ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠶᠢᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2020/12/25
    ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠪᠤᠯ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠴᠢᠬᠤᠯᠠ ᠠᠭᠤᠯᠭ᠎ᠠ ᠪᠠᠶᠢᠵᠤ᠂ ᠮᠦᠨ ᠴᠦ ᠭᠠᠵᠠᠷ ᠤᠷᠤᠨ ᠤ ᠪᠦᠬᠦ ᠠᠷᠠᠳ ᠤᠨ ᠴᠢᠨᠠᠷ ᠴᠢᠨᠰᠠᠭ᠎ᠠ ᠶᠢ ᠨᠡᠶᠢᠳᠡᠮ ᠲᠡᠬᠡᠭᠰᠢᠯᠡᠬᠦᠯᠬᠦ ᠴᠢᠬᠤᠯᠠ ᠠᠵᠢᠯ ᠮᠦᠷᠳᠡᠬᠡᠨ ᠶᠠᠳᠠᠭᠤ ᠬᠦᠴᠢᠷᠳᠡᠯᠳᠠᠢ ᠪᠠᠶᠢᠳᠠᠯ ᠢ ᠦᠨᠳᠦᠰᠦᠨ ᠠᠴᠠ ᠨᠢ ᠬᠤᠪᠢᠷᠠᠭᠤᠯᠬᠤ ᠴᠢᠬᠤᠯᠠ ᠠᠷᠭ᠎ᠠ ᠬᠡᠯᠪᠡᠷᠢ ᠪᠤᠯᠤᠨ᠎ᠠ᠃     ᠶᠠᠳᠠᠭᠤ ᠬᠦᠴᠢᠷᠳᠡᠯᠳᠠᠢ ᠡᠷᠦᠬᠡ ᠶᠢᠨ ᠠᠮᠢᠳᠤᠷᠠᠯ ᠬᠦᠴᠢᠷᠳᠡᠯᠳᠠᠢ ᠪᠤᠯᠤᠭᠰᠠᠨ ᠰᠢᠯᠳᠠᠭᠠᠨ ᠳᠤ ᠰᠤᠶᠤᠯ ᠤᠨ ᠬᠢᠷᠢ ᠲᠦᠪᠰᠢᠨ ᠲᠤᠤᠷ᠎ᠠ᠂ ᠠᠵᠢᠯ ᠮᠡᠷᠬᠡᠵᠢᠯ ᠤᠨ ᠴᠢᠳᠠᠪᠤᠷᠢ ᠲᠤᠳᠠᠭᠳᠠᠬᠤ ᠵᠡᠷᠬᠡ ᠠᠰᠠᠭᠤᠳᠠᠯ ᠪᠠᠰᠠ ᠨᠡᠯᠢᠶᠡᠳ ᠬᠤᠪᠢ ᠶᠢᠨ ᠵᠢᠩ ᠢ ᠡᠵᠡᠯᠡᠵᠦ᠂ ᠶᠠᠳᠠᠭᠤ ᠠᠴᠠ ᠠᠩᠬᠢᠵᠢᠷᠠᠭᠤᠯᠬᠤ ᠳᠤ ᠬᠦᠴᠢᠷ ᠪᠠᠶᠢᠳᠠᠭ ᠤᠨ ᠨᠢᠭᠡᠨ ᠭᠤᠤᠯ ᠰᠢᠯᠳᠠᠭᠠᠨ ᠪᠤᠯᠤᠭᠰᠠᠨ ᠪᠠᠶᠢᠳᠠᠭ᠃ ᠤᠷᠳᠤ ᠬᠤᠭᠤᠴᠠᠭᠠᠨ ᠤ ᠲᠤᠷᠰᠢ᠂ ᠶᠠᠳᠠᠭᠤ ᠬᠦᠴᠢᠷᠳᠠᠯᠳᠠᠢ ᠭᠠᠵᠠᠷ ᠤᠷᠤᠨ ᠤ ᠠᠵᠤ ᠠᠬᠤᠢ ᠶᠢᠨ ᠬᠦᠭᠵᠢᠯᠳᠡ ᠤᠳᠠᠭᠠᠨ᠂ ᠡᠳ᠋ ᠤᠨ ᠵᠠᠰᠠᠭ ᠤᠨ ᠤᠷᠤᠯᠭ᠎ᠠ ᠲᠤᠤᠷ᠎ᠠ᠂ ᠰᠤᠷᠭᠠᠨ ᠬᠦᠮᠦᠵᠢᠯ ᠤᠨ ᠰᠠᠭᠤᠷᠢ ᠲᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠳᠤ ᠤᠷᠤᠭᠤᠯᠤᠭᠰᠠᠨ ᠪᠡᠯᠡ ᠮᠦᠡᠭᠬᠦ ᠬᠢᠵᠠᠭᠠᠷᠳᠠᠢ᠂ ᠪᠠᠭᠰᠢ ᠶᠢᠨ ᠡᠩᠨᠡᠬᠡᠨ ᠤ ᠪᠠᠶᠢᠭᠤᠯᠤᠯᠳᠠ ᠬᠦᠷᠦᠯᠴᠡᠬᠦ ᠦᠬᠡᠢ ᠵᠡᠷᠬᠡ ᠤᠯᠠᠨ ᠰᠢᠯᠳᠠᠭᠠᠨ ᠠᠴᠠ ᠪᠤᠯᠵᠤ᠂ ᠶᠠᠳᠠᠭᠤ ᠬᠦᠴᠢᠷᠳᠡᠯᠳᠠᠢ ᠭᠠᠵᠠᠷ ᠤᠷᠤᠨ ᠤ ᠰᠤᠷᠤᠭᠴᠢᠳ ᠰᠢᠯᠢᠳᠡᠭ ᠰᠤᠷᠭᠠᠨ ᠬᠦᠮᠦᠵᠢᠯ ᠢ ᠬᠦᠷᠳᠡᠵᠦ ᠴᠢᠳᠠᠬᠤ ᠦᠬᠡᠢ ᠪᠠᠶᠢᠵᠤ᠂ ᠡᠬᠦᠨ ᠤ ᠤᠯᠠᠮ ᠢᠶᠠᠷ ᠰᠤᠷᠭᠠᠭᠤᠯᠢ ᠪᠠᠨ ᠲᠡᠬᠦᠰᠦᠭᠰᠡᠨ ᠴᠦ ᠰᠤᠶᠤᠯ ᠤᠨ ᠬᠢᠷᠢ ᠲᠦᠪᠰᠢᠨ ᠲᠤᠤᠷ᠎ᠠ᠂ ᠨᠢᠬᠡ ᠪᠦᠯᠦᠭ ᠲᠤᠤᠷ᠎ᠠ ᠤᠷᠤᠯᠭ᠎ᠠ ᠲᠠᠢ ᠬᠦᠮᠦᠰ ᠪᠤᠯᠵᠤ᠂ ᠭᠠᠵᠠᠷ ᠤᠷᠤᠨ ᠤ ᠶᠠᠳᠠᠭᠤ ᠬᠦᠴᠢᠷᠳᠡᠯᠳᠠᠢ ᠪᠠᠶᠢᠳᠠᠯ ᠢ ᠬᠤᠪᠢᠷᠠᠭᠤᠯᠬᠤ ᠳᠤ ᠬᠦᠴᠢᠷ ᠪᠠᠶᠢᠳᠠᠭ᠃ ᠡᠶᠢᠨ ᠬᠦ ᠶᠠᠳᠠᠭᠤ ᠶᠢ ᠲᠡᠳᠬᠦᠬᠦ ᠠᠵᠢᠯ ᠤᠨ ᠲᠤᠮᠳᠠ ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠠᠵᠢᠯ ᠢ ᠴᠢᠬᠤᠯᠠ ᠪᠠᠶᠢᠷᠢᠨ ᠳᠤ ᠲᠠᠯᠪᠢᠵᠤ᠂ ᠶᠠᠳᠠᠭᠤ ᠬᠦᠴᠢᠷᠳᠡᠯᠳᠠᠢ ᠭᠠᠵᠠᠷ ᠤᠷᠤᠨ ᠤ ᠰᠤᠷᠤᠭᠴᠢᠳ ᠤᠨ ᠰᠤᠷᠤᠯᠭ᠎ᠠ ᠠᠮᠢᠳᠤᠷᠠᠯ ᠢ ᠬᠠᠯᠠᠮᠵᠢᠯᠠᠨ ᠲᠡᠳᠬᠦᠵᠦ᠂ ᠶᠠᠳᠠᠭᠤ ᠬᠦᠴᠢᠷᠳᠠᠯᠳᠠᠢ ᠭᠠᠵᠠᠷ ᠤᠷᠤᠨ ᠤ ᠰᠤᠷᠭᠠᠨ ᠬᠦᠮᠦᠵᠢᠯ ᠤᠨ ᠦᠢᠯᠡᠰ ᠢ ᠬᠦᠭᠵᠢᠬᠦᠯᠵᠦ᠂ ᠶᠠᠳᠠᠭᠤ ᠬᠦᠴᠢᠷᠳᠡᠯᠳᠠᠢ ᠬᠦᠮᠦᠨ ᠠᠮᠠ ᠶᠢᠨ ᠶᠡᠷᠦᠩᠬᠡᠶᠢᠯᠡᠭᠰᠡᠨ ᠴᠢᠨᠠᠷ ᠴᠢᠨᠰᠠᠭ᠎ᠠ ᠶᠢ  ᠲᠡᠬᠡᠭᠰᠢᠯᠡᠬᠦᠯᠬᠦ ᠨᠢ ᠭᠠᠵᠠᠷ ᠤᠷᠤᠨ ᠤ ᠶᠠᠳᠠᠭᠤ ᠬᠦᠴᠢᠷᠳᠠᠯᠳᠠᠢ ᠪᠠᠶᠢᠳᠠᠯ ᠢ ᠦᠨᠳᠦᠰᠦᠨ ᠠᠴᠠ ᠨᠢ ᠬᠤᠪᠢᠷᠠᠭᠤᠯᠬᠤ ᠶᠢᠨ ᠴᠢᠬᠤᠯᠠ ᠪᠦᠬᠦᠢ ᠠᠷᠭ᠎ᠠ ᠬᠡᠮᠵᠢᠶ᠎ᠡ ᠪᠤᠯᠤᠨ᠎ᠠ᠃     ᠮᠠᠨ ᠤ ᠠᠶᠢᠮᠠᠭ ᠤᠯᠠᠨ ᠵᠢᠯ ᠤᠨ ᠲᠤᠷᠰᠢ᠂ ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠠᠵᠢᠯ ᠢ ᠶᠠᠳᠠᠭᠤ ᠠᠴᠠ  ᠠᠩᠬᠢᠵᠢᠷᠠᠭᠤᠯᠬᠤ  ᠪᠤᠭᠤᠮᠳᠠ  ᠰᠢᠪᠳᠤᠯᠬᠤ  ᠲᠠᠶᠢᠯᠠᠯᠳᠤᠭᠠᠨ ᠤ ᠴᠢᠬᠤᠯᠠ ᠨᠢᠬᠡ ᠠᠭᠤᠯᠭ᠎ᠠ ᠪᠤᠯᠭᠠᠨ ᠠᠳᠬᠤᠵᠤ᠂ ᠰᠤᠷᠭᠠᠨ  ᠬᠦᠮᠦᠵᠢᠯ ᠤᠨ ᠦᠢᠯᠡᠰ ᠤᠨ ᠪᠡᠯᠡ ᠤᠷᠤᠭᠤᠯᠤᠯᠳᠠ ᠪᠠᠨ ᠲᠠᠰᠤᠷᠠᠯᠳᠠ ᠦᠬᠡᠢ ᠨᠡᠮᠡᠭᠳᠡᠬᠦᠯᠵᠦ᠂ ᠰᠠᠭᠤᠷᠢ ᠲᠦᠬᠦᠬᠡᠷᠦᠮᠵᠢ ᠪᠠᠨ ᠰᠢᠯᠢᠳᠡᠭᠵᠢᠬᠦᠯᠵᠦ᠂ ᠪᠠᠭᠰᠢ ᠎ ᠶᠢᠨ  ᠡᠩᠨᠡᠭᠡ ᠪᠠᠨ  ᠬᠦᠴᠦᠷᠬᠡᠭᠵᠢᠬᠦᠯᠵᠦ᠂ ᠵᠢᠭᠠᠨ ᠰᠤᠷᠭᠠᠯᠳᠠ ᠶᠢᠨ ᠴᠢᠨᠠᠷᠵᠢᠯ ᠢᠶᠠᠨ ᠲᠡᠬᠡᠭᠰᠢᠯᠡᠬᠦᠯᠦᠨ᠂ ᠰᠤᠷᠭᠠᠨ ᠬᠦᠮᠦᠵᠢᠯ ᠤᠨ ᠦᠢᠯᠡᠰ ᠤᠨ ᠬᠦᠭᠵᠢᠯᠳᠡ ᠶᠢ ᠠᠬᠢᠭᠤᠯᠤᠭᠰᠠᠭᠠᠷ ᠢᠷᠡᠪᠡ᠃ ᠮᠦᠨᠴᠦ ᠶᠠᠳᠠᠭᠤ ᠬᠦᠴᠢᠷᠳᠡᠯᠳᠠᠢ ᠡᠷᠦᠬᠡ ᠶᠢᠨ ᠰᠤᠷᠤᠭᠴᠢᠳ ᠢ ᠢᠯᠭᠠᠨ ᠲᠤᠭᠳᠠᠭᠠᠨ ᠳᠠᠩᠰᠠᠯᠠᠬᠤ ᠠᠵᠢᠯ ᠢ ᠰᠠᠶᠢᠳᠤᠷ ᠬᠢᠵᠦ᠂ ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠤᠷᠳᠤ ᠬᠤᠭᠤᠴᠠᠭᠠᠨ ᠤ ᠲᠤᠭᠳᠠᠴᠠ ᠶᠢ ᠪᠠᠶᠢᠭᠤᠯᠤᠨ ᠲᠡᠬᠦᠯᠳᠡᠷᠵᠢᠬᠦᠯᠵᠦ᠂ ᠪᠦᠬᠦ ᠠᠶᠢᠮᠠᠭ ᠤᠨ ᠠᠮᠢᠳᠤᠷᠠᠯ ᠬᠦᠴᠢᠷᠳᠡᠯᠳᠠᠢ ᠡᠷᠦᠬᠡ ᠶᠢᠨ ᠦᠷ᠎ᠡ ᠬᠡᠦᠬᠡᠳ ᠤᠨ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠱᠠᠳᠤᠨ ᠳᠤ ᠰᠤᠷᠭᠠᠭᠤᠯᠢ ᠠᠴᠠ ᠪᠠᠨ ᠲᠤᠷᠭᠤᠨ ᠵᠤᠭᠰᠤᠭᠰᠠᠨ ᠬᠦᠮᠦᠨ ᠦᠬᠡᠢ ᠪᠠᠶᠢᠬᠤ ᠶᠢ ᠪᠡᠶᠡᠯᠡᠬᠦᠯᠵᠦ᠂ ᠠᠮᠢᠳᠤᠷᠠᠯ ᠬᠦᠴᠢᠷᠳᠠᠯᠳᠠᠢ ᠡᠷᠦᠬᠡ ᠶᠢᠨ ᠰᠤᠷᠤᠭᠴᠢᠳ ᠲᠤ ᠰᠤᠷᠤᠯᠭ᠎ᠠ ᠶᠢᠨ ᠲᠡᠳᠬᠦᠮᠵᠢ ᠶᠢᠨ ᠬᠠᠷᠠᠭᠠᠯᠵᠠᠯ ᠬᠦᠷᠳᠡᠬᠡᠵᠦ᠂ ᠡᠯ᠎ᠡ ᠰᠤᠷᠭᠠᠭᠤᠯᠢ ᠶᠢᠨ ᠰᠤᠷᠭᠠᠭᠤᠯᠢ ᠡᠷᠬᠢᠯᠡᠬᠦ ᠨᠦᠬᠦᠴᠡᠯ ᠢ ᠪᠠᠷᠢᠮᠵᠢᠶᠠᠨ ᠳᠤ ᠬᠦᠷᠬᠡᠨ ᠰᠢᠯᠢᠳᠡᠭᠵᠢᠬᠦᠯᠵᠠᠢ᠃ ᠡᠬᠦᠨ ᠤ ᠬᠠᠮᠳᠤ᠂ ᠠᠵᠢᠯ ᠮᠡᠷᠬᠡᠵᠢᠯ ᠤᠨ ᠰᠤᠷᠭᠠᠨ ᠬᠦᠮᠦᠵᠢᠯ ᠢ ᠭᠤᠤᠯᠳᠠᠯᠭ᠎ᠠ ᠲᠠᠢ ᠠᠳᠬᠤᠵᠤ᠂ ᠶᠠᠳᠠᠭᠤ ᠬᠦᠴᠢᠷᠳᠡᠯᠳᠠᠢ ᠡᠷᠦᠬᠡ ᠶᠢᠨ ᠦᠷ᠎ᠡ ᠬᠡᠦᠬᠡᠳ ᠲᠤ ᠠᠵᠢᠯ ᠮᠡᠷᠬᠡᠵᠢᠯ ᠤᠨ ᠴᠢᠳᠠᠪᠤᠷᠢ ᠶᠢ ᠡᠵᠡᠮᠰᠢᠬᠦᠯᠬᠦ ᠪᠠᠷ ᠲᠠᠮᠵᠢᠨ ᠲᠡᠳᠡᠨᠡᠷ ᠤᠨ ᠠᠵᠢᠯ ᠤᠯᠭᠤᠯᠳᠠ ᠪᠠ ᠦᠢᠯᠡᠰ ᠪᠤᠰᠬᠠᠬᠤ ᠶᠢ ᠲᠡᠮᠵᠢᠨ ᠲᠡᠳᠬᠦᠵᠦ᠂ ᠬᠡᠷ ᠪᠦᠯᠢ ᠶᠢ ᠨᠢ ᠲᠠᠶᠢᠴᠢᠯᠠᠨ ᠶᠠᠳᠠᠭᠤ ᠠᠴᠠ ᠠᠩᠬᠢᠵᠢᠷᠠᠭᠤᠯᠤᠭᠰᠠᠨ ᠪᠠᠶᠢᠨ᠎ᠠ᠃     ᠶᠠᠳᠠᠭᠤ ᠶᠢ ᠲᠡᠳᠬᠦᠬᠦ ᠠᠵᠢᠯ ᠪᠤᠯ ᠤᠷᠳᠤ ᠬᠤᠭᠤᠴᠠᠭᠠᠨ ᠤ ᠠᠵᠢᠯ ᠮᠦᠨ᠃ ᠶᠠᠭ ᠡᠶᠢᠨ ᠬᠦ ᠤᠷᠳᠤ ᠬᠤᠭᠤᠴᠠᠭᠠᠨ ᠤ ᠲᠤᠷᠰᠢ ᠡᠯ᠎ᠠ ᠱᠠᠳᠤᠨ ᠤ ᠬᠢᠨ ᠬᠠᠮᠳᠤᠷᠠᠨ ᠬᠦᠳᠡᠯᠦᠯᠴᠡᠵᠦ᠂ ᠰᠡᠳᠬᠢᠯ ᠨᠢᠬᠡᠳᠦᠨ ᠴᠢᠷᠮᠠᠶᠢᠭᠰᠠᠨ ᠠᠴᠠ ᠶᠠᠳᠠᠭᠤ ᠶᠢ ᠲᠡᠳᠬᠦᠬᠦ ᠠᠵᠢᠯ ᠢᠯᠡᠳᠳᠡ ᠦᠷ᠎ᠡ ᠪᠦᠳᠦᠮᠵᠢ ᠤᠯᠤᠭᠰᠠᠨ ᠶᠤᠮ᠃ ᠤᠳᠤᠬᠠᠨ ᠳᠤ ᠮᠦᠨ ᠬᠦ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠢ ᠤᠭᠳᠤ ᠰᠤᠯᠠᠷᠠᠭᠤᠯᠤᠯ ᠦᠬᠡᠢ ᠠᠳᠬᠤᠵᠤ᠂ ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠠᠵᠢᠯ ᠢ ᠮᠦᠨ ᠬᠦ ᠬᠤᠶᠢᠰᠢᠳᠠ ᠶᠢᠨ ᠬᠤᠭᠤᠴᠠᠭᠠᠨ ᠤ ᠶᠠᠳᠠᠭᠤ ᠶᠢ ᠲᠡᠳᠬᠦᠬᠦ ᠠᠵᠢᠯ ᠤᠨ ᠭᠤᠤᠯᠳᠠᠯᠭ᠎ᠠ ᠪᠤᠯᠭᠠᠵᠤ᠂ ᠶᠠᠳᠠᠭᠤ ᠠᠴᠠ ᠠᠩᠬᠢᠵᠢᠷᠠᠭᠰᠠᠨ ᠦᠷ᠎ᠡ ᠪᠦᠳᠦᠬᠡᠯ ᠢ ᠪᠠᠳᠤᠳᠬᠠᠵᠤ᠂ ᠲᠠᠬᠢᠨ ᠶᠠᠳᠠᠭᠤᠷᠠᠬᠤ ᠠᠴᠠ ᠰᠡᠷᠬᠡᠶᠢᠯᠡᠨ᠂ ᠰᠤᠷᠭᠠᠨ ᠬᠦᠮᠦᠵᠢᠯ ᠤᠨ ᠬᠦᠭᠵᠢᠯᠳᠡ ᠪᠠᠷ ᠭᠠᠵᠠᠷ ᠤᠷᠤᠨ ᠤ ᠠᠵᠤ ᠠᠬᠤᠢ᠂ ᠨᠡᠶᠢᠬᠡᠮ ᠤᠨ ᠬᠦᠭᠵᠢᠯᠳᠡ ᠶᠢ ᠲᠠᠶᠢᠴᠢᠯᠠᠨ᠂ ᠬᠦᠮᠦᠨ ᠠᠮᠠ ᠶᠢᠨ ᠶᠡᠷᠦᠩᠬᠡᠶᠢᠯᠡᠭᠰᠡᠨ ᠴᠢᠨᠠᠷ ᠴᠢᠨᠰᠠᠭ᠎ᠠ ᠶᠢ  ᠦᠷᠬᠦᠯᠵᠢᠯᠡᠨ ᠲᠡᠬᠡᠭᠰᠢᠯᠡᠬᠦᠯᠦᠨ᠂ ᠶᠠᠳᠠᠭᠤ ᠬᠦᠴᠢᠷᠳᠡᠯᠳᠠᠢ ᠪᠠᠶᠢᠳᠠᠯ ᠢ ᠦᠨᠳᠦᠰᠦᠨ ᠠᠴᠠ ᠨᠢ ᠬᠤᠪᠢᠷᠠᠭᠤᠯᠪᠠᠯ ᠵᠤᠬᠢᠯᠳᠠᠢ ᠪᠢᠯᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号