠡᠭᠡᠨ ᠤ ᠲᠤᠯᠭᠠᠭᠤᠷᠢᠯᠠᠵᠤ ᠬᠥᠲᠥᠯᠥᠨ ᠳᠠᠭᠠᠭᠤᠯᠬᠤ ᠦᠢᠯᠡᠳᠦᠯ ᠢ ᠳᠣᠪᠤᠶᠢᠯᠭᠠᠵᠤ᠂ ᠭᠤᠤᠯᠳᠠᠭᠤ ᠲᠣᠭᠠᠨ ᠤ ᠤᠬᠠᠭᠠᠨ᠂ ᠹᠢᠽᠢᠺ᠂ ᠬᠢᠮᠢ᠂ ᠠᠮᠢᠳᠤ ᠪᠣᠳᠠᠰ᠂ ᠲᠡᠤᠬᠡ᠂ ᠭᠦᠨ ᠤᠬᠠᠭᠠᠨ᠂ ᠡᠷᠲᠡᠨ ᠤ ᠥᠰᠥᠭ ᠪᠢᠴᠢᠭ ᠤᠨ ᠤᠬᠠᠭᠠᠨ ᠵᠡᠷᠭᠡ ᠬᠠᠮᠢᠶ᠎ᠠ ᠪᠥᠬᠦᠶ ᠲᠤᠰᠬᠠᠶ ᠮᠡᠷᠭᠡᠵᠢᠯ ᠳᠤ ᠰᠣᠷᠣᠭᠴᠢ ᠡᠯᠰᠡᠨ᠎ᠡ᠃             ᠣᠳᠣᠬᠠᠨ ᠳᠤ᠂ ᠴᠥᠭᠡᠨ ᠪᠤᠰᠤ ᠶᠡᠭᠡ ᠳᠡᠭᠡᠳᠦ ᠰᠤᠷᠭᠠᠭᠤᠯᠢ ᠥᠪᠡᠷ ᠤᠨ ︽ᠲᠡᠷᠢᠭᠦᠨ ᠲᠠᠰ ᠤᠨ ᠲᠤᠰᠬᠠᠶ ᠮᠡᠷᠭᠡᠵᠢᠯ︾᠎ ᠢᠶᠠᠨ ᠭᠠᠷᠭᠠᠵᠤ ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠳᠤ ᠰᠣᠷᠣᠭᠴᠢ ᠡᠯᠰᠡᠭᠦ ᠎ ᠪᠠᠷ ᠪᠠᠶᠢᠨ᠎ᠠ᠃             ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠬᠢᠷᠢ  ᠪᠦᠲᠦᠮᠵᠢ ᠶᠢ ᠨᠡᠶᠢᠲᠡᠯᠡᠭᠰᠡᠨ ᠤ ᠳᠠᠷᠠᠭ᠎ᠠ ᠬᠢᠨᠠᠨ ᠰᠢᠯᠭᠠᠵᠤ᠂ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ  ᠤᠯᠤᠰ ᠤᠨ ᠨᠢᠭᠡᠳᠦᠯᠲᠡᠢ ᠰᠢᠯᠭᠠᠯᠲᠠ ᠶᠢᠨ ᠬᠢᠷᠢ ᠪᠦᠲᠦᠮᠵᠢ ᠶᠢᠨ ᠡᠵᠡᠯᠡᠬᠦ ᠬᠠᠷᠢᠴᠠᠯ ᠢ 85%᠎ ᠠᠴᠠ ᠳᠣᠤᠷ᠎ᠠ ᠪᠠᠶᠢᠯᠭᠠᠵᠤ ᠪᠣᠯᠬᠤ ᠥᠬᠡᠶ ︽ᠰᠠᠨᠠᠯ︾᠎ ᠎ ᠢ  ᠦᠨᠳᠦᠰᠦᠯᠡᠪᠡᠯ᠂  ᠶᠡᠭᠡ ᠲᠡᠭᠡᠲᠦ  ᠰᠤᠷᠭᠠᠭᠤᠯᠢ ᠨᠢ  ᠰᠢᠯᠭᠠᠭᠤᠯᠤᠬᠴᠢ ᠶᠢᠨ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠬᠢᠷᠢ  ᠪᠦᠲᠦᠮᠵᠢ ᠶᠢ  ᠦᠨᠳᠦᠰᠦᠯᠡᠨ᠂  ᠡᠯ᠎ᠡ ᠮᠤᠵᠢ ︵ᠦᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶᠎ ᠶᠢᠨ ︽ᠰᠠᠭᠤᠷᠢ  ᠰᠢᠡᠵᠢᠯᠡᠭᠡᠨ ᠢ  ᠴᠢᠩᠭᠠᠳᠬᠠᠬᠤ ᠲᠥᠯᠥᠪᠯᠡᠭᠡ︾᠎ ᠶᠢᠨ ᠰᠣᠷᠣᠭᠴᠢ ᠡᠯᠰᠡᠬᠦ ᠲᠤᠭ᠎ᠠ ᠶᠢᠨ ᠵᠣᠬᠢᠬᠤ ᠳᠠᠬᠢᠨ ᠲᠤᠭ᠎ᠠ ᠪᠠᠷ ᠶᠡᠭᠡ ᠳᠡᠭᠡᠳᠦ ᠰᠤᠷᠭᠠᠭᠤᠯᠢ ᠶᠢᠨ ᠬᠢᠨᠠᠨ ᠰᠢᠯᠭᠠᠯᠲᠠ ᠳᠤ ᠣᠷᠣᠯᠴᠠᠬᠤ ᠰᠢᠯᠭᠠᠭᠤᠯᠤᠭᠴᠢ ᠶᠢᠨ ᠨᠡᠷᠡᠰ ᠢ ᠲᠣᠭᠲᠠᠭᠠᠨ᠎ᠠ᠃ ᠰᠢᠯᠭᠠᠭᠤᠯᠤᠭᠴᠢ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠪᠠ ᠶᠡᠭᠡ ᠳᠡᠭᠡᠳᠦ ᠰᠤᠷᠭᠠᠭᠤᠯᠢ ᠶᠢᠨ ᠬᠢᠨᠠᠨ ᠰᠢᠯᠭᠠᠯᠳᠠ ᠳᠤ ᠣᠷᠣᠯᠴᠠᠭᠰᠠᠨ ᠤ ᠳᠠᠷᠠᠭ᠎ᠠ᠂ ᠶᠡᠭᠡ ᠳᠡᠭᠡᠳᠦ ᠰᠤᠷᠭᠠᠭᠤᠯᠢ ᠨᠢ ᠰᠢᠯᠭᠠᠭᠤᠯᠤᠭᠴᠢ ᠶᠢᠨ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠬᠢᠷᠢ ᠪᠦᠲᠦᠮᠵᠢ᠂ ᠶᠡᠭᠡ ᠳᠡᠭᠡᠳᠦ ᠰᠤᠷᠭᠠᠭᠤᠯᠢ ᠶᠢᠨ ᠶᠡᠷᠦᠩᠬᠡᠶᠢᠯᠡᠭᠰᠡᠨ ᠬᠢᠨᠠᠨ‌‍ᠰᠢᠯᠭᠠᠯᠲᠠ ᠶᠢᠨ ᠦᠷ᠎ᠡ ᠳ᠋ᠦᠩ ᠵᠢᠴᠢ ᠶᠡᠷᠦᠩᠭᠡᠶᠢᠯᠡᠭᠰᠡᠨ ᠬᠡᠪ  ᠴᠢᠨᠠᠷ ᠤᠨ ᠦᠨᠡᠯᠡᠯᠲᠡ ᠶᠢᠨ ᠪᠠᠶᠢᠳᠠᠯ ᠵᠡᠷᠭᠡ ᠶᠢ ᠬᠠᠷᠢᠴᠠᠯ ᠶᠣᠰᠣᠭᠠᠷ ᠰᠢᠯᠭᠠᠭᠤᠯᠤᠭᠴᠢ ᠶᠢᠨ ᠶᠡᠷᠦᠩᠬᠡᠶ ᠬᠢᠷᠢ ᠪᠦᠲᠦᠮᠵᠢ ᠪᠤᠯᠭᠠᠨ ᠨᠣᠭᠤᠯᠣᠨ ᠪᠤᠳᠤᠵᠤ  ︵ᠡᠭᠦᠨ ᠳᠤ᠂  ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠬᠢᠷᠢ ᠪᠦᠲᠦᠮᠵᠢ ᠶᠢᠨ ᠡᠵᠡᠯᠡᠬᠦ ᠬᠠᠷᠢᠴᠠᠯ ᠢ 85%᠎ ᠠᠴᠠ ᠳᠣᠤᠷ᠎ᠠ ᠪᠠᠶᠢᠯᠭᠠᠵᠤ ᠪᠣᠯᠬᠤ  ᠥᠬᠡᠶ︶᠂ ᠰᠢᠯᠭᠠᠭᠤᠯᠤᠭᠴᠢ ᠶᠢᠨ ᠲᠠᠬᠯᠠᠵᠤ ᠮᠡᠳᠡᠭᠦᠯᠦᠭᠰᠡᠨ  ᠡᠷᠡᠮᠡᠯᠵᠡᠯ ᠢ ᠦᠨᠳᠦᠰᠦᠯᠡᠨ᠂ ᠶᠡᠷᠦᠩᠬᠡᠶ ᠬᠢᠷᠢ ᠪᠦᠲᠦᠮᠵᠢ ᠶᠢᠨ ᠥᠨᠳᠥᠷ ᠠᠴᠠ ᠲᠤᠤᠷ᠎ᠠ ᠲᠡᠰᠢ ᠶᠢᠨ ᠳᠠᠷᠠᠭᠠᠯᠠᠯ ᠢᠶᠠᠷ ᠡᠯᠰᠡᠨ᠎ᠡ᠃              ᠠᠩᠬᠠᠷᠤᠭᠤᠰᠢᠲᠠᠶ ᠨᠢ᠂ ︽ᠰᠠᠭᠤᠷᠢ  ᠰᠢᠡᠵᠢᠯᠡᠭᠡᠨ ᠢ  ᠴᠢᠩᠭᠠᠳᠬᠠᠬᠤ  ᠲᠥᠯᠥᠪᠯᠡᠭᠡ︾᠎ ᠶᠢᠨ  ᠶᠡᠭᠡ  ᠳᠡᠭᠡᠳᠦ ᠰᠤᠷᠭᠠᠭᠤᠯᠢ ᠶᠢᠨ ᠬᠢᠨᠠᠨ ᠰᠢᠯᠭᠠᠯᠲᠠ ᠶᠢ  ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ‌‍ᠰᠢᠯᠭᠠᠯᠲᠠ ᠶᠢᠨ ᠬᠢᠷᠢ ᠪᠦᠲᠦᠮᠵᠢ ᠶᠢ ᠨᠡᠶᠢᠲᠡᠯᠡᠭᠰᠡᠨ ᠤ ᠳᠠᠷᠠᠭ᠎ᠠ ᠲᠣᠬᠢᠷᠠᠭᠤᠯᠵᠠᠶ᠃              ᠡᠭᠦᠨ ᠤ ᠲᠤᠬᠠᠶ᠂ ᠰᠤᠷᠭᠠᠨ ᠬᠥᠮᠦᠵᠢᠯ ᠤᠨ ᠶᠠᠮᠤᠨ ᠤ ᠶᠡᠭᠡ ᠳᠡᠭᠡᠳᠦ  ᠰᠤᠷᠭᠠᠭᠤᠯᠢ ᠶᠢᠨ ᠤᠶᠤᠳᠠᠨ ᠤ ᠵᠤᠷᠭᠠᠨ ᠤ ᠬᠤᠯᠪᠣᠭᠳᠠᠯ ᠪᠥᠬᠦᠶ ᠬᠠᠷᠢᠭᠤᠴᠠᠯᠭᠠᠲᠠᠨ ᠵᠢᠭᠠᠬᠤ ᠳᠠᠭᠠᠨ᠂  ᠡᠨᠡ ᠨᠢ ᠶᠡᠭᠡ ᠳᠡᠭᠡᠳᠦ ᠰᠤᠷᠭᠠᠭᠤᠯᠢ ᠳᠤ ᠰᠣᠷᠣᠭᠴᠢ  ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠬᠢᠷᠢ ᠪᠦᠲᠦᠮᠵᠢ ᠨᠢ ︽ᠰᠠᠭᠤᠷᠢ ᠰᠢᠡᠵᠢᠯᠡᠭᠡᠨ ᠢ ᠴᠢᠩᠭᠠᠳᠬᠠᠬᠤ  ᠲᠥᠯᠥᠪᠯᠡᠭᠡ︾᠎ ᠳᠤ ᠰᠤᠷᠤᠬᠴᠢ ᠡᠯᠰᠡᠭᠦ ᠳᠤᠮᠳᠠ ᠬᠤᠶᠠᠷ ᠲᠠᠯ᠎ᠠ ᠶᠢᠨ ᠴᠢᠬᠤᠯᠠ ᠦᠢᠯᠡᠳᠦᠯ ᠦᠵᠡᠭᠦᠯᠳᠡᠭ ᠠᠴᠠ ᠪᠣᠯᠤᠭᠰᠠᠨ ᠶᠤᠮ᠃  ︽ᠨᠢᠭᠡ ᠳᠤ ᠶᠡᠭᠡ ᠳᠡᠭᠡᠳᠦ ᠰᠤᠷᠭᠠᠭᠤᠯᠢ ᠶᠢᠨ ᠬᠢᠨᠠᠨ ᠰᠢᠯᠭᠠᠯᠳᠠ ᠶᠢᠨ ᠬᠡᠪᠴᠢᠶᠡᠨ ᠳᠤ  ᠣᠷᠣᠬᠤ  ᠨᠥᠬᠦᠴᠡᠯ ᠪᠣᠯᠭᠠᠨ᠎ᠠ᠃  ︿ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ﹀᠎ ᠨᠢ ᠤᠷᠤᠯᠳᠤᠭᠠᠨ ᠤ ᠦᠨᠡᠮᠯᠡᠯ᠂ ᠥᠭᠦᠯᠡᠯ᠂ ᠲᠤᠰᠬᠠᠶ ᠠᠰᠢᠭ ᠵᠡᠷᠭᠡ ᠶᠢ ᠶᠡᠭᠡ ᠳᠡᠭᠡᠳᠦ ᠰᠤᠷᠭᠠᠭᠤᠯᠢ ᠶᠢᠨ ᠬᠢᠨᠠᠨ ᠰᠢᠯᠭᠠᠯᠳᠠ ᠶᠢᠨ ᠬᠡᠪᠴᠢᠶᠡᠨ ᠳᠤ ᠤᠷᠤᠬᠤ ᠨᠦᠭᠦᠴᠡᠯ ᠪᠤᠯᠭᠠᠬᠤ ᠠᠷᠭ᠎ᠠ ᠬᠢᠳᠠᠯ ᠢ ᠬᠦᠴᠦᠨ ᠥᠬᠡᠶ ᠪᠣᠯᠭᠠᠵᠤ᠂   ᠰᠤᠷᠤᠭᠴᠢᠳ ᠤᠨ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠬᠢᠷᠢ ᠪᠦᠲᠦᠮᠵᠢ ᠪᠠᠷ ᠦᠨᠳᠦᠰᠦᠯᠡᠯ ᠪᠣᠯᠭᠠᠨ᠎ᠠ᠃ ᠬᠤᠶᠠᠷ ᠲᠤ ᠡᠯᠰᠡᠬᠦ ᠴᠢᠬᠤᠯᠠ ᠦᠨᠳᠦᠰᠦᠯᠡᠯ  ᠪᠣᠯᠭᠠᠨ᠎ᠠ  ᠃ ᠶᠡᠭᠡ ᠳᠡᠭᠡᠳᠦ ᠰᠤᠷᠭᠠᠭᠤᠯᠢ ᠨᠢ ᠰᠢᠯᠭᠠᠭᠤᠯᠤᠭᠴᠢ ᠶᠢᠨ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ‍ᠤᠨ‌ᠨᠢᠭᠡᠳᠦᠯᠲᠡᠢ ᠰᠢᠯᠭᠠᠯᠲᠠ ᠶᠢᠨ ᠬᠢᠷᠢ ᠪᠦᠲᠦᠮᠵᠢ᠂ ᠶᠡᠭᠡ ᠳᠡᠭᠡᠳᠦ ᠰᠤᠷᠭᠠᠭᠤᠯᠢ ᠶᠢᠨ ᠶᠡᠷᠦᠩᠬᠡᠶᠢᠯᠡᠭᠰᠡᠨ ᠬᠢᠨᠠᠨ ᠰᠢᠯᠭᠠᠯᠲᠠ ᠵᠢᠨ‌ᠦᠷ᠎ᠡ ᠳ᠋ᠦᠩ᠂ ᠶᠡᠷᠦᠩᠬᠡᠶᠢᠯᠡᠭᠰᠡᠨ ᠬᠡᠪ ᠴᠢᠨᠠᠷ ᠤᠨ ᠦᠨᠡᠯᠡᠯᠲᠡ ᠶᠢᠨ ᠪᠠᠶᠢᠳᠠᠯ ᠵᠡᠷᠭᠡ ᠶᠢ ᠶᠡᠷᠦᠩᠬᠡᠶ ᠬᠢᠷᠢ ᠪᠦᠲᠦᠮᠵᠢ ᠪᠣᠯᠭᠠᠨ ᠨᠤᠭᠤᠯᠤᠨ ᠪᠤᠳᠤᠵᠤ᠂ ᠥᠨᠳᠥᠷ ᠠᠴᠠ ᠲᠤᠤᠷ᠎ᠠ ᠲᠡᠰᠢ ᠶᠢᠨ ᠳᠠᠷᠠᠭᠠᠯᠠᠯ ᠢᠶᠠᠷ ᠡᠯᠰᠡᠵᠦ᠂ ᠰᠤᠷᠤᠭᠴᠢᠳ ᠲᠤ ᠨᠠᠩ ᠪᠥᠬᠦ ᠲᠠᠯ᠎ᠠ ᠶᠢᠨ ᠶᠡᠷᠦᠩᠬᠡᠶᠢᠯᠡᠭᠰᠡᠨ ᠦᠨᠡᠯᠡᠯᠲᠡ ᠬᠢᠬᠦ ᠶᠢ ᠢᠯᠡᠷᠡᠭᠦᠯᠵᠡᠶ︾ ᠬᠡᠪᠡ᠃            ᠬᠤᠯᠪᠣᠭᠳᠠᠯ ᠪᠥᠬᠦᠶ ᠰᠢᠨᠵᠢᠯᠡᠭᠡᠨ ᠤ ᠬᠦᠷᠢᠶᠡᠨ ᠳᠤ ᠲᠣᠪᠤᠶᠢᠮ᠎ᠠ ᠠᠪᠢᠶᠠᠰ ᠴᠢᠳᠠᠪᠤᠷᠢ ᠪᠠ ᠢᠯᠡᠷᠡᠯ ᠲᠠᠢ ᠲᠦᠢᠯ ᠤᠨ ᠴᠥᠭᠡᠨ ᠲᠣᠭᠠᠨ ᠤ ᠰᠢᠯᠭᠠᠭᠤᠯᠤᠭᠴᠢ ᠶᠢ ᠶᠡᠭᠡ ᠳᠡᠭᠡᠳᠦ ᠰᠤᠷᠭᠠᠭᠤᠯᠢ ᠪᠠᠰᠠ ᠱᠠᠲᠤ ᠠᠯᠭᠠᠰᠠᠨ ᠡᠯᠰᠡᠵᠦ ᠪᠣᠯᠤᠨ᠎ᠠ᠃              ᠰᠤᠷᠪᠤᠯᠵᠢᠯᠠᠭᠴᠢ ᠶᠢᠨ ᠤᠯᠵᠤ ᠠᠵᠢᠭᠯᠠᠭᠰᠠᠨ ᠢᠶᠠᠷ᠂ ᠴᠥᠭᠡᠨ ᠪᠤᠰᠤ ᠶᠡᠭᠡ ᠳᠡᠭᠡᠳᠦ  ᠰᠤᠷᠭᠠᠭᠤᠯᠢ ᠶᠢᠨ ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠶᠢᠨ ᠬᠢᠨᠠᠨ ᠰᠢᠯᠭᠠᠬᠤ ᠠᠭᠤᠯᠭ᠎ᠠ ᠳᠤ ᠪᠡᠶ᠎ᠡ ᠶᠢᠨ ᠲᠠᠮᠢᠷ ᠤᠨ ᠰᠢᠯᠭᠠᠯᠲᠠ ᠶᠢ ᠤᠷᠤᠭᠤᠯᠵᠠᠢ᠃  ᠵᠢᠱᠢᠶᠡᠯᠡᠪᠡᠯ᠂ ᠪᠡᠭᠡᠵᠢᠩ ᠶᠡᠭᠡ ᠰᠤᠷᠭᠠᠭᠤᠯᠢ ᠶᠢᠨ ᠶᠡᠭᠡ ᠳᠡᠭᠡᠳᠦ ᠰᠤᠷᠭᠠᠭᠤᠯᠢ ᠶᠢᠨ ᠰᠢᠯᠭᠠᠯᠲᠠ ᠵᠢᠨ‌ᠠᠭᠤᠯᠭ᠎ᠠ ᠳᠤ ᠰᠢᠨᠵᠢᠯᠡᠭᠡᠨ ᠤ ᠰᠠᠭᠤᠷᠢ ᠬᠡᠪ ᠴᠢᠨᠠᠷ ᠤᠨ ᠰᠢᠯᠭᠠᠯᠲᠠ᠂  ᠶᠡᠷᠦᠩᠬᠡᠶᠢᠯᠡᠭᠰᠡᠨ ᠬᠡᠪ ᠴᠢᠨᠠᠷ ᠤᠨ ᠰᠢᠯᠭᠠᠯᠲᠠ᠂ ᠮᠠᠬᠠᠪᠣᠳ ᠤᠨ ᠴᠢᠠᠰᠠᠭ᠎ᠠ ᠶᠢᠨ ᠰᠢᠯᠭᠠᠯᠲᠠ ᠪᠠᠭᠲᠠᠨ᠎ᠠ᠃ ᠵᠧᠵᠢᠶᠠᠩ ᠶᠡᠭᠡ ᠰᠤᠷᠭᠠᠭᠤᠯᠢ ᠶᠢᠨ ᠬᠢᠨᠠᠨ ᠰᠢᠯᠭᠠᠯᠲᠠ ᠳᠤ ᠪᠢᠷ ‍ᠤᠨ‌‍ᠰᠢᠯᠭᠠᠯᠲᠠ᠂ ᠨᠢᠭᠤᠷᠲᠠᠬᠤ ᠰᠢᠯᠭᠠᠯᠲᠠ ᠪᠠ ᠮᠠᠬᠠᠪᠣᠳ ᠤᠨ ᠴᠢᠠᠰᠠᠭ᠎ᠠ ᠶᠢᠨ ᠰᠢᠯᠭᠠᠯᠲᠠ ᠪᠣᠶ᠃  ᠳᠤᠮᠳᠠᠳᠤ ᠤᠯᠤᠰ ᠤᠨ ᠲᠡᠯᠡᠶ ᠲᠠᠩᠭᠢᠰ ᠤᠨ ᠶᠡᠭᠡ ᠰᠤᠷᠭᠠᠭᠤᠯᠢ ᠶᠢᠨ ᠬᠢᠨᠠᠨ ᠰᠢᠯᠭᠠᠯᠲᠠ ᠳᠤ ᠨᠢᠭᠤᠷᠲᠠᠬᠤ ᠰᠢᠯᠭᠠᠯᠳᠠ ᠪᠠ ᠪᠡᠶ᠎ᠡ ᠶᠢᠨ ᠲᠠᠮᠢᠷ ᠤᠨ ᠰᠢᠯᠭᠠᠯᠲᠠ ᠭᠡᠬᠦ ᠬᠤᠶᠠᠷ ᠬᠡᠰᠡᠭ ᠪᠠᠭᠲᠠᠨ᠎ᠠ᠃  ᠪᠠᠭ᠎ᠠ ᠠᠩᠭᠢ ᠶᠢᠨ  ᠵᠢᠭᠠᠨ ᠰᠤᠷᠭᠠᠯᠲᠠ᠂  ᠵᠢᠩᠭᠢᠨᠢ ᠠᠩᠭᠢ ᠶᠢᠨ ᠤᠶᠤᠳᠠᠨ ᠮᠠᠰᠲ᠋ᠧᠷ ᠳ᠋ᠤᠺᠲ᠋ᠤᠷᠠᠠᠲ ᠢ ᠵᠣᠯᠭᠠᠯᠳᠤᠭᠤᠯᠤᠨ ᠬᠥᠮᠦᠵᠢᠭᠦᠯᠬᠦ ᠨᠢ ᠭᠤᠤᠯ ᠬᠥᠮᠦᠵᠢᠭᠦᠯᠬᠦ ᠵᠠᠭᠪᠤᠷ ᠪᠣᠯᠵᠠᠶ      ᠬᠥᠮᠦᠵᠢᠭᠦᠯᠬᠦ ᠵᠠᠭᠪᠤᠷ ᠤᠨ ᠲᠠᠯ᠎ᠠ ᠪᠠᠷ᠂ ᠴᠥᠭᠡᠨ ᠪᠤᠰᠤ ᠶᠡᠭᠡ ᠳᠡᠭᠡᠳᠦ ᠰᠤᠷᠭᠠᠭᠤᠯᠢ ᠨᠢ  ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠪᠠᠷ ᠡᠯᠰᠡᠭᠰᠡᠨ ᠰᠣᠷᠣᠭᠴᠢ ᠳᠤ ᠲᠤᠰᠠᠭᠠᠷ ᠬᠥᠮᠦᠵᠢᠭᠦᠯᠬᠦ ᠲᠥᠰᠦᠯ ᠲᠣᠭᠲᠠᠭᠠᠵᠤ ᠥᠭᠭᠦᠨ᠎ᠠ᠄ ᠲᠤᠰᠠᠭᠠᠷ ᠠᠩᠭᠢ ᠪᠠᠶᠢᠭᠤᠯᠬᠤ᠂ ᠵᠢᠯᠣᠭᠤᠳᠣᠭᠴᠢ ᠪᠠᠭᠰᠢ ᠶᠢᠨ ᠲᠦᠷᠢᠮ᠂ ᠪᠠᠭ᠎ᠠ ᠠᠩᠭᠢ ᠶᠢᠨ ᠬᠥᠮᠦᠵᠢᠯ ᠨᠢ ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ ᠶᠢᠨ ︽ᠪᠠᠷᠢᠮᠵᠢᠶ᠎ᠠ︾ ᠠᠷᠭ᠎ᠠ ᠪᠣᠯᠪᠠ᠃ ᠡᠭᠦᠨ ᠤ ᠬᠠᠮᠲᠤ᠂ ᠴᠥᠭᠡᠨ ᠪᠤᠰᠤ ᠶᠡᠭᠡ ᠳᠡᠭᠡᠳᠦ ᠰᠤᠷᠭᠠᠭᠤᠯᠢ ᠨᠢ ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠳᠤ  ᠵᠢᠩᠬᠢᠨᠢ ᠠᠩᠭᠢ ᠶᠢᠨ ᠤᠶᠤᠳᠠᠨ ᠮᠠᠰᠲ᠋ᠧᠷ ᠳ᠋ᠤᠺᠲ᠋ᠤᠷᠠᠠᠲ ᠢ ᠵᠣᠯᠭᠠᠯᠳᠤᠭᠤᠯᠤᠬᠰᠠᠨ ᠬᠥᠮᠦᠵᠢᠭᠦᠯᠬᠦ ᠵᠠᠭᠪᠤᠷ ᠢ ᠬᠠᠶᠢᠨ ᠰᠦᠪᠡᠭᠴᠢᠯᠡᠵᠡᠢ᠃             ᠠᠩᠬᠠᠷᠤᠭᠤᠰᠢᠲᠠᠶ ᠨᠢ᠂ ︽ᠰᠠᠭᠤᠷᠢ  ᠰᠢᠡᠵᠢᠯᠡᠭᠡᠨ ᠢ  ᠴᠢᠩᠭᠠᠳᠬᠠᠬᠤ  ᠲᠦᠯᠦᠪᠯᠡᠭᠡ︾᠎ ᠶᠢᠨ ᠠᠩᠭᠢ  ᠎ ᠳᠤ ᠡᠯᠰᠡᠭᠳᠡᠭᠰᠡᠨ ᠨᠢ ᠪᠦᠷᠢᠨ ᠪᠠᠳᠤᠯᠠᠭ᠎ᠠ ᠲᠠᠢ ᠪᠤᠯᠤᠬᠰᠠᠨ ᠢ ᠲᠥᠯᠥᠭᠡᠯᠡᠵᠦ ᠴᠢᠳᠠᠬᠤ  ᠥᠬᠡᠶ᠂ ᠴᠥᠭᠡᠨ ᠪᠤᠰᠤ ᠶᠡᠭᠡ ᠳᠡᠭᠡᠳᠦ ᠰᠤᠷᠭᠠᠭᠤᠯᠢ ᠨᠢ ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠶᠢᠨ ᠠᠩᠭᠢ ᠳᠤ ᠬᠥᠳᠡᠯᠦᠩᠭᠦᠢ ᠪᠠᠷ ᠣᠷᠣᠵᠤ ᠭᠠᠷᠬᠤ ᠲᠣᠭᠲᠠᠴᠠ ᠶᠢ ᠬᠡᠷᠡᠭᠵᠢᠭᠦᠯᠵᠦ᠂  ᠬᠢᠨᠠᠨ ᠰᠢᠯᠭᠠᠯᠲᠠ ᠳᠤ ᠬᠢᠷᠢ ᠲᠡᠩᠴᠡᠭᠰᠡᠨ ᠥᠬᠡᠶ ᠰᠣᠷᠣᠭᠴᠢ ᠶᠢ  ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠠᠴᠠ ᠤᠬᠤᠷᠢᠭᠤᠯᠤᠨ ᠭᠠᠷᠭᠠᠵᠤ ᠡᠩ ᠤᠨ ᠠᠩᠭᠢ ᠳᠤ ᠤᠷᠤᠭᠤᠯᠤᠨ᠎ᠠ᠂ ᠬᠠᠷᠢᠨ ᠬᠦᠰᠡᠯ ᠵᠣᠷᠢᠯᠲᠠ ᠡᠪᠦᠷᠯᠡᠭᠰᠡᠨ ᠠᠪᠢᠶᠠᠰ ᠴᠢᠳᠠᠪᠤᠷᠢ ᠲᠠᠢ ᠡᠩ ᠤᠨ ᠠᠩᠭᠢ ᠶᠢᠨ ᠰᠣᠷᠣᠭᠴᠢ ᠶᠢ ᠴᠤ ᠰᠢᠯᠭᠠᠷᠠᠭᠤᠯᠬᠤ ᠪᠠᠷ ᠳᠡᠮᠵᠢᠨ ︽ᠰᠠᠭᠤᠷᠢ ᠰᠢᠡᠵᠢᠯᠡᠭᠡᠨ ᠢ ᠴᠢᠩᠭᠠᠳᠬᠠᠬᠤ ᠲᠥᠯᠥᠪᠯᠡᠭᠡ︾᠎ ᠳᠤ ᠨᠥᠬᠦᠨ ᠤᠷᠤᠭᠤᠯᠵᠤ  ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号