ᠰᠢᠯᠢ  ᠶᠢᠨ ᠭᠤᠤᠯ ᠠᠶᠢᠮᠠᠭ  ᠤᠨ ᠦᠨᠳᠦᠷ  ᠵᠡᠷᠬᠡ  ᠶᠢᠨ ᠳᠤᠮᠳᠠᠳᠤ ᠰᠤᠷᠭᠠᠭᠤᠯᠢ ᠎ ᠶᠢᠨ ᠱᠠᠳᠤᠨ  ᠳᠤ ᠰᠥᠢᠳᠬᠡᠯ ᠬᠤᠷᠢᠶᠠᠬᠤ ᠥᠭᠡᠢ ᠪᠠᠷ ᠰᠤᠷᠭᠠᠨ ᠬᠥᠮᠥᠵᠢᠯ ᠬᠥᠷᠳᠡᠭᠡᠬᠦ ᠬᠡᠷᠡᠭᠵᠢᠭᠦᠯᠥᠯᠳᠡ ᠶᠢᠨ ᠠᠷᠭ᠎ᠠ
ᠨᠡᠶᠢᠲᠡᠯᠡᠭᠰᠡᠨ ᠴᠠᠭ᠄
2016/7/25
     ᠨᠢᠭᠡᠳᠥᠬᠡᠷ ᠪᠥᠯᠥᠭ    ᠶᠡᠷᠥᠩᠬᠡᠢ ᠳᠥᠷᠢᠮ      ᠨᠢᠭᠡᠳᠥᠬᠡᠷ ᠵᠤᠷᠪᠤᠰ  ᠮᠠᠨ  ᠤ ᠠᠶᠢᠮᠠᠭ  ᠤᠨ  ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠱᠠᠳᠤᠨ  ᠤ ᠰᠤᠷᠭᠠᠨ ᠬᠥᠮᠥᠵᠢᠯ  ᠤᠨ ᠰᠤᠷᠤᠯᠭ᠎ᠠ  ᠶᠢᠨ ᠳᠡᠳᠬᠦᠮᠵᠢ  ᠶᠢᠨ ᠳᠥᠷᠥ  ᠶᠢᠨ ᠪᠤᠳᠤᠯᠭ᠎ᠠ  ᠶᠢᠨ ᠰᠢᠰᠲ᠋ᠧᠮᠵᠢ  ᠶᠢ ᠤᠯᠠᠮ ᠳᠡᠭᠦᠯᠳᠡᠷᠵᠢᠭᠦᠯᠵᠤ  ᠂  ᠦᠨᠳᠦᠷ  ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠱᠠᠳᠤᠨ ᠎ ᠤ ᠰᠤᠷᠭᠠᠨ ᠬᠥᠮᠥᠵᠢᠯ ᠤᠨ ᠳᠥᠬᠡᠮᠡᠯᠵᠢᠭᠦᠯᠤᠯᠳᠠ ᠶᠢ ᠳᠥᠷᠬᠡᠳᠬᠡᠬᠦ ᠶᠢᠨ ᠳᠤᠰᠠᠳᠠ  ᠂ ᠳᠤᠰ ᠠᠷᠭ᠎ᠠ  ᠶᠢ ᠳᠤᠭᠳᠠᠭᠠᠪᠠ  ᠃      ᠬᠤᠶᠠᠳᠤᠭᠠᠷ ᠪᠥᠯᠥᠭ   ᠳᠡᠳᠬᠦᠬᠦ ᠨᠢᠭᠤᠷᠯᠠᠯ  ᠂ ᠠᠭᠤᠯᠭ᠎ᠠ ᠬᠢᠬᠡᠳ ᠪᠠᠷᠢᠮᠵᠢᠶ᠎ᠠ      ᠬᠤᠶᠠᠳᠤᠭᠠᠷ ᠵᠤᠷᠪᠤᠰ   ᠰᠥᠢᠳᠬᠡᠯ ᠬᠡᠯᠳᠥᠷᠢᠭᠦᠯᠬᠦ ᠳᠥᠷᠥ  ᠶᠢᠨ ᠪᠤᠳᠤᠯᠭ᠎ᠠ  ᠶᠢ ᠬᠥᠷᠳᠡᠬᠦ ᠰᠤᠷᠤᠭᠴᠢ ᠪᠤᠯ  ᠂ ᠡᠷᠬᠡᠪᠰᠢ ᠠᠶᠢᠮᠠᠭ  ᠤᠨ ᠳᠤᠳᠤᠷᠡᠬᠢ ᠦᠨᠳᠦᠷ  ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠭᠠᠨ ᠬᠥᠮᠥᠵᠢᠯ ᠬᠥᠷᠳᠡᠵᠤ ᠪᠠᠶᠢᠭ᠎ᠠ ᠮᠥᠷᠳᠡᠬᠡᠨ ᠵᠢᠩᠬᠢᠨᠢ ᠪᠠᠷ ᠳᠠᠩᠰᠠᠯᠠᠭᠤᠯᠤᠭᠰᠠᠨ ᠰᠤᠷᠭᠠᠭᠤᠯᠢ  ᠶᠢᠨ ᠬᠠᠷᠢᠶᠠᠯᠠᠯ ᠲᠠᠢ ᠪᠥᠬᠦᠯᠢ ᠡᠳᠤᠷ  ᠤᠨ ᠳᠥᠷᠢᠮᠳᠤ ᠰᠤᠷᠭᠠᠭᠤᠯᠢ  ᠳᠤ ᠰᠤᠷᠤᠯᠴᠠᠵᠤ ᠪᠠᠶᠢᠭ᠎ᠠ ᠪᠥᠬᠦ ᠰᠤᠷᠤᠭᠴᠢ ᠪᠤᠯᠤᠨ᠎ᠠ  ᠂ ᠡᠭᠦᠨ ᠎ ᠤ ᠳᠤᠳᠤᠷ᠎ᠠ  ᠄ ᠮᠤᠩᠭᠤᠯ  ᠢᠶᠠᠷ ᠬᠢᠴᠢᠶᠡᠯᠯᠡᠵᠤ ᠪᠠᠶᠢᠭ᠎ᠠ ᠰᠤᠷᠤᠭᠴᠢ ᠪᠤᠯᠤᠨ ᠳᠤᠮᠳᠠ ᠵᠡᠷᠬᠡ  ᠶᠢᠨ ᠠᠵᠢᠯ ᠮᠡᠷᠬᠡᠵᠢᠯ  ᠤᠨ ᠰᠤᠷᠭᠠᠭᠤᠯᠢ  ᠶᠢᠨ ᠰᠤᠷᠤᠭᠴᠢ ᠨᠢ ᠥᠪᠤᠷ ᠮᠤᠩᠭᠤᠯ  ᠤᠨ ᠥᠪᠡᠷᠳᠡᠭᠡᠨ ᠵᠠᠰᠠᠬᠤ ᠤᠷᠤᠨ  ᠤ ᠡᠷᠥᠬᠡ ᠠᠮᠠ  ᠶᠢᠨ ᠳᠠᠩᠰᠠ ᠲᠠᠢ᠂ ᠬᠢᠳᠠᠳ  ᠢᠶᠠᠷ ᠬᠢᠴᠢᠶᠡᠯᠯᠡᠵᠤ ᠪᠠᠶᠢᠭ᠎ᠠ ᠡᠩ  ᠤᠨ  ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ ᠨᠢ ᠰᠢᠯᠢ  ᠶᠢᠨ ᠭᠤᠤᠯ ᠠᠶᠢᠮᠠᠭ  ᠤᠨ ᠡᠷᠥᠬᠡ ᠠᠮᠠ  ᠶᠢᠨ ᠳᠠᠩᠰᠠ ᠲᠠᠢ ᠪᠠᠶᠢᠬᠤ ᠬᠡᠷᠡᠭᠳᠡᠢ  ᠃      ᠭᠤᠷᠪᠠᠳᠤᠭᠠᠷ ᠵᠤᠷᠪᠤᠰ  ᠨᠥᠬᠦᠴᠡᠯ  ᠎ ᠲᠤ ᠳᠤᠬᠢᠷᠠᠭᠰᠠᠨ ᠡᠩ  ᠤᠨ  ᠦᠨᠳᠦᠷ ᠵᠡᠷᠭᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ  ᠶᠢᠨ ᠰᠤᠷᠤᠯᠭ᠎ᠠ  ᠶᠢᠨ ᠰᠥᠢᠳᠬᠡᠯ ᠢ ᠬᠡᠯᠳᠥᠷᠢᠬᠦᠯᠵᠤ  ᠂ ᠬᠢᠴᠢᠶᠡᠯ ᠤᠨ ᠳᠠᠪᠳᠠᠷ ᠢ ᠰᠥᠢᠳᠬᠡᠯ ᠬᠤᠷᠢᠶᠠᠬᠤ ᠥᠭᠡᠢ ᠪᠠᠷ ᠬᠠᠩᠭᠠᠵᠤ  ᠂ ᠪᠠᠶᠢᠷᠢ  ᠳᠤ ᠰᠠᠭᠤᠵᠤ ᠪᠠᠶᠢᠭ᠎ᠠ ᠰᠤᠷᠤᠭᠴᠢ  ᠶᠢᠨ ᠪᠠᠶᠢᠷᠢ  ᠶᠢᠨ ᠰᠥᠢᠳᠬᠡᠯ  ᠢ ᠬᠡᠯᠳᠥᠷᠢᠭᠦᠯᠵᠤ  ᠂ ᠭᠡᠷ ᠪᠥᠯᠢ ᠶᠢᠨ ᠠᠵᠤ ᠠᠬᠤᠢ  ᠎ ᠨᠢ ᠤᠨᠴᠠ ᠬᠥᠴᠢᠷᠳᠡᠯᠳᠡᠢ ᠰᠤᠷᠤᠭᠴᠢ ᠪᠤᠯᠭᠠᠨ ᠳᠤ ᠵᠢᠯ ᠪᠥᠷᠢ 1 5 0 0 ᠳᠥᠭᠦᠷᠢᠭ  ᠤᠨ ᠠᠮᠢᠳᠤᠷᠠᠯ  ᠤᠨ ᠰᠥᠢᠳᠬᠡᠯ ᠨᠥᠬᠦᠪᠤᠷᠢᠯᠠᠨ᠎ᠠ ( ᠤᠯᠤᠰ ᠎ ᠤᠨ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ )  ᠃        ᠭᠡᠷ ᠪᠥᠯᠢ ᠶᠢᠨ ᠠᠵᠤ ᠠᠬᠤᠢ ᠨᠢ ᠬᠥᠴᠢᠷᠳᠡᠯᠳᠡᠢ ᠰᠤᠷᠤᠭᠴᠢ ᠬᠡᠳᠡᠭ ᠨᠢ ᠠᠷᠠᠳ  ᠤᠨ ᠶᠠᠪᠤᠳᠠᠯ  ᠤᠨ ᠰᠠᠯᠠᠭ᠎ᠠ ᠮᠥᠴᠢᠷ ᠲᠤ ᠳᠠᠩᠰᠠᠯᠠᠭᠤᠯᠤᠭᠰᠠᠨ ᠮᠠᠯᠵᠢᠬᠤ ᠳᠠᠷᠢᠶᠠᠯᠠᠬᠤ ᠤᠷᠤᠨ  ᠤ ᠬᠠᠮᠤᠭ ᠨᠠᠭᠠᠳᠤ ᠵᠠᠬ᠎ᠠ  ᠶᠢᠨ ᠠᠮᠢᠳᠤᠷᠠᠯ  ᠤᠨ ᠪᠠᠳᠤᠯᠠᠭᠠᠳᠤ ᠡᠷᠥᠬᠡ  ᠂ ᠤᠨᠴᠠ ᠬᠥᠴᠢᠷᠳᠡᠯᠳᠡᠢ ᠡᠷᠥᠬᠡ  ᠂ ᠳᠡᠳᠬᠦᠮᠵᠢ  ᠶᠢᠨ ᠡᠷᠥᠬᠡ  ᠶᠢᠨ ᠰᠤᠷᠤᠭᠴᠢ ᠬᠢᠭᠡᠳ ᠥᠨᠥᠴᠢᠨ ᠬᠡᠤᠬᠡᠳ᠂ ᠶᠠᠳᠠᠭᠤ  ᠶᠢ ᠳᠡᠳᠬᠦᠬᠦ ᠰᠠᠯᠠᠭ᠎ᠠ ᠮᠥᠴᠢᠷ ᠲᠤ ᠳᠠᠩᠰᠠᠯᠠᠭᠤᠯᠤᠭᠰᠠᠨ ᠶᠠᠳᠠᠭᠤ ᠬᠥᠴᠢᠷᠳᠡᠯᠳᠡᠢ ᠡᠷᠥᠬᠡ  ᠶᠢᠨ ᠰᠤᠷᠤᠭᠴᠢ  ᠂ ᠬᠤᠳᠠ ᠪᠠᠯᠭᠠᠰᠤᠨ  ᠤ ᠬᠠᠮᠤᠭ ᠨᠠᠭᠠᠳᠤ ᠵᠠᠬ᠎ᠠ  ᠶᠢᠨ ᠠᠮᠢᠳᠤᠷᠠᠯ  ᠤᠨ ᠪᠠᠳᠤᠯᠠᠭᠠᠳᠤ ᠡᠷᠥᠬᠡ  ᠶᠢᠨ ᠰᠤᠷᠤᠭᠴᠢ  ᠂ ᠭᠡᠷ ᠪᠥᠯᠢ  ᠶᠢᠨ ᠪᠥᠷᠢᠯᠳᠥᠬᠦᠨ ᠨᠢ ᠤᠷᠳᠤ ᠬᠤᠭᠤᠴᠠᠭ᠎ᠠ ᠪᠠᠷ ᠬᠥᠨᠳᠤ ᠡᠪᠡᠳᠴᠢᠯᠡᠭᠰᠡᠨ  ᠂ ᠪᠠᠶᠢᠭᠠᠯᠢ  ᠶᠢᠨ ᠭᠠᠮᠰᠢᠭ ᠪᠤᠶᠤ ᠬᠡᠨᠡᠳᠳᠠ ᠶᠢᠨ ᠬᠡᠷᠡᠭ ᠳᠤᠬᠢᠶᠠᠯᠳᠤᠭᠰᠠᠨ ᠵᠡᠷᠬᠡ ᠤᠨᠴᠠᠭᠠᠢ ᠬᠥᠴᠢᠷᠳᠡᠯᠳᠡᠢ ᠭᠡᠷ ᠪᠥᠯᠢ  ᠶᠢᠨ ᠰᠤᠷᠤᠭᠴᠢ  ᠶᠢ ᠵᠢᠭᠠᠵᠤ ᠪᠤᠢ  ᠃ ᠭᠡᠷ ᠪᠥᠯᠢ ᠎ ᠶᠢᠨ ᠠᠵᠤ ᠠᠬᠤᠢ ᠨᠢ ᠬᠥᠴᠢᠷᠳᠡᠯᠳᠡᠢ ᠰᠤᠷᠤᠭᠴᠢ  ᠶᠢᠨ ᠬᠠᠷᠢᠴᠠᠯ  ᠢ ᠵᠠᠷᠴᠢᠮ ᠳᠡᠭᠡᠷ᠎ᠡ ᠪᠠᠨ ᠡᠷᠥᠬᠡ ᠠᠮᠠ  ᠶᠢᠨ ᠳᠠᠩᠰᠠ ᠪᠠᠶᠢᠭ᠎ᠠ ᠭᠠᠵᠠᠷ  ᠤᠨ ᠡᠩ ‍ᠤᠨ‌‍ᠲ᠋ᠡᠭᠡᠳᠤ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ  ᠶᠢᠨ ᠪᠥᠬᠦ ᠲᠤᠭ᠎ᠠ  ᠶᠢᠨ 3 0 %᠎ ᠠᠴᠠ ᠬᠡᠳᠥᠷᠢᠬᠦᠯᠵᠤ ᠪᠤᠯᠬᠤ ᠥᠭᠡᠢ  ᠃      ᠳᠥᠷᠪᠡᠳᠥᠭᠡᠷ ᠵᠤᠷᠪᠤᠰ  ᠨᠥᠬᠦᠴᠡᠯ ᠲᠤ ᠳᠤᠬᠢᠷᠠᠭᠰᠠᠨ ᠳᠤᠮᠳᠠ ᠵᠡᠷᠬᠡ  ᠶᠢᠨ ᠠᠵᠢᠯ ᠮᠡᠷᠭᠡᠵᠢᠯ  ᠤᠨ ᠰᠤᠷᠭᠠᠭᠤᠯᠢ ᠶᠢᠨ ᠰᠤᠷᠤᠭᠴᠢ  ᠶᠢᠨ ᠰᠤᠷᠤᠯᠭ᠎ᠠ  ᠶᠢᠨ ᠰᠥᠢᠳᠬᠡᠯ ᠢ ᠬᠡᠯᠳᠥᠷᠢᠬᠦᠯᠵᠤ  ᠂ ᠬᠢᠴᠢᠶᠡᠯ  ᠤᠨ ᠳᠠᠪᠳᠠᠷ ᠢ ᠰᠥᠢᠳᠬᠡᠯ ᠬᠤᠷᠢᠶᠠᠬᠤ ᠥᠭᠡᠢ ᠪᠠᠷ ᠬᠠᠩᠭᠠᠵᠤ  ᠂ ᠪᠠᠶᠢᠷᠢ  ᠳᠤ ᠰᠠᠭᠤᠵᠤ ᠪᠠᠶᠢᠭ᠎ᠠ ᠰᠤᠷᠤᠭᠴᠢ  ᠶᠢᠨ ᠪᠠᠶᠢᠷᠢ  ᠶᠢᠨ ᠰᠥᠢᠳᠬᠡᠯ  ᠢ ᠬᠡᠯᠳᠥᠷᠢᠭᠦᠯᠵᠤ  ᠂  ᠦᠨᠳᠦᠷ ᠳᠤᠮᠳᠠ  ᠶᠢᠨ ᠨᠢᠭᠡ ᠬᠤᠶᠠᠳᠤᠭᠠᠷ ᠤᠨ ᠤ ᠰᠤᠷᠤᠭᠴᠢ ᠪᠤᠯᠭᠠᠨ ᠳᠤ ᠵᠢᠯ ᠪᠥᠷᠢ 1 5 0 0 ᠳᠥᠭᠦᠷᠢᠭ ᠤᠨ ᠠᠮᠢᠳᠤᠷᠠᠯ  ᠤᠨ ᠰᠥᠢᠳᠬᠡᠯ ᠨᠥᠬᠦᠪᠤᠷᠢᠯᠠᠨ᠎ᠠ  ᠃ ( ᠤᠯᠤᠰ  ᠤᠨ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ )᠃  ᠦᠨᠳᠦᠷ ᠳᠤᠮᠳᠠ ᠶᠢᠨ ᠭᠤᠷᠪᠠᠳᠤᠭᠠᠷ ᠤᠨ ᠤ ᠰᠢᠯᠢ  ᠶᠢᠨ ᠭᠤᠤᠯ ᠠᠶᠢᠮᠠᠭ ‍ᠤᠨ‌ᠡᠷᠥᠬᠡ ᠠᠮᠠ  ᠶᠢᠨ ᠳᠠᠩᠰᠠ ᠲᠠᠢ ᠰᠤᠷᠤᠭᠴᠢ ᠪᠤᠯᠭᠠᠨ ᠳᠤ ᠵᠢᠯ ᠪᠥᠷᠢ 1 0 0 0 ᠳᠥᠭᠦᠷᠢᠭ ᠎ ᠤᠨ ᠠᠮᠢᠳᠤᠷᠠᠯ  ᠤᠨ ᠰᠥᠢᠳᠬᠡᠯ ᠨᠥᠬᠦᠪᠤᠷᠢᠯᠡᠨ᠎ᠠ (ᠭᠠᠵᠠᠷ ᠤᠷᠤᠨ  ᠤ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ )  ᠃         ᠳᠠᠪᠤᠳᠤᠭᠠᠷ ᠵᠤᠷᠪᠤᠰ  ᠰᠤᠷᠤᠯᠭ᠎ᠠ  ᠶᠢᠨ ᠰᠥᠢᠳᠬᠡᠯ ᠬᠡᠯᠳᠥᠷᠢᠭᠦᠯᠬᠦ ᠪᠠᠷᠢᠮᠵᠢᠶ᠎ᠠ ᠨᠢ ᠰᠤᠷᠭᠠᠭᠤᠯᠢ  ᠶᠢᠨ ᠪᠤᠳᠠᠳᠠᠢ ᠰᠥᠢᠳᠭᠡᠯ ᠬᠤᠷᠢᠶᠠᠬᠤ ᠪᠠᠷᠢᠮᠵᠢᠶ᠎ᠠ  ᠶᠢ ᠥᠨᠳᠥᠰᠥᠯᠡᠨ ᠬᠥᠮᠥᠨ ᠪᠦᠷᠢ ᠳᠤ ᠵᠢᠯ  ᠎ ᠲᠤ 2 0 0 0 ᠳᠥᠭᠦᠷᠢᠭ ᠠᠴᠠ ᠬᠡᠳᠥᠷᠢᠭᠦᠯᠬᠦ ᠥᠭᠡᠢ  ᠃ ᠬᠢᠴᠢᠶᠡᠯ  ᠤᠨ ᠪᠢᠴᠢᠭ ᠤᠨ ᠰᠥᠢᠳᠬᠡᠯ ᠬᠡᠯᠳᠥᠷᠢᠬᠦᠯᠬᠦ  ᠪᠠᠷᠢᠮᠵᠢᠶ᠎ᠠ  ᠄ ᠮᠤᠩᠭᠤᠯ  ᠢᠶᠠᠷ ᠬᠢᠴᠢᠶᠡᠯᠯᠡᠵᠤ ᠪᠠᠶᠢᠭ᠎ᠠ ᠡᠩ  ᠤᠨ  ᠦᠨᠳᠦᠷ ᠵᠡᠷᠬᠡ ᠶᠢᠨ ᠳᠤᠮᠳᠠᠳᠤ ᠰᠤᠷᠭᠠᠭᠤᠯᠢ  ᠶᠢᠨ ᠨᠢᠭᠡᠳᠥᠬᠡᠷ  ᠂ ᠬᠤᠶᠠᠳᠤᠭᠠᠷ ᠤᠨ  ᠤ ᠰᠤᠷᠤᠭᠴᠢ ᠪᠤᠯ ᠬᠥᠮᠥᠨ  ᠪᠦᠷᠢ ᠳᠤ ᠵᠢᠯ  ᠎ ᠲᠤ 6 0 0 ᠳᠥᠭᠦᠷᠢᠭ  ᠂ ᠭᠤᠷᠪᠠᠳᠤᠭᠠᠷ ᠤᠨ  ᠤ ᠰᠤᠷᠤᠭᠴᠢ ᠪᠤᠯ ᠬᠥᠮᠥᠨ ᠪᠦᠷᠢ  ᠵᠢᠯ  ᠎ ᠲᠤ2 0 0 ᠳᠥᠭᠦᠷᠢᠭ᠃ ᠬᠢᠳᠠᠳ  ᠢᠶᠠᠷ ᠬᠢᠴᠢᠶᠡᠯᠯᠡᠵᠤ ᠪᠠᠶᠢᠭ᠎ᠠ ᠡᠩ  ᠤᠨ  ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠨᠢᠭᠡᠳᠥᠬᠡᠷ  ᠂ ᠬᠤᠶᠠᠳᠤᠭᠠᠷ ᠤᠨ  ᠤ ᠰᠤᠷᠤᠭᠴᠢ ᠪᠤᠯᠤᠨ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠰᠤᠷᠤᠭᠴᠢ ᠪᠤᠯ ᠬᠥᠮᠥᠨ ᠪᠦᠷᠢ ᠵᠢᠯ  ᠎ ᠲᠤ 5 5 0 ᠳᠥᠭᠦᠷᠢᠭ  ᠂ ᠭᠤᠷᠪᠠᠳᠤᠭᠠᠷ ᠤᠨ  ᠤ ᠰᠤᠷᠤᠭᠴᠢ ᠪᠤᠯ ᠬᠥᠮᠥᠨ  ᠪᠦᠷᠢ ᠵᠢᠯ  ᠎ ᠲᠤ1 0 0 ᠳᠥᠭᠦᠷᠢᠭ᠃ ᠪᠠᠶᠢᠷᠢ  ᠳᠤ ᠰᠠᠭᠤᠵᠤ ᠪᠠᠶᠢᠭ᠎ᠠ ᠰᠤᠷᠤᠭᠴᠢ ᠵᠢᠨ‌‍ᠪᠠᠶᠢᠷᠢ  ᠶᠢᠨ ᠰᠥᠢᠳᠬᠡᠯ  ᠢ ᠬᠡᠯᠲᠥᠷᠢᠭᠦᠯᠬᠦ ᠪᠠᠷᠢᠮᠵᠢᠶ᠎ᠠ  ᠄ ᠬᠥᠮᠥᠨ  ᠪᠦᠷᠢ ᠵᠢᠯ  ᠎ ᠲᠤ 4 0 0 ᠳᠥᠭᠦᠷᠢᠭ  ᠃       ᠵᠢᠷᠭᠤᠳᠤᠭᠠᠷ ᠵᠤᠷᠪᠤᠰ  ︽ᠥᠪᠤᠷ ᠮᠤᠩᠭᠤᠯ  ᠤᠨ ᠥᠪᠡᠷᠳᠡᠭᠡᠨ ᠵᠠᠰᠠᠬᠤ ᠤᠷᠤᠨ  ᠤ ᠥᠨᠳᠥᠰᠥᠳᠡᠨ  ᠤ ᠰᠤᠷᠭᠠᠨ ᠬᠥᠮᠥᠵᠢᠯ  ᠤᠨ ᠬᠥᠭᠵᠢᠯᠳᠡ  ᠶᠢᠨ ᠢᠨᠵᠧᠨᠧᠷᠢᠩ  ᠤᠨ ᠬᠡᠷᠡᠭᠵᠢᠭᠦᠯᠥᠯᠳᠡ ᠶᠢᠨ ᠳᠥᠰᠥᠯ︾( ᠥᠪᠤᠷ ᠵᠠᠰᠠᠭ ᠠᠯᠪᠠᠨ ᠳᠠᠷᠬᠠᠭᠠᠭᠰᠠᠨ [ 2 0 0 7 ] 6 3 ᠳ᠋ᠤᠭᠠᠷ ᠳᠤᠭᠠᠳᠤ ) ᠎ ᠢ ᠳᠤᠤᠱᠯᠠᠭᠤᠯᠤᠨ ᠬᠡᠷᠡᠭᠵᠢᠭᠦᠯᠬᠦ ᠎ ᠲᠠᠢ ᠤᠶᠠᠯᠳᠤᠭᠤᠯᠵᠤ  ᠂ ᠰᠢᠯᠢ  ᠶᠢᠨ ᠭᠤᠤᠯ ᠠᠶᠢᠮᠠᠭ  ᠤᠨ ᠡᠷᠥᠬᠡ ᠠᠮᠠ  ᠶᠢᠨ ᠳᠠᠩᠰᠠ ᠲᠠᠢ ᠮᠤᠩᠭᠤᠯ  ᠢᠶᠠᠷ ᠬᠢᠴᠢᠶᠡᠯᠯᠡᠵᠤ ᠪᠠᠶᠢᠭ᠎ᠠ ᠰᠤᠷᠤᠭᠴᠢ ᠪᠤᠯᠭᠠᠨ‌‍ᠳᠤ ᠵᠢᠯ ᠪᠥᠷᠢ  1 0 0 0 ᠳᠥᠭᠦᠷᠢᠭ  ᠤᠨ ᠥᠨᠳᠥᠰᠥᠳᠡᠨ  ᠤ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ ᠨᠥᠬᠦᠪᠤᠷᠢᠯᠠᠨ᠎ᠠ  ᠃ (ᠭᠠᠵᠠᠷ ᠤᠷᠤᠨ  ᠤ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ )  ᠃ ᠳᠤᠯᠤᠳᠤᠭᠠᠷ ᠵᠤᠷᠪᠤᠰ  ᠰᠤᠷᠭᠠᠨ ᠬᠥᠮᠥᠵᠢᠯ  ᠤᠨ ᠰᠠᠯᠠᠭ᠎ᠠ ᠮᠥᠴᠢᠷ ᠠᠴᠠ ᠬᠠᠤᠯᠢ ᠶᠤᠰᠤᠭᠠᠷ ᠬᠢᠨᠠᠨ ᠵᠥᠪᠰᠢᠶᠡᠷᠡᠭᠰᠡᠨ ᠠᠷᠠᠳ ᠠᠴᠠ ᠡᠷᠬᠢᠯᠡᠭᠰᠡᠨ ᠰᠤᠷᠭᠠᠭᠤᠯᠢ  ᠳᠤ ᠰᠤᠷᠤᠯᠴᠠᠵᠤ ᠪᠠᠶᠢᠭ᠎ᠠ ᠰᠤᠷᠤᠭᠴᠢ  ᠶᠢᠨ ᠬᠡᠯᠳᠥᠷᠢᠭᠦᠯᠬᠦ ᠪᠠᠷᠢᠮᠵᠢᠶᠡᠨ ᠠᠴᠠ ᠬᠡᠳᠥᠷᠡᠭᠰᠡᠨ ᠰᠤᠷᠤᠯᠭ᠋ ᠎ᠠ  ᠶᠢᠨ ᠰᠥᠢᠳᠬᠡᠯ  ᠢ ᠪᠤᠯ ᠰᠤᠷᠤᠭᠴᠢ  ᠶᠢᠨ ᠬᠡᠷ ᠪᠥᠯᠢ ᠨᠢ ᠡᠬᠦᠷᠭᠡᠯᠡᠨ᠎ᠠ  ᠃        ᠭᠤᠷᠪᠠᠳᠤᠭᠠᠷ ᠪᠥᠯᠥᠭ    ᠠᠵᠢᠯ  ᠤᠨ ᠠᠯᠬᠤᠮ ᠳᠠᠷᠠᠭᠠᠯᠠᠯ       ᠨᠠᠢᠮᠠᠳᠤᠭᠠᠷ ᠵᠤᠷᠪᠤᠰ   ᠠᠶᠢᠮᠠᠭ  ᠂ ᠬᠤᠰᠢᠭᠤ ᠰᠢᠶᠡᠨ ᠬᠤᠳᠠ ( ᠤᠷᠤᠨ ) ᠳᠤᠰᠪᠤᠷᠢ ᠵᠠᠰᠠᠭ ᠤᠨ ᠤᠷᠳᠤᠨ ( ᠬᠠᠮᠢᠶᠠᠷᠤᠯᠳᠠ  ᠶᠢᠨ ᠵᠥᠪᠯᠡᠯ )᠎ ᠤ ᠤᠳᠤᠷᠢᠳᠤᠯᠭ᠎ᠠ ᠪᠠᠷ  ᠲᠡᠷᠢᠬᠦᠯᠡᠬᠦᠯᠦᠭᠰᠡᠨ  ᠂ ᠰᠤᠷᠭᠠᠨ ᠬᠥᠮᠥᠵᠢᠯ  ᠂ ᠡᠳ᠋  ᠤᠨ ᠵᠠᠰᠠᠭ  ᠂ ᠠᠷᠠᠳ  ᠤᠨ ᠶᠠᠪᠤᠳᠠᠯ  ᠂ ᠶᠠᠳᠠᠭᠤ  ᠶᠢ ᠳᠡᠳᠬᠦᠬᠦ  ᠂ ᠬᠢᠨᠠᠨ ᠪᠤᠳᠤᠬᠤ  ᠂ ᠮᠠᠯ ᠳᠠᠷᠢᠶᠠᠯᠠᠩ  ᠂ ᠬᠢᠨᠠᠨ ᠪᠠᠶᠢᠴᠠᠭᠠᠬᠤ ᠵᠡᠷᠬᠡ ᠰᠠᠯᠠᠭ᠎ᠠ ᠮᠥᠴᠢᠷ  ᠢ ᠤᠷᠤᠯᠴᠠᠭᠤᠯᠤᠭᠰᠠᠨ ᠰᠤᠷᠤᠯᠭ᠎ᠠ  ᠶᠢᠨ ᠳᠡᠳᠬᠦᠮᠵᠢ ᠵᠢᠨ‌ᠠᠵᠢᠯ ᠎ ᠤᠨ ᠤᠳᠤᠷᠢᠳᠬᠤ ᠳᠤᠭᠤᠢᠢᠯᠠᠩ ᠪᠠᠶᠢᠭᠤᠯᠵᠤ  ᠂  ᠦᠨᠳᠦᠷ ᠵᠡᠷᠬᠡ ᠶᠢᠨ ᠳᠤᠮᠳᠠᠳᠤ ᠰᠤᠷᠭᠠᠭᠤᠯᠢ  ᠶᠢᠨ ᠱᠠᠳᠤᠨ ᠎ ᠤ ᠰᠤᠷᠭᠠᠨ ᠬᠥᠮᠥᠵᠢᠯ  ᠤᠨ ᠰᠥᠢᠳᠬᠡᠯ ᠬᠡᠯᠳᠥᠷᠢᠬᠦᠯᠬᠦ ᠡᠯ᠎ᠡ ᠵᠥᠢᠯ  ᠤᠨ ᠲᠥᠷᠥ  ᠶᠢᠨ ᠪᠤᠳᠤᠯᠭ᠎ᠠ  ᠎ ᠶᠢ ᠨᠠᠶᠢᠳᠠᠪᠤᠷᠢᠵᠢᠭᠤᠯᠬᠤ ᠪᠠ ᠳᠡᠳᠬᠦᠮᠵᠢ ᠤᠯᠭᠤᠬᠤ ᠨᠢᠭᠤᠷᠯᠠᠯ  ᠢ ᠬᠢᠨᠠᠨ ᠬᠠᠷᠭᠤᠭᠤᠯᠬᠤ ᠵᠢᠴᠢ ᠰᠤᠷᠤᠯᠭ᠎ᠠ  ᠶᠢᠨ ᠳᠡᠳᠬᠦᠮᠵᠢ ᠶᠢᠨ ᠵᠠᠷᠤᠳᠠᠯ ᠰᠥᠢᠳᠬᠡᠯ  ᠢ ᠪᠠᠭᠤᠯᠭᠠᠨ ᠥᠭᠬᠦ ᠠᠵᠢᠯ  ᠢ ᠬᠠᠷᠢᠭᠤᠴᠠᠨ᠎ᠠ  ᠃ ᠠᠶᠢᠮᠠᠭ  ᠂ ᠬᠤᠰᠢᠭᠤ ᠰᠢᠶᠡᠨ ᠬᠤᠳᠠ ( ᠤᠷᠤᠨ ) ᠎ ᠶᠢᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠪᠤᠳᠠᠳᠠᠢ ᠠᠵᠢᠯ  ᠢ ᠬᠠᠷᠢᠭᠤᠴᠠᠨ᠎ᠠ  ᠃ ᠰᠤᠷᠤᠯᠭ᠎ᠠ  ᠶᠢᠨ ᠳᠡᠳᠬᠦᠮᠵᠢ  ᠶᠢᠨ ᠳᠥᠷᠥ  ᠶᠢᠨ ᠪᠤᠳᠤᠯᠭ᠎ᠠ  ᠶᠢ ᠬᠡᠷᠡᠭᠵᠢᠭᠦᠯᠵᠤ ᠪᠠᠶᠢᠭ᠎ᠠ ᠰᠤᠷᠭᠠᠭᠤᠯᠢ ᠨᠢ ᠰᠤᠷᠭᠠᠭᠤᠯᠢ  ᠶᠢᠨ ᠵᠠᠬᠢᠷᠤᠯ  ᠢᠶᠠᠷ ᠨᠢᠭᠡᠳᠥᠭᠡᠷ ᠬᠠᠷᠢᠭᠤᠴᠠᠬᠤ ᠬᠥᠮᠥᠨ ᠪᠤᠯᠭᠠᠭᠰᠠᠨ ᠬᠠᠮᠢᠶ᠎ᠠ ᠪᠥᠬᠦᠢ ᠬᠥᠮᠥᠰ  ᠢ ᠤᠷᠤᠯᠴᠠᠭᠤᠯᠤᠭᠰᠠᠨ ᠤᠳᠤᠷᠢᠳᠬᠤ ᠳᠤᠭᠤᠢᠢᠯᠠᠩ ᠪᠠᠶᠢᠭᠤᠯᠬᠤ  ᠶᠢᠨ ᠬᠠᠮᠳᠤ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢ ᠪᠥᠷᠢᠳᠬᠡᠬᠦ  ᠂ ᠬᠤᠷᠢᠶᠠᠩᠭᠤᠢᠢᠯᠠᠬᠤ  ᠂ ᠳ᠋ᠥᠩᠨᠡᠨ ᠪᠤᠳᠤᠬᠤ ᠵᠡᠷᠬᠡ ᠬᠠᠮᠢᠶ᠎ᠠ ᠪᠥᠬᠦᠢ ᠠᠵᠢᠯ  ᠢ ᠳᠤᠰᠬᠠᠢ ᠬᠥᠮᠥᠨ  ᠢᠶᠠᠷ ᠬᠠᠷᠢᠭᠤᠴᠠᠭᠤᠯᠤᠨ᠎ᠠ  ᠃       ᠶᠢᠰᠥᠳᠥᠭᠡᠷ ᠵᠤᠷᠪᠤᠰ  ᠡᠩ  ᠤᠨ  ᠦᠨᠳᠦᠷ  ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ ᠎ ᠶᠢᠨ ᠮᠡᠳᠡᠭᠡ ᠵᠠᠩᠬᠢ  ᠶᠢ ᠳᠡᠭᠡᠭᠰᠢ ᠮᠡᠳᠡᠭᠦᠯᠬᠦ ᠠᠵᠢᠯ       ( ᠨᠢᠭᠡ ) ᠵᠢᠯ ᠪᠦᠷᠢ ᠨᠠᠮᠤᠷ  ᠤᠨ ᠰᠤᠷᠤᠯᠭ᠎ᠠ  ᠶᠢᠨ ᠬᠤᠭᠤᠴᠠᠭᠠᠨ  ᠳᠤ  ᠂ ᠡᠯ᠎ᠡ ᠭᠠᠵᠠᠷ ᠤᠷᠤᠨ  ᠤ ᠰᠤᠷᠤᠯᠭ᠋ ᠎ᠠ  ᠶᠢᠨ ᠳᠡᠳᠬᠦᠮᠵᠢ  ᠶᠢᠨ ᠬᠠᠮᠢᠶᠠᠷᠤᠯᠳᠠ ᠶᠢᠨ ᠳᠥᠪ‌ᠨᠢ ᠠᠶᠢᠮᠠᠭ  ᠤᠨ ᠰᠤᠷᠭᠠᠨ ᠬᠥᠮᠥᠵᠢᠯ  ᠤᠨ ᠳᠤᠪᠴᠢᠶᠡᠨ  ᠤ ᠨᠤᠳᠠᠯᠠᠭᠰᠠᠨ ᠡᠩ  ᠤᠨ ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠢᠨ᠎ᠡ ᠡᠯᠰᠡᠭᠰᠡᠨ ᠰᠤᠷᠤᠭᠴᠢ  ᠶᠢᠨ ᠰᠤᠷᠭᠠᠭᠤᠯᠢ  ᠶᠢᠨ ᠬᠠᠷᠢᠶᠠᠯᠠᠯ  ᠢ ᠥᠨᠳᠥᠰᠥᠯᠡᠵᠤ  ᠂  ᠰᠤᠷᠤᠯᠭ᠎ᠠ  ᠶᠢᠨ ᠳᠡᠳᠬᠦᠮᠵᠢ ᠤᠯᠭᠤᠬᠤ ᠰᠤᠷᠤᠭᠴᠢ  ᠶᠢᠨ ᠨᠡᠷᠡᠰ  ᠢ ᠬᠠᠷᠭᠤᠭᠤᠯᠬᠤ  ᠶᠢᠨ ᠬᠠᠮᠳᠤ ᠳᠤᠰ ᠵᠤᠷᠪᠤᠰ  ᠤᠨ ᠬᠤᠶᠠᠳᠤᠭᠠᠷ ᠵᠥᠢᠯ ᠶᠤᠰᠤᠭᠠᠷ ᠭᠡᠷ ᠪᠥᠯᠢ  ᠶᠢᠨ ᠠᠵᠤ ᠠᠬᠤᠢ ᠨᠢ ᠬᠥᠴᠢᠷᠳᠡᠯᠳᠡᠢ ᠰᠤᠷᠤᠭᠴᠢ  ᠶᠢᠨ ᠠᠮᠢᠳᠤᠷᠠᠯ  ᠤᠨ ᠰᠥᠢᠳᠬᠡᠯ  ᠤᠨ ᠨᠥᠬᠦᠪᠤᠷᠢ  ᠶᠢᠨ ᠪᠧᠯᠧᠲ  ᠢ ᠨᠠᠷᠢᠨ ᠬᠢᠨᠠᠮᠠᠭᠠᠢ ᠬᠢᠨᠠᠨ ᠪᠠᠶᠢᠴᠠᠭᠠᠭᠠᠳ  ᠂ 9 ᠳ᠋ᠤᠬᠡᠷ ᠰᠠᠷ᠎ᠠ  ᠶᠢᠨ 3 0 ᠎ ᠤ ᠡᠳᠤᠷ ᠠᠴᠠ ᠡᠮᠤᠨ᠎ᠠ ᠳᠤᠰ ᠭᠠᠵᠠᠷ ᠤᠷᠤᠨ  ᠤ ᠰᠤᠷᠤᠭᠴᠢ  ᠶᠢᠨ ᠨᠡᠷᠡᠰ  ᠂ ᠪᠥᠷᠢᠳᠬᠡᠯ  ᠤᠨ ᠬᠥᠰᠥᠨᠥᠭ  ᠂ ᠭᠡᠷ ᠪᠥᠯᠢ  ᠶᠢᠨ ᠠᠵᠤ ᠠᠬᠤᠢ ᠨᠢ ᠬᠥᠴᠢᠷᠳᠡᠯᠳᠡᠢ ᠰᠤᠷᠤᠭᠴᠢ  ᠶᠢᠨ ᠠᠮᠢᠳᠤᠷᠠᠯ  ᠤᠨ ᠰᠥᠢᠳᠬᠡᠯ  ᠤᠨ ᠨᠥᠬᠦᠪᠤᠷᠢ ᠎ ᠶᠢᠨ ᠪᠧᠯᠧᠲ ᠵᠡᠷᠬᠡ  ᠶᠢ ᠠᠶᠢᠮᠠᠭ  ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠲᠤ ᠮᠡᠳᠡᠭᠦᠯᠵᠤ  ᠂ ᠠᠶᠢᠮᠠᠭ  ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠠᠴᠠ ᠨᠤᠳᠠᠯᠠᠵᠤ ᠳᠠᠩᠰᠠᠯᠠᠨ᠎ᠠ  ᠃       ( ᠬᠤᠶᠠᠷ ) ᠭᠡᠷ ᠪᠥᠯᠢ  ᠶᠢᠨ ᠠᠵᠤ ᠠᠬᠤᠢ ᠨᠢ ᠬᠥᠴᠢᠷᠳᠡᠯᠳᠡᠢ ᠰᠤᠷᠤᠭᠴᠢ  ᠶᠢ ᠨᠤᠳᠠᠯᠠᠨ ᠳᠤᠭᠳᠠᠭᠠᠬᠤ ᠠᠵᠢᠯ  ᠢ ᠢᠯᠡ ᠳᠤᠳᠤ  ᠂ ᠡᠷᠬᠡ ᠳᠡᠭᠰᠢ  ᠂ ᠳᠥᠪ ᠭᠤᠤᠯᠴᠢ ᠵᠠᠷᠴᠢᠮ ᠶᠤᠰᠤᠭᠠᠷ  ᠂ ᠵᠢᠯ  ᠪᠦᠷᠢ ᠨᠢᠭᠡ ᠤᠳᠠᠭ᠎ᠠ ᠮᠡᠳᠡᠭᠦᠯᠤᠨ᠎ᠠ᠃ ᠡᠷᠡᠮᠡᠯᠵᠡᠯᠡᠭᠴᠢ ᠨᠢ ᠵᠢᠯ ᠪᠤᠯᠭᠠᠨ ᠤ 5 ᠳ᠋ᠤᠭᠠᠷ ᠰᠠᠷ᠎ᠠ  ᠳᠤ ᠡᠷᠥᠬᠡ ᠠᠮᠠ ᠶᠢᠨ ᠳᠠᠩᠰᠠ ᠪᠠᠶᠢᠭ᠎ᠠ ᠭᠠᠵᠠᠷ  ᠤᠨ ᠬᠤᠰᠢᠭᠤ ᠰᠢᠶᠡᠨ ᠬᠤᠳᠠ ( ᠤᠷᠤᠨ ) ᠎ ᠶᠢᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ ᠎ ᠶᠢᠨ ᠳᠥᠪ ᠪᠤᠶᠤ ᠰᠤᠷᠤᠯᠴᠠᠵᠤ ᠪᠠᠶᠢᠭ᠎ᠠ ᠰᠤᠷᠭᠠᠭᠤᠯᠢ ᠡᠴᠡ‌‍ᠭᠡᠷ ᠪᠥᠯᠢ  ᠶᠢᠨ ᠠᠵᠤ ᠠᠬᠤᠢ ᠨᠢ ᠬᠥᠴᠢᠷᠳᠡᠯᠳᠡᠢ ᠰᠤᠷᠤᠭᠴᠢ  ᠶᠢᠨ ᠠᠮᠢᠳᠤᠷᠠᠯ  ᠤᠨ ᠰᠥᠢᠳᠬᠡᠯ  ᠤᠨ ᠨᠥᠬᠦᠪᠤᠷᠢ  ᠶᠢ ᠡᠷᠡᠮᠡᠯᠵᠡᠯᠡᠬᠦ ᠬᠥᠰᠥᠨᠥᠭ  ᠢ ᠠᠪᠴᠤ ᠥᠨᠳᠥᠰᠥᠨ ᠪᠠᠶᠢᠳᠠᠯ  ᠢᠶᠠᠨ ᠳᠠᠭᠯᠠᠬᠤ  ᠶᠢᠨ ᠬᠠᠮᠳᠤ ᠬᠠᠮᠢᠶ᠎ᠠ ᠪᠥᠬᠦᠢ ᠬᠡᠷᠡᠴᠢ ᠮᠠᠲ᠋ᠧᠷᠢᠶᠡᠯ  ᠢ ᠬᠠᠩᠭᠠᠨ᠎ᠠ  ᠃ ᠰᠤᠮᠤ ᠰᠢᠶᠠᠩ ᠪᠠᠯᠭᠠᠰᠤᠨ  ᠤ ᠠᠷᠠᠳ  ᠤᠨ ᠵᠠᠰᠠᠭ  ᠤᠨ ᠤᠷᠳᠤᠨ ᠪᠤᠯᠤᠨ ᠬᠤᠰᠢᠭᠤ ᠰᠢᠶᠡᠨ ᠬᠤᠳᠠ ( ᠤᠷᠤᠨ ) ᠎ ᠶᠢᠨ ᠠᠷᠠᠳ  ᠤᠨ ᠶᠠᠪᠤᠳᠠᠯ  ᠤᠨ ᠳᠤᠪᠴᠢᠶ᠎ᠡ ᠨᠢ ᠳᠠᠩᠰᠠᠯᠠᠭᠤᠯᠤᠭᠰᠠᠨ ᠮᠠᠯᠵᠢᠬᠤ ᠳᠠᠷᠢᠶᠠᠯᠠᠬᠤ ᠤᠷᠤᠨ ᠤ ᠬᠠᠮᠤᠭ ᠨᠠᠭᠠᠳᠤ ᠵᠠᠬ᠎ᠠ  ᠶᠢᠨ ᠠᠮᠢᠳᠤᠷᠠᠯ  ᠤᠨ ᠪᠠᠳᠤᠯᠠᠭᠠᠳᠤ ᠡᠷᠥᠬᠡ  ᠂ ᠤᠨᠴᠠ ᠬᠥᠴᠢᠷᠳᠡᠯᠳᠡᠢ ᠡᠷᠥᠬᠡ  ᠂ ᠳᠡᠳᠬᠦᠮᠵᠢ ᠎ ᠶᠢᠨ ᠡᠷᠥᠬᠡ  ᠶᠢᠨ ᠰᠤᠷᠤᠭᠴᠢ ᠵᠢᠴᠢ ᠥᠨᠥᠴᠢᠨ ᠬᠡᠤᠬᠡᠳ ᠮᠥᠨ ᠡᠰᠡᠬᠦ  ᠶᠢ ᠳᠤᠰᠪᠤᠷᠢ ᠬᠢᠨᠠᠨ ᠪᠠᠶᠢᠴᠠᠭᠠᠨ᠎ᠠ᠃ ᠶᠠᠳᠠᠭᠤ  ᠶᠢ ᠳᠡᠳᠬᠦᠬᠦ ᠰᠠᠯᠠᠭ᠎ᠠ ᠮᠥᠴᠢᠷ ᠨᠢ ᠳᠠᠩᠰᠠᠯᠠᠭᠤᠯᠤᠭᠰᠠᠨ ᠬᠥᠴᠢᠷᠳᠡᠯᠳᠡᠢ ᠡᠷᠥᠬᠡ  ᠶᠢᠨ ᠰᠤᠷᠤᠭᠴᠢ ᠡᠰᠡᠬᠦ ᠎ ᠶᠢ ᠬᠢᠨᠠᠨ ᠪᠠᠶᠢᠴᠠᠭᠠᠨ᠎ᠠ᠃ ᠵᠡᠬᠡᠯᠢ ᠭᠤᠳᠤᠮᠵᠢ  ᠶᠢᠨ ᠬᠡᠷᠡᠭ ᠡᠷᠬᠢᠯᠡᠬᠦ ᠭᠠᠵᠠᠷ ᠪᠤᠯᠤᠨ‌ᠬᠤᠰᠢᠭᠤ ᠰᠢᠶᠡᠨ ᠬᠤᠳᠠ ( ᠤᠷᠤᠨ ) ᠵᠢᠨ‌ᠠᠷᠠᠳ  ᠤᠨ ᠶᠠᠪᠤᠳᠠᠯ  ᠤᠨ ᠳᠤᠪᠴᠢᠶ᠎ᠡ ᠨᠢ ᠳᠠᠩᠰᠠᠯᠠᠭᠤᠯᠤᠭᠰᠠᠨ ᠬᠤᠳᠠ ᠪᠠᠯᠭᠠᠰᠤᠨ  ᠤ ᠬᠠᠮᠤᠭ ᠨᠠᠭᠠᠳᠤ ᠵᠠᠬ᠎ᠠ  ᠶᠢᠨ ᠠᠮᠢᠳᠤᠷᠠᠯ  ᠤᠨ ᠪᠠᠳᠤᠯᠠᠭᠠᠳᠤ ᠡᠷᠥᠬᠡ  ᠶᠢᠨ ᠰᠤᠷᠤᠭᠴᠢ ᠡᠰᠡᠬᠦ  ᠶᠢ ᠬᠢᠨᠠᠨ ᠪᠠᠶᠢᠴᠠᠭᠠᠨ᠎ᠠ᠃ ᠰᠤᠮᠤ ᠰᠢᠶᠠᠩ ᠪᠠᠯᠭᠠᠰᠤᠨ  ᠤ ᠠᠷᠠᠳ  ᠤᠨ ᠵᠠᠰᠠᠭ  ᠤᠨ ᠤᠷᠳᠤᠨ᠂ ᠵᠡᠬᠡᠯᠢ ᠭᠤᠳᠤᠮᠵᠢ  ᠶᠢᠨ ᠬᠡᠷᠡᠭ ᠡᠷᠬᠢᠯᠡᠬᠦ ᠭᠠᠵᠠᠷ ᠨᠢ ᠬᠡᠷ ᠪᠥᠯᠢ  ᠶᠢᠨ ᠪᠥᠷᠢᠯᠳᠥᠬᠦᠨ ᠨᠢ ᠤᠷᠳᠤ ᠬᠤᠭᠤᠴᠠᠭ᠎ᠠ ᠪᠠᠷ ᠬᠥᠨᠳᠤ ᠡᠪᠡᠳᠴᠢᠯᠡᠭᠰᠡᠨ  ᠂ ᠪᠠᠶᠢᠭᠠᠯᠢ ᠎ ᠶᠢᠨ ᠭᠠᠮᠰᠢᠭ ᠪᠤᠶᠤ ᠬᠡᠨᠡᠳᠳᠠ ᠶᠢᠨ ᠬᠡᠷᠡᠭ ᠳᠤᠬᠢᠶᠠᠯᠳᠤᠭᠰᠠᠨ ᠵᠡᠷᠬᠡ ᠤᠨᠴᠠᠭᠠᠢ ᠬᠥᠴᠢᠷᠳᠡᠯᠳᠡᠢ ᠭᠡᠷ ᠪᠥᠯᠢ  ᠶᠢᠨ ᠰᠤᠷᠤᠭᠴᠢ ᠮᠥᠨ ᠡᠰᠡᠬᠦ ᠶᠢ ᠬᠢᠨᠠᠨ ᠪᠠᠶᠢᠴᠠᠭᠠᠨ᠎ᠠ  ᠃ ᠡᠭᠦᠨ  ᠤ ᠬᠠᠮᠳᠤ ᠳᠤᠰ ᠭᠠᠵᠠᠷ ᠤᠷᠤᠨ  ᠳᠤ 5 ᠡᠳᠤᠷ ᠢᠯᠡ ᠨᠡᠶᠢᠳᠡᠯᠡᠭᠡᠳ ᠤᠨᠳᠤᠤ ᠰᠠᠨᠠᠯ ᠥᠭᠡᠢ ᠪᠤᠯ  ᠂ 6 ᠳ᠋ᠤᠭᠠᠷ ᠰᠠᠷ᠎ᠠ  ᠶᠢᠨ ᠰᠡᠬᠦᠯᠴᠢ ᠪᠠᠷ ᠬᠤᠰᠢᠭᠤ ᠰᠢᠶᠡᠨ ᠬᠤᠳᠠ ( ᠤᠷᠤᠨ )᠎ ᠶᠢᠨ ᠰᠤᠷᠤᠯᠭ᠎ᠠ  ᠶᠢᠨ ᠳᠡᠳᠬᠦᠮᠵᠢ  ᠶᠢᠨ ᠠᠵᠢᠯ  ᠤᠨ ᠤᠳᠤᠷᠢᠳᠬᠤ ᠳᠤᠭᠤᠢᠢᠯᠠᠩ  ᠳᠤ ᠮᠡᠳᠡᠭᠦᠯᠵᠤ ᠬᠢᠨᠠᠨ ᠵᠥᠪᠰᠢᠶᠡᠷᠡᠬᠦᠯᠥᠨ᠎ᠠ  ᠃ 7 ᠳ᠋ᠤᠭᠠᠷ ᠰᠠᠷ᠎ᠠ  ᠶᠢᠨ ᠡᠬᠢ ᠪᠠᠷ  ᠂ ᠡᠯ᠎ᠡ ᠭᠠᠵᠠᠷ ᠤᠷᠤᠨ ᠳᠡᠭᠡᠷ᠎ᠡ ᠳᠤᠷᠠᠳᠤᠭᠰᠠᠨ ᠰᠤᠷᠤᠭᠴᠢᠳ  ᠤᠨ ᠨᠡᠷᠡᠰ  ᠂ ᠪᠥᠷᠢᠳᠬᠡᠯ  ᠤᠨ ᠬᠥᠰᠥᠨᠥᠭ  ᠂ ᠡᠷᠡᠮᠡᠯᠵᠡᠯᠡᠯ  ᠤᠨ ᠬᠥᠰᠥᠨᠥᠭ  ᠢ ᠠᠶᠢᠮᠠᠭ ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠲᠤ ᠮᠡᠳᠡᠭᠦᠯᠥᠨ᠎ᠠ  ᠃ ᠠᠶᠢᠮᠠᠭ ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠬᠢᠨᠠᠨ ᠬᠠᠷᠭᠤᠭᠤᠯᠤᠭᠠᠳ  ᠂ ᠠᠶᠢᠮᠠᠭ  ᠤᠨ ᠰᠤᠷᠤᠯᠭ᠎ᠠ  ᠶᠢᠨ ᠳᠡᠳᠬᠦᠮᠵᠢ  ᠶᠢᠨ ᠠᠵᠢᠯ  ᠤᠨ ᠤᠳᠤᠷᠢᠳᠬᠤ ᠳᠤᠭᠤᠢᠢᠯᠠᠩ  ᠳᠤ ᠮᠡᠳᠡᠭᠦᠯᠵᠤ ᠨᠤᠳᠠᠯᠠᠭᠤᠯᠬᠤ ᠎ ᠶᠢᠨ ᠬᠠᠮᠳᠤ︽ᠰᠢᠯᠢ  ᠶᠢᠨ ᠭᠤᠤᠯ ᠠᠶᠢᠮᠠᠭ  ᠤᠨ ᠡᠩ  ᠤᠨ  ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ ᠎ ᠶᠢᠨ ᠭᠡᠷ ᠪᠥᠯᠢ  ᠶᠢᠨ ᠠᠵᠤ ᠠᠬᠤᠢ ᠨᠢ ᠬᠥᠴᠢᠷᠳᠡᠯᠳᠡᠢ ᠰᠤᠷᠤᠭᠴᠢ  ᠶᠢᠨ ᠠᠮᠢᠳᠤᠷᠠᠯ  ᠤᠨ ᠰᠥᠢᠳᠬᠡᠯ  ᠤᠨ ᠨᠥᠬᠦᠪᠤᠷᠢ  ᠶᠢᠨ ᠪᠧᠯᠧᠲ︾᠎ ᠢ ᠨᠢᠭᠡᠳᠥᠯᠳᠡᠢ ᠳᠠᠷᠤᠮᠠᠯᠯᠠᠵᠤ  ᠂ ᠬᠤᠰᠢᠭᠤ ᠰᠢᠶᠡᠨ ᠬᠤᠳᠠ ( ᠤᠷᠤᠨ ) ᠎ ᠶᠢᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ‌ᠡᠴᠡ ᠬᠠᠮᠢᠶ᠎ᠠ ᠪᠥᠬᠦᠢ ᠠᠭᠤᠯᠭ᠎ᠠ  ᠶᠢ ᠨᠢᠭᠡᠳᠥᠯᠳᠡᠢ ᠳᠠᠭᠯᠠᠵᠤ ᠠᠯᠪᠠᠨ ᠳᠠᠮᠠᠭ᠎ᠠ ᠳᠠᠷᠤᠭᠠᠳ  ᠂ 7 ᠳ᠋ᠤᠭᠠᠷ ᠰᠠᠷ᠎ᠠ  ᠶᠢᠨ 2 5 ᠎ ᠤ ᠡᠳᠤᠷ ᠠᠴᠠ ᠡᠮᠤᠨ᠎ᠠ ᠡᠷᠡᠮᠡᠯᠵᠡᠯᠡᠭᠰᠡᠨ ᠰᠤᠷᠤᠭᠴᠢᠳ ᠲᠤ ᠭᠠᠷᠳᠠᠭᠤᠯᠤᠨ᠎ᠠ  ᠃       ᠠᠷᠪᠠᠳᠤᠭᠠᠷ ᠵᠤᠷᠪᠤᠰ   ᠦᠨᠳᠦᠷ  ᠵᠡᠷᠬᠡ  ᠶᠢᠨ ᠠᠵᠢᠯ ᠮᠡᠷᠬᠡᠵᠢᠯ  ᠤᠨ ᠰᠤᠷᠭᠠᠭᠤᠯᠢ  ᠶᠢᠨ ᠰᠤᠷᠤᠭᠴᠢ ᠎ ᠶᠢᠨ ᠮᠡᠳᠡᠭᠡ ᠵᠠᠩᠬᠢ  ᠶᠢ ᠳᠡᠭᠡᠭᠰᠢ ᠮᠡᠳᠡᠭᠦᠯᠬᠦ ᠠᠵᠢᠯ ᠵᠢᠯ  ᠪᠦᠷᠢ  ᠤ ᠨᠠᠮᠤᠷ  ᠤᠨ ᠰᠤᠷᠤᠯᠭ᠎ᠠ  ᠶᠢᠨ ᠬᠤᠭᠤᠴᠠᠭᠠᠨ  ᠳᠤ  ᠂ ᠰᠢᠨ᠎ᠡ ᠡᠯᠰᠡᠭᠰᠡᠨ ᠰᠤᠷᠤᠭᠴᠢ ᠪᠥᠬᠦ ᠤᠯᠤᠰ  ᠤᠨ ᠳᠤᠮᠳᠠ ᠵᠡᠷᠬᠡ  ᠶᠢᠨ ᠠᠵᠢᠯ ᠮᠡᠷᠬᠡᠵᠢᠯ ‍ᠤᠨ‌‍ᠰᠤᠷᠭᠠᠭᠤᠯᠢ  ᠶᠢᠨ ᠰᠤᠷᠤᠭᠴᠢᠳ  ᠤᠨ ᠬᠠᠮᠢᠶᠠᠷᠤᠯᠳᠠ  ᠶᠢᠨ ᠮᠡᠳᠡᠭᠡ ᠵᠠᠩᠬᠢ  ᠶᠢᠨ ᠰᠢᠰᠲ᠋ᠧᠮ  ᠳᠤ ᠰᠤᠷᠭᠠᠭᠤᠯᠢ  ᠶᠢᠨ ᠬᠠᠷᠢᠶᠠᠯᠠᠯ  ᠢᠶᠠᠨ ᠳᠠᠩᠰᠠᠯᠠᠭᠤᠯᠵᠤ  ᠂ ᠡᠯ᠎ᠡ ᠭᠠᠵᠠᠷ ᠤᠷᠤᠨ  ᠤ ᠰᠤᠷᠤᠯᠭ᠎ᠠ  ᠶᠢᠨ ᠳᠡᠳᠬᠦᠮᠵᠢ ᠎ ᠶᠢᠨ ᠬᠠᠮᠢᠶᠠᠷᠤᠯᠳᠠ  ᠶᠢᠨ ᠳᠥᠪ ᠨᠢ ᠠᠶᠢᠮᠠᠭ  ᠤᠨ ᠰᠤᠷᠭᠠᠨ ᠬᠥᠮᠥᠵᠢᠯ  ᠤᠨ ᠳᠤᠪᠴᠢᠶᠡᠨ ᠠᠴᠠ ᠨᠤᠳᠠᠯᠠᠭᠰᠠᠨ ᠳᠤᠮᠳᠠ ᠵᠡᠷᠬᠡ  ᠶᠢᠨ ᠠᠵᠢᠯ ᠮᠡᠷᠬᠡᠵᠢᠯ  ᠤᠨ ᠰᠤᠷᠭᠠᠭᠤᠯᠢ  ᠶᠢᠨ ᠰᠤᠷᠤᠭᠴᠢᠳ  ᠤᠨ ᠰᠤᠷᠭᠠᠭᠤᠯᠢ ᠶᠢᠨ ᠬᠠᠷᠢᠶᠠᠯᠠᠯ ᠎ ᠢ ᠥᠨᠳᠥᠰᠥᠯᠠᠵᠤ  ᠂ ᠳᠡᠳᠬᠦᠮᠵᠢ ᠤᠯᠭᠤᠬᠤ ᠰᠤᠷᠤᠭᠴᠢ  ᠶᠢᠨ ᠨᠡᠷᠡᠰ  ᠢ ᠨᠠᠷᠢᠨ ᠬᠢᠨᠠᠮᠠᠭᠠᠢ ᠬᠠᠷᠭᠤᠭᠤᠯᠤᠭᠠᠳ  ᠂ 9 ᠳ᠋ᠤᠭᠡᠷ ᠰᠠᠷ᠎ᠠ  ᠶᠢᠨ 3 0᠎ ᠤ ᠡᠳᠤᠷ ᠡᠴᠡ‌ᠡᠮᠤᠨ᠎ᠠ ᠳᠤᠰ ᠭᠠᠵᠠᠷ ᠤᠷᠤᠨ ᠤ ᠰᠤᠷᠤᠭᠴᠢ ᠶᠢᠨ ᠨᠡᠷᠡᠰ  ᠂ ᠪᠥᠷᠢᠳᠬᠡᠯ  ᠤᠨ ᠬᠥᠰᠥᠨᠥᠭ  ᠢ ᠠᠶᠢᠮᠠᠭ  ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠎ ᠲᠤ ᠮᠡᠳᠡᠭᠦᠯᠵᠤ  ᠂ ᠠᠶᠢᠮᠠᠭ ‍ᠤᠨ‌‍ᠰᠤᠷᠤᠯᠭ᠎ᠠ  ᠶᠢᠨ ᠳᠡᠳᠬᠦᠮᠵᠢ ᠶᠢᠨ ᠬᠠᠮᠢᠶᠠᠷᠤᠯᠳᠠ ᠶᠢᠨ ᠳᠥᠪ ᠠᠴᠠ ᠨᠤᠳᠠᠯᠠᠨ ᠳᠠᠩᠰᠠᠯᠠᠨ᠎ᠠ  ᠃       ᠳᠥᠷᠪᠡᠳᠥᠭᠡᠷ ᠪᠥᠯᠥᠭ    ᠪᠡᠯᠡ ᠮᠥᠩᠬᠦ  ᠶᠢᠨ ᠢᠷᠡᠯᠳᠡ ᠬᠢᠬᠡᠳ ᠬᠠᠮᠢᠶᠠᠷᠤᠯᠳᠠ      ᠠᠷᠪᠠᠨ ᠨᠢᠭᠡᠳᠤᠭᠡᠷ ᠵᠤᠷᠪᠤᠰ    ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ  ᠶᠢᠨ ᠳᠡᠳᠬᠦᠮᠵᠢ  ᠶᠢᠨ ᠮᠥᠩᠬᠦ  ᠶᠢ ᠪᠤᠯ  ᠂ ᠤᠯᠤᠰ᠂ ᠥᠪᠡᠷᠳᠡᠭᠡᠨ ᠵᠠᠰᠠᠬᠤ ᠤᠷᠤᠨ  ᠂ ᠠᠶᠢᠮᠠᠭ  ᠂ ᠬᠤᠰᠢᠭᠤ ( ᠰᠢᠶᠡᠨ ᠬᠤᠳᠠ ᠤᠷᠤᠨ ) ᠲᠦᠷᠪᠡᠨ ᠱᠠᠳᠤ ᠪᠠᠷ ᠬᠤᠪᠢᠶᠠᠨ ᠡᠬᠦᠷᠭᠡᠯᠡᠨ᠎ᠡ  ᠃ ᠠᠶᠢᠮᠠᠭ  ᠤᠨ ᠳᠤᠳᠤᠷᠡᠬᠢ ᠡᠭᠦᠷᠭᠡᠯᠡᠬᠦ ᠬᠡᠰᠡᠭ  ᠢ ᠪᠤᠯ  ᠂ ᠬᠤᠰᠢᠭᠤ ᠰᠢᠶᠡᠨ ᠬᠤᠳᠠ ( ᠤᠷᠤᠨ ) ᠎ ᠶᠢᠨ ᠡᠳ᠋  ᠤᠨ ᠵᠠᠰᠠᠭ  ᠎ ᠤᠨ ᠤᠷᠤᠯᠭ᠎ᠠ ᠎ ᠶᠢᠨ ᠵᠥᠷᠢᠶ᠎ᠡ ᠪᠤᠯᠤᠨ ᠬᠥᠯᠢᠶᠡᠨ ᠠᠪᠬᠤ ᠴᠢᠳᠠᠪᠤᠷᠢ  ᠶᠢ ᠨᠢ ᠥᠨᠳᠥᠰᠥᠯᠡᠵᠤ  ᠂  ᠠᠶᠢᠮᠠᠭ ᠬᠤᠰᠢᠭᠤ ︵ᠰᠢᠶᠠᠨ ᠬᠤᠲᠡ︶᠎ ᠶᠢᠨ ᠡᠭᠦᠷᠬᠡᠯᠡᠬᠦ ᠬᠠᠷᠢᠴᠠᠯ  ᠢ ᠲᠥᠷᠥᠯ ᠬᠤᠪᠢᠶᠠᠨ ᠳᠤᠭᠳᠠᠭᠠᠨ᠎ᠠ  ᠃ ᠵᠢᠯ ᠪᠤᠯᠭᠠᠨ ᠤ ᠡᠬᠢᠨ ᠳᠤ ᠠᠶᠢᠮᠠᠭ  ᠤᠨ ᠡᠳ᠋  ᠤᠨ ᠵᠠᠰᠠᠭ ᠤᠨ ᠳᠤᠪᠴᠢᠶ᠎ᠡ  ᠂ ᠰᠤᠷᠭᠠᠨ ᠬᠥᠮᠥᠵᠢᠯ  ᠤᠨ ᠳᠤᠪᠴᠢᠶ᠎ᠡ ᠪᠤᠳᠠᠳᠠᠢ ᠡᠭᠦᠷᠬᠡᠯᠡᠬᠦ ᠬᠠᠷᠢᠴᠠᠯ  ᠢ ᠳᠤᠷᠠᠳᠴᠤ  ᠂ ᠵᠠᠬᠢᠷᠭ᠎ᠠ  ᠳᠤ ᠮᠡᠳᠡᠭᠦᠯᠵᠤ ᠰᠤᠳᠤᠯᠤᠨ ᠳᠤᠭᠳᠠᠭᠠᠵᠤ  ᠂ ᠬᠡᠷᠡᠭᠰᠡᠬᠦ ᠪᠡᠯᠡ ᠮᠥᠩᠬᠦ  ᠶᠢ ᠳᠤᠰ ᠱᠠᠳᠤᠨ  ᠤ ᠵᠢᠯ  ᠤᠨ ᠡᠳ᠋  ᠤᠨ ᠵᠠᠰᠠᠭ  ᠤᠨ ᠳᠥᠰᠥᠪ ᠲᠤ ᠤᠷᠤᠭᠤᠯᠤᠨ᠎ᠠ  ᠃      ᠠᠷᠪᠠᠨ ᠬᠤᠶᠠᠳᠤᠭᠠᠷ ᠵᠤᠷᠪᠤᠰ  ᠠᠶᠢᠮᠠᠭ  ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ ᠶᠢᠨ ᠳᠥᠪ ᠨᠢ ᠬᠤᠰᠢᠭᠤ ᠰᠢᠶᠡᠨ ᠬᠤᠳᠠ ( ᠤᠷᠤᠨ ) ᠪᠤᠯᠤᠨ ᠰᠤᠷᠭᠠᠭᠤᠯᠢ  ᠪᠠᠷ ᠬᠤᠪᠢᠶᠡᠨ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢᠨ ᠶᠡᠷᠥᠩᠬᠡᠢ ᠲᠤᠭ᠎ᠠ  ᠶᠢ ᠪᠤᠳᠤᠵᠤ ᠭᠠᠷᠭᠠᠬᠤ  ᠶᠢ ᠬᠠᠷᠢᠭᠤᠴᠠᠬᠤ  ᠶᠢᠨ ᠬᠠᠮᠳᠤ ᠠᠶᠢᠮᠠᠭ  ᠤᠨ ᠡᠳ᠋  ᠤᠨ ᠵᠠᠰᠠᠭ  ᠤᠨ ᠳᠤᠪᠴᠢᠶᠡᠨ  ᠳᠤ ᠴᠠᠭ ᠳᠤᠬᠠᠢ  ᠳᠤᠨᠢ  ᠮᠡᠳᠡᠭᠦᠯᠥᠨ᠎ᠠ  ᠃ ᠠᠶᠢᠮᠠᠭ  ᠤᠨ ᠡᠳ᠋  ᠎ ᠤᠨ ᠵᠠᠰᠠᠭ  ᠤᠨ ᠳᠤᠪᠴᠢᠶ᠎ᠡ  ᠂ ᠰᠤᠷᠭᠠᠨ ᠬᠥᠮᠥᠵᠢᠯ  ᠤᠨ ᠳᠤᠪᠴᠢᠶ᠎ᠡ ᠠᠴᠠ ᠰᠤᠷᠤᠯᠭ᠎ᠠ  ᠶᠢᠨ ᠬᠤᠭᠤᠴᠠᠭ᠎ᠠ ᠪᠠᠷ ᠨᠢ ᠳᠡᠳᠬᠦᠮᠵᠢ  ᠶᠢᠨ ᠮᠥᠩᠬᠦᠨ  ᠤ ᠬᠥᠢᠴᠡᠳᠬᠡᠯ ᠳᠤᠭ᠎ᠠ ᠶᠢ ᠪᠠᠭᠤᠯᠭᠠᠨ ᠥᠭᠬᠦᠨ᠎ᠠ  ᠃      ᠠᠶᠢᠮᠠᠭ  ᠤᠨ ᠡᠳ᠋  ᠤᠨ ᠵᠠᠰᠠᠭ  ᠤᠨ ᠳᠤᠪᠴᠢᠶ᠎ᠡ ᠨᠢ  ᠤᠯᠤᠰ  ᠂ ᠥᠪᠡᠷᠳᠡᠭᠡᠨ ᠵᠠᠰᠠᠬᠤ ᠤᠷᠤᠨ ᠡᠴᠡ‌‍ᠪᠠᠭᠤᠯᠭᠠᠭᠰᠠᠨ ᠳᠡᠳᠬᠦᠮᠵᠢ  ᠶᠢᠨ ᠮᠥᠩᠬᠦ   ᠵᠢ‌ᠥᠨᠳᠥᠰᠥᠯᠡᠵᠤ  ᠂ ᠡᠯ᠎ᠡ ᠭᠠᠵᠠᠷ ᠤᠷᠤᠨ  ᠂ ᠡᠯ᠎ᠡ ᠰᠤᠷᠭᠠᠭᠤᠯᠢ  ᠶᠢᠨ ᠳᠡᠳᠬᠦᠮᠵᠢ  ᠶᠢᠨ ᠮᠥᠩᠬᠦ  ᠶᠢᠨ ᠶᠡᠷᠥᠩᠬᠡᠢ ᠲᠤᠭ᠎ᠠ  ᠲᠠᠢ ᠬᠠᠷᠭᠤᠭᠤᠯᠤᠭᠠᠳ  ᠂ 5 ᠠᠵᠢᠯᠯᠠᠬᠤ ᠡᠳᠤᠷ  ᠤᠨ ᠳᠤᠳᠤᠷ᠎ᠡ ᠠᠶᠢᠮᠠᠭ  ᠤᠨ ᠱᠠᠳᠤᠨ ᠠᠴᠠ ᠳᠡᠭᠡᠭᠰᠢᠬᠢ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢ ᠬᠤᠰᠢᠭᠤ ᠰᠢᠶᠡᠨ ᠬᠤᠳᠠ ( ᠤᠷᠤᠨ ) ᠎ ᠶᠢᠨ ᠡᠳ᠋  ᠤᠨ ᠵᠠᠰᠠᠭ  ᠤᠨ ᠳᠤᠪᠴᠢᠶᠡᠨ  ᠳᠤ ᠪᠠᠭᠤᠯᠭᠠᠨ ᠥᠭᠴᠥ  ᠂ ᠡᠯ᠎ᠡ ᠭᠠᠵᠠᠷ ᠤᠷᠤᠨ  ᠤ ᠡᠳ᠋  ᠤᠨ ᠵᠠᠰᠠᠭ ᠤᠨ ᠳᠤᠪᠴᠢᠶ᠎ᠡ ᠳᠤᠰ ᠱᠠᠳᠤ ᠪᠤᠯᠤᠨ ᠳᠡᠭᠡᠳᠤ ᠱᠠᠳᠤᠨ  ᠤ ᠰᠤᠷᠤᠯᠭ᠎ᠠ ᠎ ᠶᠢᠨ ᠳᠡᠳᠬᠦᠮᠵᠢ  ᠶᠢᠨ ᠮᠥᠩᠬᠦ  ᠶᠢ 5 ᠠᠵᠢᠯᠯᠠᠬᠤ ᠡᠳᠤᠷ  ᠤᠨ ᠳᠤᠳᠤᠷ᠎ᠠ ᠳᠠᠬᠢᠭᠠᠳ ᠠᠶᠢᠮᠠᠭ  ᠤᠨ ᠰᠤᠷᠤᠯᠭ᠎ᠠ ᠎ ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠲᠤ ᠶᠠᠪᠤᠭᠤᠯᠵᠤ ᠥᠭᠬᠦᠨ  ᠂ ᠠᠶᠢᠮᠠᠭ  ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠨᠢ ᠨᠢᠭᠡᠳᠥᠯᠳᠡᠢ ᠴᠤᠭᠯᠠᠭᠤᠯᠤᠭᠰᠠᠨ ᠰᠤᠷᠤᠯᠭ᠎ᠠ  ᠶᠢᠨ ᠳᠡᠳᠬᠦᠮᠵᠢ ᠎ ᠶᠢᠨ ᠮᠥᠩᠬᠦ  ᠶᠢ ᠰᠤᠷᠤᠭᠴᠢᠳ  ᠤᠨ ᠰᠤᠷᠤᠯᠴᠠᠵᠤ ᠪᠠᠶᠢᠭ᠎ᠠ ᠰᠤᠷᠭᠠᠭᠤᠯᠢ  ᠳᠤ ᠴᠠᠭ ᠳᠤᠬᠠᠢ  ᠳᠤᠨᠢ ᠪᠠᠭᠤᠯᠭᠠᠨ ᠥᠭᠬᠦᠨ᠎ᠠ  ᠃      ᠠᠷᠪᠠᠨ ᠭᠤᠷᠪᠠᠳᠤᠭᠠᠷ ᠵᠤᠷᠪᠤᠰ  ᠤᠯᠤᠰ᠂ ᠥᠪᠡᠷᠳᠡᠭᠡᠨ ᠵᠠᠰᠠᠬᠤ ᠤᠷᠤᠨ ᠠᠴᠠ ᠳᠤᠭᠳᠠᠭᠠᠭᠰᠠᠨ  ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠱᠠᠳᠤᠨ  ᠤ ᠰᠤᠷᠭᠠᠨ ᠬᠥᠮᠥᠵᠢᠯ  ᠤᠨ ᠰᠤᠷᠤᠯᠭ᠎ᠠ  ᠶᠢᠨ ᠳᠡᠳᠬᠦᠮᠵᠢ ᠎ ᠶᠢᠨ ᠮᠥᠩᠬᠦ ᠤᠯᠭᠤᠬᠤ ᠬᠤᠯᠪᠤᠭᠳᠠᠯ ᠪᠥᠬᠦᠢ ᠳᠥᠷᠥ  ᠶᠢᠨ ᠪᠤᠳᠤᠯᠭ᠎ᠠ  ᠶᠢᠨ ᠨᠥᠬᠦᠴᠠᠯ  ᠳᠤ ᠳᠤᠬᠢᠷᠠᠭᠰᠠᠨ ᠰᠤᠷᠤᠭᠴᠢᠳ ᠲᠤ ᠪᠤᠯ  ᠂ ︽ᠥᠨᠳᠥᠷ ᠪᠠᠷᠢᠮᠵᠢᠶ᠎ᠠ ᠪᠠᠷ ᠤᠯᠭᠤᠬᠤ︾ᠵᠠᠷᠴᠢᠮ ᠶᠤᠰᠤᠭᠠᠷ ᠳᠡᠳᠬᠦᠮᠵᠢ  ᠶᠢᠨ ᠮᠥᠩᠬᠦ ᠤᠯᠭᠤᠨ᠎ᠠ  ᠂ ᠬᠡᠪᠡᠴᠥ ᠳᠠᠪᠬᠤᠷᠳᠠᠭᠤᠯᠤᠨ ᠤᠯᠭᠤᠵᠤ ᠪᠤᠯᠬᠤ ᠥᠭᠡᠢ  ᠃      ᠠᠷᠪᠠᠨ ᠳᠥᠷᠪᠡᠳᠥᠭᠡᠷ ᠵᠤᠷᠪᠤᠰ  ᠰᠤᠷᠤᠯᠭ᠎ᠠ  ᠶᠢᠨ ᠰᠥᠢᠳᠬᠡᠯ᠂ ᠪᠠᠶᠢᠷᠢ  ᠶᠢᠨ ᠰᠥᠢᠳᠬᠡᠯ ᠬᠡᠯᠳᠥᠷᠢᠬᠦᠯᠬᠦ ᠪᠡᠯᠡ ᠮᠥᠩᠬᠦ  ᠶᠢ ᠪᠤᠯ ᠰᠤᠷᠤᠭᠴᠢᠳ‌‍ᠰᠥ᠋ᠢᠳᠬᠡᠯ ᠬᠤᠷᠢᠶᠠᠬᠤ ᠥᠭᠡᠢ ᠪᠠᠷ ᠰᠤᠷᠭᠠᠨ ᠬᠥᠮᠥᠵᠢᠯ ᠬᠥᠷᠳᠡᠭᠡᠬᠦ ᠲᠥᠷᠥ ᠎ ᠶᠢᠨ ᠪᠤᠳᠤᠯᠭ᠎ᠠ  ᠶᠢ ᠬᠥᠷᠳᠡᠭᠰᠡᠨ ᠠᠴᠠ  ᠂ ᠡᠳ᠋  ᠤᠨ ᠵᠠᠰᠠᠭ ᠠᠴᠠ ᠰᠤᠷᠤᠭᠴᠢᠳ  ᠤᠨ ᠳᠤᠭ᠎ᠠ  ᠶᠢ ᠥᠨᠳᠥᠰᠥᠯᠡᠵᠤ ᠰᠤᠷᠭᠠᠭᠤᠯᠢ  ᠳᠤ ᠥᠭᠬᠦᠭᠰᠡᠨ ᠵᠠᠷᠤᠳᠠᠯ ᠪᠤᠯᠤᠨ᠎ᠠ  ᠂ ᠰᠤᠷᠭᠠᠭᠤᠯᠢ ᠨᠢ ᠰᠤᠷᠤᠭᠴᠢᠳ ᠡᠴᠡ‌ᠡᠳᠡᠭᠡᠷ ᠰᠥᠢᠳᠬᠡᠯ  ᠢ ᠳᠠᠬᠢᠵᠤ ᠬᠤᠷᠢᠶᠠᠵᠤ ᠪᠤᠯᠬᠤ ᠥᠭᠡᠢ  ᠃  ᠮᠤᠩᠭᠤᠯ  ᠢᠶᠠᠷ ᠬᠢᠴᠢᠶᠡᠯᠯᠡᠵᠤ ᠪᠠᠶᠢᠭ᠎ᠠ ᠰᠤᠷᠤᠭᠴᠢᠳ ᠎ ᠤᠨ ᠬᠢᠴᠢᠶᠡᠯ  ᠤᠨ ᠳᠠᠪᠳᠠᠷ  ᠢ ᠥᠪᠡᠷᠳᠡᠭᠡᠨ ᠵᠠᠰᠠᠬᠤ ᠤᠷᠤᠨ  ᠤ ᠰᠤᠷᠭᠠᠨ ᠬᠥᠮᠥᠵᠢᠯ  ᠤᠨ ᠲᠢᠩᠬᠢᠮ  ᠂ ᠡᠳ᠋ ᠎ ᠤᠨ ᠵᠠᠰᠠᠭ  ᠤᠨ ᠲᠢᠩᠬᠢᠮ ᠠᠴᠠ ᠨᠢᠭᠡᠳᠥᠯᠳᠡᠢ ᠳᠠᠭᠠᠭᠠᠴᠢᠯᠠᠯᠳᠠ ᠵᠠᠷᠯᠠᠨ ᠬᠤᠳᠠᠯᠳᠤᠨ ᠠᠪᠴᠥ  ᠂ ᠰᠥᠢᠳᠬᠡᠯ ᠬᠤᠷᠢᠶᠠᠬᠤ ᠥᠭᠡᠢ ᠪᠠᠷ ᠳᠠᠷᠬᠠᠭᠠᠨ ᠥᠭᠬᠦᠨ᠎ᠠ᠃ ᠬᠢᠳᠠᠳ  ᠢᠶᠠᠷ ᠬᠢᠴᠢᠶᠡᠯᠯᠡᠵᠤ ᠪᠠᠶᠢᠭ᠎ᠠ ᠡᠩ  ᠤᠨ ᠦᠨᠳᠦᠷ ᠵᠡᠷᠬᠡ ᠎ ᠶᠢᠨ ᠳᠤᠮᠳᠠᠳᠤ ᠰᠤᠷᠭᠠᠭᠤᠯᠢ ᠪᠤᠯᠤᠨ ᠳᠤᠮᠳᠠ ᠵᠡᠷᠬᠡ  ᠶᠢᠨ ᠠᠵᠢᠯ ᠮᠡᠷᠬᠡᠵᠢᠯ  ᠤᠨ ᠰᠤᠷᠭᠠᠭᠤᠯᠢ  ᠶᠢᠨ ᠰᠤᠷᠤᠭᠴᠢᠳ  ᠤᠨ ᠬᠢᠴᠢᠶᠡᠯ  ᠤᠨ ᠳᠡᠪᠳᠡᠷ  ᠢ ᠠᠶᠢᠮᠠᠭ  ᠤᠨ ᠰᠤᠷᠭᠠᠨ ᠬᠥᠮᠥᠵᠢᠯ  ᠤᠨ ᠳᠤᠪᠴᠢᠶ᠎ᠡ  ᠂ ᠡᠳ᠋  ᠤᠨ ᠵᠠᠰᠠᠭ  ᠤᠨ ᠳᠤᠪᠴᠢᠶ᠎ᠡ ᠨᠢᠭᠡᠳᠥᠯᠳᠡᠢ ᠬᠤᠳᠠᠯᠳᠤᠨ ᠠᠪᠴᠥ ᠰᠥᠢᠳᠬᠡᠯ ᠬᠤᠷᠢᠶᠠᠬᠤ ᠥᠭᠡᠢ ᠪᠠᠷ ᠳᠠᠷᠬᠠᠭᠠᠨ ᠥᠭᠬᠦᠨ᠎ᠠ  ᠃      ᠰᠤᠷᠤᠭᠴᠢᠳ  ᠤᠨ ᠠᠮᠢᠳᠤᠷᠠᠯ  ᠤᠨ ᠰᠥᠢᠳᠬᠡᠯ  ᠤᠨ ᠨᠥᠬᠦᠪᠤᠷᠢ ᠪᠤᠯᠤᠨ ᠥᠨᠳᠥᠰᠥᠳᠡᠨ  ᠤ ᠰᠤᠷᠤᠯᠭ᠎ᠠ ᠎ ᠶᠢᠨ ᠳᠡᠳᠬᠦᠮᠵᠢ  ᠶᠢᠨ ᠮᠥᠩᠬᠦ  ᠶᠢ ᠰᠤᠷᠤᠭᠴᠢᠳ  ᠤᠨ ᠠᠮᠢᠳᠤᠷᠠᠯ ᠰᠤᠷᠤᠯᠴᠠᠯᠭ᠎ᠠ ᠳᠤ ᠬᠡᠷᠡᠭᠯᠡᠬᠦ  ᠶᠢ ᠪᠠᠳᠤᠯᠠᠬᠤ ᠎ ᠶᠢᠨ ᠳᠤᠰᠠᠳᠠ  ᠂ ᠪᠠᠶᠢᠷᠢ  ᠳᠤ ᠰᠠᠭᠤᠵᠤ ᠪᠠᠶᠢᠭ᠎ᠠ ᠰᠤᠷᠤᠭᠴᠢᠳ ᠲᠤ ᠪᠤᠯ ᠰᠤᠷᠭᠠᠭᠤᠯᠢ ᠠᠴᠠ ᠬᠤᠭᠤᠯᠠᠨ ᠺᠠᠷᠲ ᠎ ᠶᠢᠨ ᠬᠡᠯᠪᠡᠷᠢ ᠪᠠᠷ ᠥᠭᠬᠦᠨ᠎ᠡ  ᠃ ᠬᠤᠳᠠ ᠪᠠᠯᠭᠠᠰᠤᠨ  ᠤ ᠪᠠᠶᠢᠷᠢ  ᠳᠤ ᠰᠠᠭᠤᠵᠤ ᠥᠭᠡᠢ ᠰᠤᠷᠤᠭᠴᠢᠳ‌‍ᠲ᠋ᠤ ᠪᠤᠯ ᠰᠤᠷᠭᠠᠭᠤᠯᠢ ᠠᠴᠠ ᠪᠡᠯᠡᠨ ᠵᠤᠭᠤᠰ  ᠢ ᠭᠡᠷ  ᠤᠨ ᠠᠬᠠᠮᠠᠳ ᠲᠤᠨᠢ ᠥᠭᠬᠦᠨ᠎ᠡ  ᠂ ᠪᠤᠳᠠᠰ ᠪᠤᠶᠤ ᠥᠢᠯᠡᠴᠢᠯᠡᠭᠡ ᠵᠡᠷᠬᠡ ᠤᠨᠳᠤᠤ ᠬᠡᠯᠪᠡᠷᠢ ᠪᠠᠷ ᠤᠷᠤᠯᠠᠭᠤᠯᠬᠤ ᠪᠤᠶᠤ ᠬᠠᠰᠤᠵᠤ ᠤᠭᠳᠤ ᠪᠤᠯᠬᠤ ᠥᠭᠡᠢ  ᠃       ᠳᠠᠪᠤᠳᠤᠭᠠᠷ ᠪᠥᠯᠥᠭ   ᠬᠢᠨᠠᠯᠳᠠ ᠪᠠᠶᠢᠴᠠᠭᠠᠯᠳᠠ      ᠠᠷᠪᠠᠨ ᠳᠠᠪᠤᠳᠤᠭᠠᠷ ᠵᠤᠷᠪᠤᠰ  ᠠᠶᠢᠮᠠᠭ  ᠤᠨ ᠰᠤᠷᠤᠯᠭ᠎ᠠ  ᠶᠢᠨ ᠳᠡᠳᠬᠦᠮᠵᠢ ᠵᠢᠨ‌ᠠᠵᠢᠯ  ᠤᠨ ᠤᠳᠤᠷᠢᠳᠬᠤ ᠳᠤᠭᠤᠢᠢᠯᠠᠩ ᠡᠯ᠎ᠡ ᠬᠤᠰᠢᠭᠤ ᠰᠢᠶᠡᠨ ᠬᠤᠳᠠ ( ᠤᠷᠤᠨ )᠎ ᠶᠢᠨ  ᠦᠨᠳᠦᠷ  ᠵᠡᠷᠬᠡ  ᠶᠢᠨ ᠳᠤᠮᠳᠠᠳᠤ ᠰᠤᠷᠭᠠᠭᠤᠯᠢ ᠵᠢᠨ‌‍ᠱᠠᠳᠤᠨ  ᠳᠤ ᠰᠥᠢᠳᠬᠡᠯ ᠬᠤᠷᠢᠶᠠᠬᠤ ᠥᠭᠡᠢ ᠪᠠᠷ ᠰᠤᠷᠭᠠᠨ ᠬᠥᠮᠥᠵᠢᠯ ᠬᠥᠷᠳᠡᠭᠡᠬᠦ ᠪᠥᠬᠦ ᠶᠠᠪᠤᠴᠠ ᠳᠤ ᠬᠢᠨᠠᠯᠳᠠ ᠳᠠᠯᠪᠢᠨ ᠪᠠᠶᠢᠴᠠᠭᠠᠬᠤ  ᠶᠢᠨ ᠬᠠᠮᠳᠤ ᠡᠯ᠎ᠡ ᠬᠤᠰᠢᠭᠤ ᠰᠢᠶᠡᠨ ᠬᠤᠳᠠ ( ᠤᠷᠤᠨ ) ᠵᠢᠨ‌‍ᠰᠤᠷᠤᠯᠭ᠎ᠠ ᠶᠢᠨ ᠳᠡᠳᠬᠦᠮᠵᠢ  ᠶᠢᠨ ᠵᠠᠷᠤᠳᠠᠯ  ᠢ ᠳᠤᠭ᠎ᠠ ᠶᠤᠰᠤᠭᠠᠷ  ᠂ ᠴᠠᠭ ᠳᠤᠬᠠᠢ  ᠳᠤᠨᠢ ᠥᠭᠬᠦ  ᠶᠢ ᠱᠠᠯᠠᠪᠳᠠᠭᠤᠯᠤᠨ ᠪᠠᠶᠢᠴᠠᠭᠠᠨ᠎ᠠ  ᠃ ᠬᠤᠰᠢᠭᠤ ᠰᠢᠶᠡᠨ ᠬᠤᠳᠠ ( ᠤᠷᠤᠨ) ᠵᠢᠨ‌‍ᠰᠤᠷᠤᠯᠭ᠎ᠠ  ᠶᠢᠨ ᠳᠡᠳᠬᠦᠮᠵᠢ ᠵᠢᠨ‌ᠠᠵᠢᠯ  ᠤᠨ ᠤᠳᠤᠷᠢᠳᠬᠤ ᠳᠤᠭᠤᠢᠢᠯᠠᠩ ᠨᠢ ᠳᠤᠰ ᠭᠠᠵᠠᠷ ᠤᠷᠤᠨ  ᠤ ᠰᠤᠮᠤ ᠰᠢᠶᠠᠩ ᠪᠠᠯᠭᠠᠰᠤ  ᠂ ᠬᠤᠯᠪᠤᠭᠳᠠᠯ ᠪᠥᠬᠦᠢ ᠰᠠᠯᠠᠭ᠎ᠠ ᠮᠥᠴᠢᠷ  ᠂ ᠬᠠᠷᠢᠶ᠎ᠠ ᠰᠤᠷᠭᠠᠭᠤᠯᠢ  ᠳᠤ ᠬᠢᠨᠠᠯᠳᠠ ᠳᠠᠯᠪᠢᠨ ᠪᠠᠶᠢᠴᠠᠭᠠᠬᠤ  ᠶᠢ ᠬᠠᠷᠢᠭᠤᠴᠠᠨ᠎ᠠ  ᠃ ᠠᠶᠢᠮᠠᠭ  ᠂ ᠬᠤᠰᠢᠭᠤ ᠰᠢᠶᠡᠨ ᠬᠤᠳᠠ ( ᠤᠷᠤᠨ ) ᠬᠤᠶᠠᠷ ᠱᠠᠳᠤᠨ  ᠤ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠲᠤ ᠢᠯᠡᠴᠢᠯᠡᠨ ᠮᠡᠳᠡᠭᠦᠯᠬᠦ ᠬᠠᠶᠢᠷᠴᠠᠭ ᠭᠠᠷᠭᠠᠵᠤ᠂ ᠢᠯᠡᠴᠢᠯᠡᠨ ᠮᠡᠳᠡᠭᠦᠯᠬᠦ ᠤᠳᠠᠰᠤ  ᠶᠢ ᠨᠡᠶᠢᠳᠡᠯᠡᠨ᠎ᠡ  ᠃ ᠬᠢᠨᠠᠨ ᠪᠤᠳᠤᠬᠤ  ᠂ ᠬᠢᠨᠠᠨ ᠪᠠᠶᠢᠴᠠᠭᠠᠬᠤ ᠰᠠᠯᠠᠭ᠎ᠠ ᠮᠥᠴᠢᠷ ᠬᠢᠨᠠᠨ ᠪᠤᠳᠤᠬᠤ ᠬᠢᠨᠠᠨ ᠪᠠᠶᠢᠴᠠᠭᠠᠬᠤ ᠠᠵᠢᠯ  ᠢ ᠳᠤᠭᠳᠠᠮᠠᠯ ᠬᠤᠭᠤᠴᠠᠭ᠎ᠠ ᠲᠠᠢ ᠪᠠᠷ ᠥᠷᠨᠢᠭᠦᠯᠥᠨ᠎ᠠ  ᠃ ᠭᠠᠵᠠᠷ ᠤᠷᠤᠨ ᠤ ᠡᠬᠦᠷᠬᠡᠯᠡᠬᠦ ᠳᠥᠬᠦᠷ ᠪᠡᠯᠡ ᠮᠥᠩᠬᠦ  ᠶᠢ ᠴᠠᠭ ᠳᠤᠬᠠᠢ  ᠳᠤᠨᠢ ᠭᠠᠷᠭᠠᠭᠰᠠᠨ ᠥᠭᠡᠢ ᠬᠤᠰᠢᠭᠤ ᠰᠢᠶᠡᠨ ᠬᠤᠳᠠ ( ᠤᠷᠤᠨ ) ᠎ ᠢ ᠱᠠᠯᠠᠪᠳᠠᠭᠤᠯᠤᠨ ᠳᠤᠭᠳᠠᠭᠰᠠᠨ ᠬᠤᠭᠤᠴᠠᠭᠠᠨ  ᠳᠤ ᠭᠠᠷᠭᠠᠯᠭᠠᠵᠤ  ᠂ ᠳᠤᠭᠳᠠᠭᠰᠠᠨ ᠬᠤᠭᠤᠴᠠᠭᠠᠨ ᠎ ᠳᠤ ᠮᠥᠨ ᠯᠡ ᠭᠠᠷᠭᠠᠭᠰᠠᠨ ᠥᠭᠡᠢ ᠬᠤᠰᠢᠭᠤ ᠰᠢᠶᠠᠨ ᠬᠤᠳᠡ ᠠᠴᠠ ᠠᠶᠢᠮᠠᠭ  ᠤᠨ ᠬᠢᠨᠠᠨ ᠪᠠᠶᠢᠴᠠᠭᠠᠬᠤ ᠳᠤᠪᠴᠢᠶ᠎ᠡ  ᠬᠠᠷᠢᠭᠤᠴᠠᠯᠭ᠎ᠠ ᠨᠡᠬᠡᠮᠵᠢᠯᠡᠨ᠎ᠡ  ᠃       ᠠᠷᠪᠠᠨ ᠵᠢᠷᠭᠤᠳᠤᠭᠠᠷ ᠵᠤᠷᠪᠤᠰ  ᠰᠤᠷᠭᠠᠨ ᠬᠥᠮᠥᠵᠢᠯ  ᠤᠨ ᠰᠥᠢᠳᠬᠡᠯ ᠬᠡᠯᠳᠥᠷᠢᠬᠦᠯᠬᠦ ᠪᠡᠯᠡ ᠮᠥᠩᠬᠦ  ᠶᠢ ᠡᠷᠡᠮᠡᠯᠵᠡᠯᠡᠨ ᠮᠡᠳᠡᠭᠦᠯᠬᠦ  ᠂ ᠬᠢᠨᠠᠨ ᠬᠠᠷᠭᠤᠭᠤᠯᠬᠤ  ᠂ ᠳᠠᠷᠬᠠᠭᠠᠨ ᠥᠭᠬᠦ ᠵᠡᠷᠬᠡ ᠶᠠᠪᠤᠴᠠ  ᠳᠤ ᠬᠤᠳᠠᠯ ᠬᠠᠭᠤᠷᠮᠠᠭ ᠎ ᠢᠶᠠᠷ ᠵᠤᠬᠢᠶᠠᠭᠰᠠᠨ  ᠂ ᠡᠵᠡᠯᠡᠨ ᠬᠡᠷᠡᠭᠯᠡᠭᠰᠡᠨ  ᠂ ᠰᠠᠭᠤᠯᠭᠠᠨ ᠠᠪᠤᠭᠰᠠᠨ ᠨᠢᠭᠡᠴᠡ ᠪᠤᠯᠤᠨ ᠬᠤᠪᠢ ᠬᠥᠮᠥᠨ  ᠢ ᠬᠤᠯᠪᠤᠭᠳᠠᠯ ᠪᠥᠬᠦᠢ ᠳᠤᠭᠳᠠᠭᠠᠯ ᠶᠤᠰᠤᠭᠠᠷ ᠴᠢᠩᠭ᠎ᠠ ᠪᠠᠶᠢᠴᠠᠭᠠᠨ ᠰᠢᠳᠬᠡᠨ᠎ᠠ  ᠃ ᠰᠤᠷᠤᠯᠭ᠎ᠠ  ᠶᠢᠨ ᠳᠡᠳᠬᠦᠮᠵᠢ ᠤᠯᠭᠤᠬᠤ ᠨᠥᠬᠦᠴᠡᠯ  ᠳᠤ ᠳᠤᠬᠢᠷᠠᠬᠤ ᠥᠭᠡᠢ ᠰᠤᠷᠤᠭᠴᠢ  ᠶᠢ ᠪᠤᠯ  ᠂ ᠳᠡᠳᠬᠦᠮᠵᠢ ᠬᠥᠷᠳᠡᠬᠦ ᠬᠢᠷᠢ ᠬᠡᠮ  ᠢ ᠨᠢ ᠬᠠᠰᠤᠵᠤ  ᠂ ᠵᠤᠬᠢᠬᠤ ᠬᠡᠪᠴᠢᠶᠠᠨ ᠳᠤᠳᠤᠷ᠎ᠡ ᠰᠢᠬᠦᠮᠵᠢᠯᠡᠨ ᠰᠤᠷᠭᠠᠨ᠎ᠠ  ᠃      ᠠᠷᠪᠠᠨ ᠳᠤᠯᠤᠳᠤᠭᠠᠷ ᠵᠤᠷᠪᠤᠰ   ᠦᠨᠳᠦᠷ  ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ  ᠶᠢᠨ ᠰᠤᠷᠭᠠᠭᠤᠯᠢ  ᠶᠢᠨ ᠬᠠᠷᠢᠶᠡᠯᠡᠯ  ᠤᠨ ᠬᠠᠮᠢᠶᠠᠷᠤᠯᠳᠠ  ᠶᠢᠨ ᠳᠤᠭᠳᠠᠭᠠᠯ  ᠢ ᠴᠢᠩᠭ᠎ᠠ ᠬᠡᠷᠡᠭᠵᠢᠭᠦᠯᠵᠤ  ᠂ ᠰᠤᠷᠭᠠᠭᠤᠯᠢ ᠎ ᠶᠢᠨ ᠳᠤᠭᠳᠠᠭᠠᠯ  ᠢ ᠵᠥᠷᠢᠴᠡᠨ ᠡᠯᠰᠡᠭᠰᠡᠨ ᠰᠤᠷᠤᠭᠴᠢ  ᠶᠢᠨ ᠰᠤᠷᠭᠠᠭᠤᠯᠢ  ᠶᠢᠨ ᠬᠠᠷᠢᠶᠠᠯᠠᠯ  ᠢ ᠳᠠᠩᠰᠠᠯᠠᠭᠤᠯᠬᠤ ᠥᠭᠡᠢ ᠮᠥᠷᠳᠡᠭᠡᠨ ᠰᠤᠷᠤᠯᠭ᠎ᠠ  ᠶᠢᠨ ᠳᠡᠳᠬᠦᠮᠵᠢ  ᠶᠢᠨ ᠲᠥᠷᠥ  ᠶᠢᠨ ᠪᠤᠳᠤᠯᠭ᠎ᠠ  ᠶᠢ ᠬᠥᠷᠳᠡᠬᠡᠬᠦ ᠥᠭᠡᠢ  ᠃ ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠡᠯ᠎ᠡ ᠵᠥᠢᠯ  ᠤᠨ ᠰᠥᠢᠳᠬᠡᠯ ᠬᠤᠷᠢᠶᠠᠬᠤ ᠪᠠᠷᠢᠮᠵᠢᠶ᠎ᠠ  ᠶᠢ ᠡᠷᠡᠰ ᠬᠡᠷᠡᠭᠵᠢᠭᠦᠯᠵᠤ  ᠂ ᠵᠥᠪᠰᠢᠶᠡᠷᠡᠬᠦᠯᠥᠭᠰᠡᠨ ᠥᠭᠡᠢ ᠪᠤᠯ  ᠂ ᠶᠠᠮᠠᠷᠪᠠ ᠭᠠᠵᠠᠷ ᠤᠷᠤᠨ ᠪᠤᠯᠤᠨ ᠰᠤᠷᠭᠠᠭᠤᠯᠢ ᠨᠢ ᠰᠥᠢᠳᠬᠡᠯ ᠬᠤᠷᠢᠶᠠᠬᠤ ᠪᠠᠷᠢᠮᠵᠢᠶ᠎ᠠ  ᠶᠢ ᠳᠤᠷ᠎ᠠ ᠪᠠᠷ  ᠢᠶᠠᠨ ᠳᠡᠭᠡᠭᠰᠢᠯᠡᠬᠦᠯᠵᠤ ᠪᠤᠯᠬᠤ ᠥᠭᠡᠢ᠃        ᠵᠢᠷᠭᠤᠳᠤᠭᠠᠷ ᠪᠥᠯᠥᠭ    ᠳᠠᠭᠠᠯᠳᠠ ᠳᠥᠷᠢᠮ      ᠠᠷᠪᠠᠨ ᠨᠠᠢᠮᠠᠳᠤᠭᠠᠷ ᠵᠤᠷᠪᠤᠰ   ᠳᠤᠰ ᠠᠷᠭ᠎ᠠ  ᠶᠢ ᠠᠶᠢᠮᠠᠭ  ᠤᠨ ᠰᠤᠷᠭᠠᠨ ᠬᠥᠮᠥᠵᠢᠯ  ᠤᠨ ᠳᠤᠪᠴᠢᠶ᠎ᠠ  ᠂ ᠡᠳ᠋  ᠤᠨ ᠵᠠᠰᠠᠭ  ᠤᠨ ᠳᠤᠪᠴᠢᠶ᠎ᠠ ᠬᠠᠷᠢᠭᠤᠴᠠᠨ ᠳᠠᠶᠢᠯᠪᠤᠷᠢᠯᠠᠨ᠎ᠠ  ᠃      ᠠᠷᠪᠠ ᠶᠢᠰᠥᠳᠥᠭᠡᠷ ᠵᠤᠷᠪᠤᠰ   ᠳᠤᠰ ᠠᠷᠭ᠎ᠠ  ᠶᠢ 2 0 1 1 ᠤᠨ ᠤ ᠬᠠᠪᠤᠷ  ᠤᠨ ᠰᠤᠷᠤᠯᠭ᠎ᠠ  ᠶᠢᠨ ᠬᠤᠭᠤᠴᠠᠭ᠎ᠠ ᠠᠴᠠ ᠡᠬᠢᠯᠡᠵᠤ ᠬᠡᠷᠡᠭᠵᠢᠭᠦᠯᠥᠨ᠎ᠠ  ᠂ ᠡᠬᠦᠨ  ᠳᠤ  ᠄  ᠡᠩ  ᠤᠨ  ᠦᠨᠳᠦᠷ ᠵᠡᠷᠬᠡ  ᠎ ᠶᠢᠨ ᠳᠤᠮᠳᠠᠳᠤ ᠰᠤᠷᠭᠠᠭᠤᠯᠢ ᠨᠢ 2 0 1 1 ᠤᠨ  ᠤ ᠨᠠᠮᠤᠷ  ᠤᠨ ᠰᠤᠷᠤᠯᠭ᠎ᠠ  ᠶᠢᠨ ᠬᠤᠭᠤᠴᠠᠭ᠎ᠠ ᠠᠴᠠ ᠡᠬᠢᠯᠡᠨ ᠬᠢᠴᠢᠶᠡᠯ  ᠤᠨ ᠪᠢᠴᠢᠭ  ᠤᠨ ᠰᠥᠢᠳᠬᠡᠯ  ᠢ ᠬᠡᠯᠳᠥᠷᠢᠭᠦᠯᠵᠤ  ᠂ ᠳᠤᠮᠳᠠ‌ᠵᠡᠷᠬᠡ  ᠶᠢᠨ ᠠᠵᠢᠯ ᠮᠡᠷᠬᠡᠵᠢᠯ  ᠤᠨ ᠰᠤᠷᠭᠠᠭᠤᠯᠢ ᠨᠢ 2 0 1 1 ᠤᠨ  ᠤ ᠬᠠᠪᠤᠷ  ᠤᠨ ᠰᠤᠷᠤᠯᠭ᠎ᠠ  ᠶᠢᠨ ᠬᠤᠭᠤᠴᠠᠭ᠎ᠠ ᠠᠴᠠ ᠡᠬᠢᠯᠠᠨ ᠬᠢᠴᠢᠶᠡᠯ  ᠤᠨ ᠳᠡᠪᠳᠡᠷ  ᠤᠨ ᠰᠥᠢᠳᠬᠡᠯ  ᠢ ᠬᠡᠯᠳᠥᠷᠢᠭᠦᠯᠤᠨ᠎ᠠ᠃︽ᠰᠢᠯᠢ  ᠶᠢᠨ ᠭᠤᠤᠯ ᠠᠶᠢᠮᠠᠭ  ᠤᠨ ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠱᠠᠳᠤᠨ  ᠤ ᠰᠤᠷᠭᠠᠨ ᠬᠥᠮᠥᠵᠢᠯ  ᠤᠨ ᠳᠡᠳᠬᠦᠮᠵᠢ  ᠶᠢᠨ ᠬᠠᠮᠢᠶᠠᠷᠤᠯᠳᠠ  ᠶᠢᠨ ᠠᠷᠭ᠎ᠠ︾( ᠰᠢᠯᠢ ᠵᠠᠬᠢᠷᠭ᠎ᠠ ᠳᠠᠷᠬᠠᠭᠠᠭᠰᠠᠨ    [ 2 0 0 9 ] 1 0 6 ᠳ᠋ᠤᠭᠠᠷ ᠳᠤᠭᠠᠳᠤ ) ᠎ ᠶᠢ ᠵᠡᠷᠬᠡ  ᠳᠤᠨᠢ ᠬᠥᠴᠥᠨ ᠥᠭᠡᠢ ᠪᠤᠯᠭᠠᠨ᠎ᠠ  ᠃      ᠬᠤᠷᠢᠳᠤᠭᠠᠷ ᠵᠤᠷᠪᠤᠰ  ︽ᠰᠢᠯᠢ  ᠶᠢᠨ  ᠭᠤᠤᠯ  ᠠᠶᠢᠮᠠᠭ  ᠤᠨ ᠮᠤᠩᠭᠤᠯ  ᠢᠶᠠᠷ ᠬᠢᠴᠢᠶᠡᠯᠯᠡᠵᠤ ᠪᠠᠶᠢᠭ᠎ᠠ  ᠰᠤᠷᠬᠤ  ᠨᠠᠰᠤᠨ  ᠎ ᠠᠴᠠ ᠡᠮᠤᠨᠡᠬᠢ  ᠰᠤᠷᠭᠠᠨ ᠬᠥᠮᠥᠵᠢᠯ  ᠂  ᠦᠨᠳᠦᠷ  ᠵᠡᠷᠬᠡ  ᠶᠢᠨ ᠳᠤᠮᠳᠠᠳᠤ ᠰᠤᠷᠭᠠᠭᠤᠯᠢ ᠎ ᠶᠢᠨ ᠱᠠᠳᠤᠨ  ᠳᠤ ᠰᠥᠢᠳᠬᠡᠯ ᠬᠤᠷᠢᠶᠠᠬᠤ ᠥᠭᠡᠢ ᠪᠠᠷ ᠰᠤᠷᠭᠠᠨ ᠬᠥᠮᠥᠵᠢᠯ ᠬᠥᠷᠳᠡᠭᠡᠬᠦ ᠬᠡᠷᠡᠭᠵᠢᠭᠦᠯᠥᠯᠳᠡ  ᠶᠢᠨ ᠠᠷᠭ᠎ᠠ︾( ᠰᠢᠯᠢ ᠵᠠᠬᠢᠷᠭ᠎ᠠ ᠠᠯᠪᠠᠨ ᠳᠠᠷᠬᠠᠭᠠᠭᠰᠠᠨ [ 2 0 1 0 ]  1 2 8 ᠳ᠋ᠤᠭᠠᠷ ᠳᠤᠭᠠᠳᠤ ) ᠎ ᠳᠤ ᠳᠤᠭᠳᠠᠭᠠᠭᠰᠠᠨ ᠮᠤᠩᠭᠤᠯ  ᠢᠶᠠᠷ ᠬᠢᠴᠢᠶᠡᠯᠯᠡᠵᠤ ᠪᠠᠶᠢᠭ᠎ᠠ ᠦᠨᠳᠦᠷ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠱᠠᠳᠤᠨ  ᠳᠤ ᠰᠥᠢᠳᠬᠡᠯ ᠬᠤᠷᠢᠶᠠᠬᠤ ᠥᠭᠡᠢ ᠪᠠᠷ ᠰᠤᠷᠭᠠᠨ ᠬᠥᠮᠥᠵᠢᠯ ᠬᠥᠷᠳᠡᠭᠡᠬᠦ  ᠶᠢ ᠪᠤᠯ ᠳᠤᠰ ᠠᠷᠭ᠎ᠠ ᠶᠤᠰᠤᠭᠠᠷ ᠬᠡᠷᠡᠭᠵᠢᠭᠦᠯᠥᠨ᠎ᠠ  ᠃                                ᠦᠨᠳᠦᠷ  ᠵᠡᠷᠭᠡ  ᠶᠢᠨ ᠳᠤᠮᠳᠠᠳᠤ ᠰᠤᠷᠭᠠᠭᠤᠯᠢ ︽ᠭᠤᠷᠪᠠ ᠶᠢ ᠬᠡᠯᠳᠥᠷᠢᠭᠦᠯᠬᠦ‍ ᠨᠢᠭᠡ  ᠎ ᠶᠢ ᠨᠥᠬᠦᠪᠤᠷᠢᠯᠡᠬᠦ︾ ᠲᠠᠯᠪᠤᠷᠢᠯᠠᠯ᠄       ᠨᠥᠬᠦᠴᠡᠯ ᠳᠤᠬᠢᠷᠠᠭᠰᠠᠨ ᠡᠩ  ᠤᠨ ᠦᠨᠳᠦᠷ ᠵᠡᠷᠭᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ ᠎ ᠶᠢᠨ ᠰᠤᠷᠤᠯᠭ᠎ᠠ  ᠶᠢᠨ ᠰᠥᠢᠳᠬᠡᠯ ᠢ ᠬᠡᠯᠳᠥᠷᠢᠬᠦᠯᠵᠤ  ᠂ ᠬᠢᠴᠢᠶᠡᠯ ᠤᠨ ᠳᠠᠪᠳᠠᠷ ᠢ ᠰᠥᠢᠳᠬᠡᠯ ᠬᠤᠷᠢᠶᠠᠬᠤ ᠥᠭᠡᠢ ᠎ ᠪᠠᠷ ᠬᠠᠩᠭᠠᠵᠤ  ᠂ ᠪᠠᠶᠢᠷᠢ  ᠳᠤ ᠰᠠᠭᠤᠵᠤ ᠪᠠᠶᠢᠭ᠎ᠠ ᠰᠤᠷᠤᠭᠴᠢ  ᠶᠢᠨ ᠪᠠᠶᠢᠷᠢ  ᠶᠢᠨ ᠰᠥᠢᠳᠬᠡᠯ  ᠢ ᠬᠡᠯᠳᠥᠷᠢᠭᠦᠯᠵᠤ  ᠂ ᠭᠡᠷ ᠪᠥᠯᠢ ᠶᠢᠨ ᠠᠵᠤ ᠠᠬᠤᠢ  ᠎ ᠨᠢ ᠤᠨᠴᠠ ᠬᠥᠴᠢᠷᠳᠡᠯᠳᠡᠢ ᠰᠤᠷᠤᠭᠴᠢ ᠪᠤᠯᠭᠠᠨ ᠳᠤ ᠵᠢᠯ ᠪᠥᠷᠢ 1 5 0 0 ᠳᠥᠭᠦᠷᠢᠭ  ᠤᠨ ᠠᠮᠢᠳᠤᠷᠠᠯ  ᠤᠨ ᠰᠥᠢᠳᠬᠡᠯ ᠨᠥᠬᠦᠪᠤᠷᠢᠯᠠᠨ᠎ᠠ ( ᠤᠯᠤᠰ  ᠤᠨ ᠰᠤᠷᠤᠯᠭ᠎ᠠ  ᠶᠢᠨ ᠳᠡᠳᠬᠦᠮᠵᠢ ᠵᠢᠨ‌ᠮᠥ᠋ᠩᠬᠦ )  ᠃         ᠨᠥᠬᠦᠴᠡᠯ  ᠳᠤ ᠳᠤᠬᠢᠷᠠᠭᠰᠠᠨ ᠳᠤᠮᠳᠠ ᠵᠡᠷᠬᠡ  ᠶᠢᠨ ᠠᠵᠢᠯ ᠮᠡᠷᠭᠡᠵᠢᠯ  ᠤᠨ ᠰᠤᠷᠤᠭᠴᠢ  ᠶᠢᠨ ᠰᠤᠷᠤᠯᠭ᠎ᠠ ᠎ ᠶᠢᠨ ᠰᠥᠢᠳᠬᠡᠯ ᠢ ᠬᠡᠯᠳᠥᠷᠢᠬᠦᠯᠵᠤ  ᠂ ᠬᠢᠴᠢᠶᠡᠯ  ᠤᠨ ᠳᠠᠪᠳᠠᠷ ᠢ ᠰᠥᠢᠳᠬᠡᠯ ᠬᠤᠷᠢᠶᠠᠬᠤ ᠥᠭᠡᠢ ᠪᠠᠷ ᠬᠠᠩᠭᠠᠵᠤ  ᠂ ᠪᠠᠶᠢᠷᠢ  ᠳᠤ ᠰᠠᠭᠤᠵᠤ ᠪᠠᠶᠢᠭ᠎ᠠ ᠰᠤᠷᠤᠭᠴᠢ  ᠶᠢᠨ ᠪᠠᠶᠢᠷᠢ  ᠶᠢᠨ ᠰᠥᠢᠳᠬᠡᠯ  ᠢ ᠬᠡᠯᠳᠥᠷᠢᠭᠦᠯᠵᠤ  ᠂  ᠦᠨᠳᠦᠷ ᠵᠡᠷᠬᠡ  ᠶᠢᠨ ᠨᠢᠭᠡ ᠬᠤᠶᠠᠳᠤᠭᠠᠷ ᠤᠨ ᠤ ᠰᠤᠷᠤᠭᠴᠢ ᠪᠤᠯᠭᠠᠨ ᠳᠤ ᠵᠢᠯ ᠪᠥᠷᠢ 1 5 0 0 ᠳᠥᠭᠦᠷᠢᠭ ᠤᠨ ᠠᠮᠢᠳᠤᠷᠠᠯ  ᠤᠨ ᠰᠥᠢᠳᠬᠡᠯ ᠨᠥᠬᠦᠪᠤᠷᠢᠯᠠᠨ᠎ᠠ  ᠃ ( ᠤᠯᠤᠰ  ᠤᠨ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ )︔  ᠦᠨᠳᠦᠷ ᠵᠡᠷᠬᠡ  ᠶᠢᠨ ᠭᠤᠷᠪᠠᠳᠤᠭᠠᠷ ᠤᠨ ᠤ ᠰᠢᠯᠢ  ᠶᠢᠨ ᠭᠤᠤᠯ ᠠᠶᠢᠮᠠᠭ ‍ᠤᠨ‌ᠡᠷᠥᠬᠡ ᠠᠮᠠ  ᠶᠢᠨ ᠳᠠᠩᠰᠠ ᠲᠠᠢ ᠰᠤᠷᠤᠭᠴᠢ ᠪᠤᠯᠭᠠᠨ ᠳᠤ ᠵᠢᠯ ᠪᠥᠷᠢ 1 0 0 0 ᠳᠥᠭᠦᠷᠢᠭ  ᠤᠨ ᠠᠮᠢᠳᠤᠷᠠᠯ  ᠤᠨ ᠰᠥᠢᠳᠬᠡᠯ ᠨᠥᠬᠦᠪᠤᠷᠢᠯᠡᠨ᠎ᠠ (ᠭᠠᠵᠠᠷ ᠤᠷᠤᠨ  ᠤ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ )  ᠃  
 
ᠢᠷᠡᠯᠲᠡ᠄ ᠠᠶᠢᠮᠠᠭ  ᠤᠨ ᠰᠤᠷᠭᠠᠨ ᠬᠦᠮᠤᠵᠢᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号