ᠰᠢᠯᠢ ᠶᠢᠨ ᠭᠤᠤᠯ ᠠᠶᠢᠮᠠᠭ ᠤᠨ ᠠᠯᠪᠠᠨ ᠵᠢᠷᠤᠮ  ᠤᠨ ᠰᠤᠷᠭᠠᠨ ᠬᠥᠮᠥᠵᠢᠯ ᠤᠨ ᠱᠠᠳᠤᠨ ᠤ ᠳᠠᠳᠬᠦᠮᠵᠢ ᠎ ᠶᠢᠨ ᠬᠠᠮᠢᠶᠠᠷᠤᠯᠳᠠ ᠶᠢᠨ ᠠᠷᠭ᠋ ᠎ᠠ
ᠨᠡᠶᠢᠲᠡᠯᠡᠭᠰᠡᠨ ᠴᠠᠭ᠄
2016/7/25
     ᠨᠢᠭᠡᠳᠤᠭᠡᠷ ᠵᠤᠷᠪᠤᠰ   ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠵᠠᠷᠤᠳᠠᠯ  ᠢ ᠪᠠᠳᠤᠯᠠᠬᠤ ᠳᠤᠭᠳᠠᠴᠠ ᠎ ᠶᠢ ᠤᠯᠠᠮ ᠳᠡᠭᠦᠯᠳᠡᠷᠵᠢᠭᠦᠯᠬᠦ ᠶᠢᠨ ᠳᠤᠰᠠᠳᠠ  ᠂ ᠤᠳᠤ  ᠶᠢᠨ ᠬᠡᠷᠡᠭᠵᠢᠭᠦᠯᠵᠤ ᠪᠠᠶᠢᠭ᠎ᠠ ᠤᠯᠤᠰ᠂ ᠥᠪᠡᠷᠳᠡᠭᠡᠨ ᠵᠠᠰᠠᠬᠤ ᠤᠷᠤᠨ ᠤ ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠰᠤᠯᠠ ᠰᠥᠢᠳᠬᠡᠯ  ᠂ ᠬᠢᠴᠢᠶᠠᠯ  ᠤᠨ ᠳᠡᠪᠳᠡᠷ ‍ᠤᠨ‌‍ᠰᠥ᠋ᠢᠳᠬᠡᠯ  ᠂ ᠪᠠᠶᠢᠷᠢ  ᠶᠢᠨ ᠰᠥᠢᠳᠬᠡᠯ ᠵᠡᠷᠬᠡ  ᠶᠢ ᠬᠡᠯᠳᠥᠷᠢᠭᠦᠯᠬᠦ ᠵᠢᠴᠢ ᠭᠡᠷ ᠪᠥᠯᠢ ᠶᠢᠨ ᠠᠵᠤ ᠠᠬᠤᠢ ᠨᠢ ᠬᠥᠴᠢᠷᠳᠡᠯᠳᠡᠢ ᠪᠠᠶᠢᠷᠢ  ᠳᠤ ᠰᠠᠭᠤᠭ᠎ᠠ ᠰᠤᠷᠤᠭᠴᠢ  ᠶᠢᠨ ᠠᠮᠢᠳᠤᠷᠠᠯ  ᠤᠨ ᠰᠥᠢᠳᠬᠡᠯ  ᠤᠨ ᠨᠥᠬᠦᠪᠤᠷᠢ  ᠶᠢ  ᠤᠯᠭᠤᠭᠰᠠᠨ  ᠰᠠᠭᠤᠷᠢᠨ  ᠳᠡᠭᠡᠷ᠎ᠡ  ᠂ ᠮᠠᠨ  ᠤ ᠠᠶᠢᠮᠠᠭ 2 0 1 1 ᠤᠨ ᠠᠴᠠ ᠡᠬᠢᠯᠠᠵᠤ ᠰᠤᠷᠤᠭᠴᠢ  ᠶᠢᠨ ᠳᠠᠰᠬᠠᠯ  ᠤᠨ ᠳᠡᠪᠳᠡᠷ  ᠤᠨ ᠰᠥᠢᠳᠬᠡᠯ  ᠢ ᠬᠡᠯᠳᠥᠷᠢᠬᠦᠯᠬᠦ  ᠶᠢᠨ ᠬᠠᠮᠳᠤ ᠭᠡᠷ ᠪᠥᠯᠢ ᠶᠢᠨ ᠠᠵᠤ ᠠᠬᠤᠢ ᠨᠢ ᠤᠨᠴᠠ ᠬᠥᠴᠢᠷᠳᠡᠯᠳᠡᠢ ᠰᠤᠷᠤᠭᠴᠢ  ᠶᠢᠨ ᠰᠤᠷᠤᠯᠭ᠎ᠠ  ᠶᠢᠨ ᠬᠡᠷᠡᠭᠰᠡᠯ  ᠤᠨ ᠰᠥᠢᠳᠬᠡᠯ ᠢ ᠬᠡᠯᠳᠥᠷᠢᠭᠦᠯᠵᠤ  ᠂ ᠤᠨᠴᠠᠭᠠᠢ ᠰᠤᠷᠭᠠᠨ ᠬᠥᠮᠥᠵᠢᠯ  ᠤᠨ ᠪᠠᠶᠢᠷᠢ  ᠳᠤ ᠰᠠᠭᠤᠭ᠎ᠠ ᠰᠤᠷᠤᠭᠴᠢ  ᠶᠢᠨ ᠠᠮᠢᠳᠤᠷᠠᠯ  ᠤᠨ ᠰᠥᠢᠳᠬᠡᠯ  ᠢ ᠨᠡᠮᠡᠭᠳᠡᠭᠦᠯᠵᠤ  ᠂ ᠠᠯᠪᠠᠨ ᠵᠢᠷᠤᠮ  ᠤᠨ ᠰᠤᠷᠭᠠᠨ ᠬᠥᠮᠥᠵᠢᠯ ᠲᠤ︽ᠳᠥᠷᠪᠡ  ᠶᠢ ᠬᠡᠯᠳᠥᠷᠢᠭᠦᠯᠬᠦ ᠬᠤᠶᠠᠷ  ᠢ ᠨᠥᠬᠦᠪᠤᠷᠢᠯᠡᠬᠦ︾᠎ ᠶᠢ ᠪᠡᠶᠡᠯᠡᠬᠦᠯᠥᠨ᠎ᠠ  ᠃        ᠬᠤᠶᠠᠳᠤᠭᠠᠷ ᠵᠤᠷᠪᠤᠰ   ᠠᠶᠢᠮᠠᠭ  ᠤᠨ ᠳᠤᠳᠤᠷᠠᠬᠢ ᠠᠯᠪᠠᠨ ᠵᠢᠷᠤᠮ  ᠤᠨ  ᠰᠤᠷᠭᠠᠨ  ᠬᠥᠮᠥᠵᠢᠯ ᠬᠥᠷᠳᠡᠵᠤ  ᠪᠠᠶᠢᠭ᠎ᠠ  ᠪᠥᠬᠦ  ᠰᠤᠷᠤᠭᠴᠢᠳ  ᠂ ᠰᠤᠷᠤᠯᠭ᠎ᠠ  ᠶᠢᠨ ᠳᠠᠳᠬᠦᠮᠵᠢ  ᠶᠢᠨ ᠳᠥᠷᠥ  ᠶᠢᠨ ᠪᠤᠳᠤᠯᠭ᠎ᠠ  ᠶᠢ ᠬᠥᠷᠳᠡᠨ᠎ᠡ  ᠃      ᠭᠤᠷᠪᠡᠳᠤᠭᠠᠷ ᠵᠤᠷᠪᠤᠰ   ᠳᠠᠰᠬᠠᠯ  ᠤᠨ ᠳᠡᠪᠳᠡᠷ  ᠤᠨ ᠰᠥᠢᠳᠬᠡᠯ  ᠬᠡᠯᠳᠥᠷᠢᠬᠦᠯᠬᠦ  ᠪᠠᠷᠢᠮᠵᠢᠶ᠎ᠠ  ᠎ ᠨᠢ  ᠰᠤᠷᠤᠭᠴᠢ  ᠪᠥᠷᠢ ᠵᠢᠯ ᠲᠤ  4 0 ᠳᠥᠭᠦᠷᠢᠭ  ᠃      ᠳᠥᠷᠪᠡᠳᠥᠭᠡᠷ ᠵᠤᠷᠪᠤᠰ   ᠬᠡᠷ  ᠪᠥᠯᠢ  ᠎ ᠶᠢᠨ ᠠᠵᠤ ᠠᠬᠤᠢ ᠨᠢ ᠤᠨᠴᠠ ᠬᠥᠴᠢᠷᠳᠡᠯᠳᠡᠢ ᠰᠤᠷᠤᠭᠴᠢ  ᠶᠢᠨ ᠰᠤᠷᠤᠯᠭ᠎ᠠ  ᠶᠢᠨ ᠬᠡᠷᠡᠭᠰᠡᠯ  ᠤᠨ ᠨᠥᠬᠦᠪᠤᠷᠢ  ᠶᠢᠨ ᠪᠠᠷᠢᠮᠵᠢᠶ  ᠎ ᠨᠢ  ᠪᠠᠭ᠎ᠠ  ᠰᠤᠷᠭᠠᠭᠤᠯᠢ  ᠶᠢᠨ ᠰᠤᠷᠤᠭᠴᠢ ᠪᠥᠷᠢ ᠵᠢᠯ  ᠲᠤ 1 5 0 ᠳᠥᠭᠦᠷᠢᠭ  ︔ ᠠᠩᠬ᠎ᠠ ᠵᠡᠷᠬᠡ  ᠶᠢᠨ ᠳᠤᠮᠳᠠᠳᠤ ᠰᠤᠷᠭᠠᠭᠤᠯᠢ  ᠶᠢᠨ ᠰᠤᠷᠤᠭᠴᠢ ᠪᠥᠷᠢ ᠵᠢᠯ ᠎ ᠲᠤ 2 0 0 ᠳᠥᠭᠦᠷᠢᠭ  ᠃ ᠭᠡᠷ ᠪᠥᠯᠢ ᠶᠢᠨ ᠠᠵᠤ ᠠᠬᠤᠢ ᠨᠢ ᠤᠨᠴᠠ ᠬᠥᠴᠢᠷᠳᠡᠯᠳᠡᠢ ᠰᠤᠷᠤᠭᠴᠢ  ᠶᠢᠨ ᠬᠠᠷᠢᠴᠠᠯ  ᠢ ᠪᠤᠯ ᠵᠠᠷᠴᠢᠮ ᠳᠡᠭᠡᠷ᠎ᠡ ᠪᠠᠨ ᠳᠤᠬᠠᠢ  ᠶᠢᠨ ᠭᠠᠵᠠᠷ  ᠤᠨ ᠠᠯᠪᠠᠨ ᠵᠢᠷᠤᠮ  ᠤᠨ ᠰᠤᠷᠭᠠᠨ ᠬᠥᠮᠥᠵᠢᠯ ᠬᠥᠷᠳᠡᠵᠤ ᠪᠠᠶᠢᠭ᠎ᠠ ᠰᠤᠷᠤᠭᠴᠢ  ᠶᠢᠨ ᠶᠡᠷᠥᠩᠬᠡᠢ ᠳᠤᠭᠠᠨ  ᠤ 1 5 %᠎ ᠠᠴᠠ ᠬᠡᠳᠥᠷᠢᠭᠦᠯᠵᠤ ᠪᠤᠯᠬᠤ ᠥᠭᠡᠢ  ᠃      ᠳᠠᠪᠤᠳᠤᠭᠠᠷ ᠵᠤᠷᠪᠤᠰ    ᠤᠨᠴᠭᠠᠢ ᠰᠤᠷᠭᠠᠨ ᠬᠥᠮᠥᠵᠢᠯ  ᠤᠨ ᠰᠤᠷᠭᠠᠭᠤᠯᠢ  ᠳᠤ ᠰᠤᠷᠤᠯᠴᠠᠵᠤ ᠪᠠᠶᠢᠭ᠎ᠠ ᠪᠠ ᠳᠤᠮᠳᠠᠳᠤ  ᠪᠠᠭ᠎ᠠ ᠰᠤᠷᠭᠠᠭᠤᠯᠢ  ᠳᠤ  ᠰᠤᠷᠤᠯᠴᠠᠵᠤ  ᠪᠠᠶᠢᠭ᠎ᠠ ᠭᠤᠷᠪᠡᠨ ᠲᠥᠷᠥᠯ  ᠤᠨ ᠵᠡᠮᠳᠡᠭ ( ᠬᠠᠷᠠᠭ᠎ᠠ  ᠂ ᠰᠤᠨᠤᠷ ᠥᠬᠡ ᠶᠠᠷᠢᠶ᠎ᠠ  ᠂ ᠤᠶᠤᠨ ) ᠪᠠᠶᠢᠷᠢ  ᠳᠤ ᠰᠠᠭᠤᠭ᠎ᠠ ᠰᠤᠷᠤᠭᠴᠢ  ᠶᠢᠨ ᠠᠮᠢᠳᠤᠷᠠᠯ  ᠤᠨ ᠨᠥᠬᠦᠪᠤᠷᠢ  ᠶᠢ ᠨᠡᠮᠡᠭᠳᠡᠭᠦᠯᠥᠬᠡᠳ ᠰᠤᠷᠤᠭᠴᠢ ᠪᠤᠯᠭᠠᠨ ᠵᠢᠯ  ᠎ ᠲᠤ 3 0 0 0 ᠳᠥᠭᠦᠷᠢᠭ ᠪᠤᠯᠭᠠᠨ᠎ᠠ  ᠃      ᠵᠢᠷᠭᠤᠳᠤᠭᠠᠷ ᠵᠤᠷᠪᠤᠰ   ᠬᠡᠯᠳᠥᠷᠢᠬᠦᠯᠬᠦ  ᠳᠠᠰᠬᠠᠯ  ᠤᠨ ᠳᠡᠪᠳᠡᠷ  ᠤᠨ ᠰᠥᠢᠳᠬᠡᠯ  ᠂ ᠬᠡᠷ ᠪᠥᠯᠢ ᠶᠢᠨ ᠠᠵᠤ ᠠᠬᠤᠢ ᠨᠢ ᠤᠨᠴᠠ ᠬᠥᠴᠢᠷᠳᠡᠯᠳᠡᠢ ᠰᠤᠷᠤᠭᠴᠢ  ᠶᠢᠨ ᠰᠤᠷᠤᠯᠭ᠎ᠠ  ᠶᠢᠨ ᠬᠡᠷᠡᠭᠰᠡᠯ  ᠤᠨ ᠰᠥᠢᠳᠬᠡᠯ  ᠢ ᠪᠤᠯ  ᠂ ᠵᠠᠬᠢᠷᠭ᠎ᠠ ᠪᠤᠯᠤᠨ ᠰᠤᠷᠤᠭᠴᠢ  ᠶᠢᠨ ᠰᠤᠷᠤᠯᠴᠠᠵᠤ ᠪᠠᠶᠢᠭ᠎ᠠ ᠳᠤᠬᠠᠢ ᠶᠢᠨ ᠭᠠᠵᠠᠷ ᠤᠨ ᠬᠤᠰᠢᠭᠤ ᠰᠢᠶᠡᠨ ᠬᠤᠳᠠ ( ᠤᠷᠤᠨ ) ᠎ ᠶᠢᠨ ᠠᠷᠠᠳ  ᠤᠨ ᠵᠠᠰᠠᠭ  ᠤᠨ ᠤᠷᠳᠤᠨ ( ᠬᠠᠮᠢᠶᠠᠷᠤᠯᠳᠠ  ᠶᠢᠨ ᠵᠥᠪᠯᠡᠯ ) 4  ᠄ 6 ᠎ ᠶᠢᠨ ᠬᠠᠷᠢᠴᠠᠯ ᠎ ᠢᠶᠠᠷ ᠡᠭᠦᠷᠬᠡᠯᠡᠨ᠎ᠠ  ᠃ ᠤᠨᠴᠠᠭᠠᠢ ᠰᠤᠷᠭᠠᠨ ᠬᠥᠮᠥᠵᠢᠯ  ᠤᠨ ᠰᠤᠷᠭᠠᠭᠤᠯᠢ  ᠶᠢᠨ ᠪᠠᠶᠢᠷᠢ ᠳᠤ ᠰᠠᠭᠤᠵᠤ  ᠪᠠᠶᠢᠭ᠎ᠠ ᠰᠤᠷᠤᠭᠴᠢ  ᠶᠢᠨ ᠠᠮᠢᠳᠤᠷᠠᠯ  ᠤᠨ ᠨᠥᠬᠦᠪᠤᠷᠢ  ᠶᠢ ᠵᠠᠬᠢᠷᠭ᠎ᠠ ᠪᠤᠯᠤᠨ ᠰᠤᠷᠤᠭᠴᠢ  ᠶᠢᠨ ᠰᠤᠷᠤᠯᠴᠠᠵᠤ ᠪᠠᠶᠢᠭ᠎ᠠ ᠳᠤᠬᠠᠢ  ᠶᠢᠨ ᠭᠠᠵᠠᠷ ‍ᠤᠨ‌ᠬᠤᠰᠢᠭᠤ ᠰᠢᠶᠡᠨ ᠬᠤᠳᠠ ( ᠤᠷᠤᠨ ) ᠎ ᠶᠢᠨ ᠠᠷᠠᠳ  ᠤᠨ ᠵᠠᠰᠠᠭ  ᠤᠨ ᠤᠷᠳᠤᠨ ( ᠬᠠᠮᠢᠶᠠᠷᠤᠯᠳᠠ  ᠶᠢᠨ ᠵᠥᠪᠯᠡᠯ ) 6  ᠄ 4 ᠎ ᠶᠢᠨ ᠬᠠᠷᠢᠴᠠᠯ  ᠢᠶᠠᠷ ᠡᠭᠦᠷᠭᠡᠯᠡᠨ᠎ᠠ  ᠃ ᠬᠡᠷᠡᠭᠰᠡᠬᠦ ᠠᠯᠢᠪᠠ ᠪᠡᠯᠡ ᠮᠥᠩᠬᠦ ᠎ ᠶᠢ ᠵᠢᠯ  ᠤᠨ ᠡᠬᠢᠨ  ᠳᠤ ᠳᠤᠰ ᠱᠠᠳᠤᠨ  ᠤ ᠡᠳ᠋  ᠤᠨ ᠵᠠᠰᠠᠭ  ᠤᠨ ᠳᠥᠰᠥᠪ ᠲᠤ ᠤᠷᠤᠭᠤᠯᠤᠨ᠎ᠠ  ᠃        ᠳᠤᠯᠤᠳᠤᠭᠠᠷ ᠵᠤᠷᠪᠤᠰ   ᠠᠯᠪᠠᠨ ᠵᠢᠷᠤᠮ ᠤᠨ ᠰᠤᠷᠭᠠᠨ ᠬᠥᠮᠥᠵᠢᠯ  ᠤᠨ ᠱᠠᠳᠤᠨ  ᠤ ᠳᠡᠳᠬᠦᠮᠵᠢ  ᠶᠢᠨ ᠮᠥᠩᠬᠦ  ᠶᠢ ᠪᠤᠯ ᠰᠤᠷᠤᠯᠭ᠎ᠠ  ᠶᠢᠨ ᠵᠢᠯ ᠪᠥᠷᠢ ᠨᠢᠬᠡ ᠤᠳᠠᠭ᠎ᠠ ᠡᠷᠡᠮᠡᠯᠵᠡᠯᠡᠨ ᠮᠡᠳᠡᠭᠦᠯᠵᠤ᠂ ᠰᠤᠷᠤᠯᠭ᠎ᠠ  ᠶᠢᠨ ᠬᠤᠭᠤᠴᠠᠭ᠎ᠠ ᠪᠠᠷ ᠥᠭᠬᠦᠨ᠎ᠠ  ᠃ ᠡᠯ᠎ᠡ ᠲᠥᠷᠥᠯ  ᠤᠨ ᠳᠡᠳᠬᠦᠮᠵᠢ  ᠶᠢᠨ ᠮᠥᠩᠬᠦ  ᠶᠢᠨ ᠪᠠᠷᠢᠮᠵᠢᠶ᠎ᠠ ᠨᠢ ᠵᠥᠪᠬᠡᠨ ᠬᠠᠮᠤᠭ ᠳᠤᠤᠷ᠎ᠠ ᠬᠡᠮᠵᠢᠶ᠎ᠠ  ᠶᠢ ᠵ‍‌ᠵᠢᠭᠠᠵᠤ ᠪᠠᠶᠢᠳᠠᠭ ᠠᠴᠠ  ᠂ ᠡᠯ᠎ᠡ ᠬᠤᠰᠢᠭᠤ ᠰᠢᠶᠡᠨ ᠬᠤᠳᠠ ( ᠤᠷᠤᠨ ) ᠭᠠᠵᠠᠷ ᠤᠷᠤᠨ  ᠤ ᠡᠳ᠋  ᠤᠨ ᠬᠥᠴᠥᠨ  ᠤ ᠪᠠᠶᠢᠳᠠᠯ  ᠢᠶᠠᠨ ᠥᠨᠳᠥᠰᠥᠯᠡᠵᠤ  ᠂ ᠨᠥᠬᠦᠪᠤᠷᠢ  ᠶᠢᠨ ᠪᠠᠷᠢᠮᠵᠢᠶ᠎ᠠ  ᠶᠢ ᠳᠡᠭᠡᠭᠰᠢᠯᠡᠭᠦᠯᠵᠤ ᠪᠤᠯᠤᠨ᠎ᠠ  ᠃        ᠨᠠᠢᠮᠠᠳᠤᠭᠠᠷ ᠵᠤᠷᠪᠤᠰ   ᠡᠯ᠎ᠡ ᠬᠤᠰᠢᠭᠤ ᠰᠢᠶᠡᠨ ᠬᠤᠳᠠ ( ᠤᠷᠤᠨ ) ᠎ ᠶᠢᠨ ᠰᠤᠷᠭᠠᠨ ᠬᠥᠮᠥᠵᠢᠯ  ᠤᠨ ᠳᠤᠪᠴᠢᠶ᠎ᠠ ᠨᠢ ᠢᠯᠡ ᠳᠤᠳᠤ  ᠂ ᠡᠷᠬᠡ ᠳᠡᠭᠰᠢ  ᠂ ᠳᠥᠪ ᠭᠤᠤᠯᠴᠢ ᠪᠠᠶᠢᠬᠤ ᠵᠠᠷᠴᠢᠮ ᠶᠤᠰᠤᠭᠠᠷ᠂ ᠳᠤᠬᠠᠢ  ᠶᠢᠨ ᠭᠠᠵᠠᠷ  ᠤᠨ ᠬᠡᠷ ᠪᠥᠯᠢ ᠶᠢᠨ ᠠᠵᠤ ᠠᠬᠤᠢ ᠨᠢ ᠤᠨᠴᠠ ᠬᠥᠴᠢᠷᠳᠡᠯᠳᠡᠢ ᠰᠤᠷᠤᠭᠴᠢ  ᠶᠢ ᠨᠤᠳᠠᠯᠠᠨ ᠳᠤᠭᠳᠠᠭᠠᠬᠤ ᠠᠵᠢᠯ  ᠢ ᠨᠢᠭᠡᠳᠥᠯᠳᠡᠢ ᠵᠤᠬᠢᠶᠠᠨ ᠪᠠᠶᠢᠭᠤᠯᠬᠤ  ᠶᠢᠨ ᠬᠠᠮᠳᠤ ᠳᠤᠬᠠᠢ  ᠶᠢᠨ ᠭᠠᠵᠠᠷ  ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠨᠢ 1 0 ᠳ᠋ᠤᠭᠠᠷ ᠰᠠᠷ᠎ᠠ  ᠶᠢᠨ 1 ᠎ ᠤ ᠡᠳᠤᠷ ᠠᠴᠠ ᠡᠮᠤᠨ᠎ᠠ ᠠᠶᠢᠮᠠᠭ ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠲᠤ ᠮᠡᠳᠡᠭᠦᠯᠥᠨ᠎ᠠ  ᠃        ᠶᠢᠰᠥᠳᠥᠭᠡᠷ ᠵᠤᠷᠪᠤᠰ   ᠠᠶᠢᠮᠠᠭ  ᠤᠨ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ  ᠶᠢᠨ ᠳᠥᠪ ᠨᠢ ᠨᠤᠳᠠᠯᠠᠨ ᠳᠤᠭᠳᠠᠭᠠᠭᠰᠠᠨ ᠰᠤᠷᠤᠭᠴᠢ  ᠶᠢᠨ ᠳᠤᠭ᠎ᠠ  ᠶᠢ ᠥᠨᠳᠥᠰᠥᠯᠠᠵᠤ  ᠂ ᠬᠤᠰᠢᠭᠤ ᠰᠢᠶᠡᠨ ᠬᠤᠳᠠ ( ᠤᠷᠤᠨ ) ᠪᠤᠯᠤᠨ ᠰᠤᠷᠭᠠᠭᠤᠯᠢ ᠪᠠᠷ ᠨᠢ ᠬᠤᠪᠢᠶᠠᠨ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢᠨ ᠶᠡᠷᠥᠩᠬᠡᠢ ᠳᠤᠭ᠎ᠠ ᠎ ᠶᠢ ᠪᠤᠳᠤᠬᠤ  ᠶᠢᠨ ᠬᠠᠮᠳᠤ  ᠂ ᠠᠶᠢᠮᠠᠭ  ᠤᠨ ᠡᠳ᠋  ᠤᠨ ᠵᠠᠰᠠᠭ ᠤᠨ ᠳᠤᠪᠴᠢᠶᠠᠨ  ᠳᠤ ᠴᠠᠭ ᠳᠠᠷᠤᠢ  ᠳᠤᠨᠢ ᠮᠡᠳᠡᠭᠦᠯᠥᠨ᠎ᠠ  ᠃ ᠠᠶᠢᠮᠠᠭ ‍ᠤᠨ‌ᠡᠳ᠋  ᠤᠨ ᠵᠠᠰᠠᠭ  ᠤᠨ ᠳᠤᠪᠴᠢᠶ᠎ᠠ ᠬᠠᠷᠭᠤᠭᠤᠯᠤᠨ ᠨᠤᠳᠠᠯᠠᠭᠰᠠᠨ  ᠤ ᠳᠠᠷᠠᠭ᠎ᠠ  ᠂ 1 0 ᠳ᠋ᠤᠭᠠᠷ ᠰᠠᠷ᠎ᠠ  ᠶᠢᠨ 2 0 ᠎ ᠤ ᠡᠳᠤᠷ ᠠᠴᠠ ᠡᠮᠤᠨ᠎ᠠ ᠨᠠᠮᠤᠷ  ᠤᠨ ᠰᠤᠷᠤᠯᠭ᠎ᠠ  ᠶᠢᠨ ᠬᠤᠭᠤᠴᠠᠭᠠᠨ  ᠤ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢ ᠬᠤᠰᠢᠭᠤ ᠰᠢᠶᠡᠨ ᠬᠤᠳᠠ ( ᠤᠷᠤᠨ ) ᠎ ᠶᠢᠨ ᠡᠳ᠋  ᠤᠨ ᠵᠠᠰᠠᠭ ᠎ ᠤᠨ ᠳᠤᠪᠴᠢᠶᠠᠨ  ᠳᠤ ᠪᠠᠭᠤᠯᠭᠠᠨ ᠥᠭᠴᠥ᠂ ᠡᠯ᠎ᠡ ᠭᠠᠵᠠᠷ ᠤᠷᠤᠨ  ᠤ ᠡᠳ᠋ ᠤᠨ ᠵᠠᠰᠠᠭ ᠤᠨ ᠳᠤᠪᠴᠢᠶ᠎ᠠ ᠨᠢ ᠡᠭᠦᠷᠬᠡᠯᠡᠬᠦ ᠴᠢᠬᠤᠯᠡ ᠲᠠᠢ ᠳᠡᠳᠬᠦᠮᠵᠢ  ᠶᠢᠨ ᠮᠥᠩᠬᠦ  ᠶᠢ ᠴᠠᠭ ᠳᠤᠬᠠᠢ  ᠳᠤᠨᠢ ᠴᠤᠭᠯᠠᠭᠤᠯᠤᠭᠠᠳ  ᠂  1 0 ᠳ᠋ᠤᠭᠠᠷ ᠰᠠᠷ᠎ᠡ  ᠶᠢᠨ 3 0 ᠎ ᠤ ᠡᠳᠤᠷ ᠠᠴᠠ ᠡᠮᠤᠨ᠎ᠠ ᠰᠤᠷᠤᠯᠴᠠᠵᠤ ᠪᠠᠶᠢᠭ᠎ᠠ ᠰᠤᠷᠭᠠᠭᠤᠯᠢ  ᠳᠤᠨᠢ ᠪᠠᠭᠤᠯᠭᠠᠨ ᠥᠭᠬᠦᠨ᠎ᠠ  ᠃ ᠬᠠᠪᠤᠷ  ᠤᠨ ᠰᠤᠷᠤᠯᠭ᠎ᠠ  ᠶᠢᠨ ᠬᠤᠭᠤᠴᠠᠭᠠᠨ  ᠤ ᠳᠡᠳᠬᠦᠮᠵᠢ  ᠶᠢᠨ ᠮᠥᠩᠬᠦ  ᠶᠢ 4 ᠳ᠋ᠤᠭᠡᠷ ᠰᠠᠷ᠎ᠠ ᠎ ᠶᠢᠨ 1 ᠎ ᠤ ᠡᠳᠤᠷ ᠠᠴᠠ ᠡᠮᠤᠨ᠎ᠠ ᠥᠭᠬᠦᠭᠰᠡᠨ ᠪᠠᠶᠢᠬᠤ ᠬᠡᠷᠡᠭᠳᠡᠢ  ᠃        ᠠᠷᠪᠠᠳᠤᠭᠠᠷ ᠵᠤᠷᠪᠤᠰ   ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠰᠤᠷᠭᠠᠭᠤᠯᠢ ᠨᠢ ᠰᠤᠷᠭᠠᠭᠤᠯᠢ ᠎ ᠶᠢᠨ ᠵᠠᠬᠢᠷᠤᠯ  ᠢᠶᠠᠷ ᠨᠢᠬᠡᠳᠥᠭᠡᠷ ᠬᠠᠷᠢᠭᠤᠴᠠᠬᠤ ᠬᠥᠮᠥᠨ ᠪᠤᠯᠭᠠᠭᠰᠠᠨ ᠪᠠ ᠬᠠᠮᠢᠶ᠎ᠠ ᠪᠥᠬᠦᠢ ᠬᠥᠮᠥᠨ  ᠢᠶᠠᠷ ᠪᠥᠷᠢᠯᠳᠥᠭᠰᠡᠨ ᠰᠤᠷᠤᠯᠭ᠎ᠠ  ᠶᠢᠨ ᠳᠡᠳᠬᠦᠮᠵᠢ  ᠶᠢᠨ ᠠᠵᠢᠯ  ᠤᠨ ᠤᠳᠤᠷᠢᠳᠬᠤ ᠳᠤᠭᠤᠢᠢᠯᠠᠩ ᠪᠠᠶᠢᠭᠤᠯᠵᠤ  ᠂ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢ ᠪᠥᠷᠢᠳᠬᠡᠬᠦ  ᠂  ᠬᠤᠷᠢᠶᠠᠩᠭᠤᠢᠢᠯᠠᠬᠤ  ᠂ ᠳ᠋ᠥᠩᠨᠠᠨ ᠪᠤᠳᠤᠬᠤ ᠵᠡᠷᠬᠡ ᠬᠠᠮᠢᠶ᠎ᠠ ᠪᠥᠬᠦᠢ ᠠᠵᠢᠯ  ᠢ ᠳᠤᠰᠬᠠᠢ ᠬᠥᠮᠥᠨ  ᠢᠶᠠᠷ ᠬᠠᠷᠢᠭᠤᠴᠠᠭᠤᠯᠤᠨ᠎ᠠ  ᠃      ᠠᠷᠪᠠᠨ ᠨᠢᠭᠡᠳᠥᠭᠡᠷ ᠵᠤᠷᠪᠤᠰ  ᠰᠤᠷᠤᠭᠴᠢ  ᠶᠢᠨ ᠳᠠᠰᠬᠠᠯ  ᠤᠨ ᠳᠡᠪᠳᠡᠷ  ᠤᠨ ᠰᠥᠢᠳᠬᠡᠯ  ᠢ ᠪᠤᠯ ᠰᠤᠷᠭᠠᠭᠤᠯᠢ ᠠᠴᠠ ᠨᠢᠭᠡᠳᠥᠯᠳᠡᠢ ᠬᠠᠮᠢᠶᠠᠷᠴᠥ  ᠂  ᠰᠤᠷᠤᠭᠴᠢ ᠠᠴᠠ ᠳᠡᠬᠢᠵᠤ ᠳᠠᠰᠬᠠᠯ  ᠤᠨ ᠳᠡᠪᠳᠡᠷ  ᠤᠨ ᠰᠥᠢᠳᠬᠡᠯ ᠬᠤᠷᠢᠶᠠᠵᠤ ᠪᠤᠯᠬᠤ ᠥᠭᠡᠢ  ᠃ ᠬᠡᠷ ᠪᠥᠯᠢ ᠶᠢᠨ ᠠᠵᠤ ᠠᠬᠤᠢ ᠨᠢ ᠤᠨᠴᠠ ᠬᠥᠴᠢᠷᠳᠡᠯᠳᠡᠢ ᠰᠤᠷᠤᠭᠴᠢ ᠎ ᠶᠢᠨ ᠰᠤᠷᠤᠯᠭ᠎ᠠ  ᠶᠢᠨ ᠬᠡᠷᠡᠭᠰᠡᠯ  ᠤᠨ ᠰᠥᠢᠳᠬᠡᠯ  ᠢ ᠪᠤᠯ ᠭᠡᠷ  ᠤᠨ ᠠᠬᠠᠮᠠᠳ ᠲᠤᠨᠢ ᠥᠭᠴᠥ  ᠂ ᠰᠤᠷᠤᠭᠴᠢ ᠎ ᠶᠢᠨ ᠬᠡᠷᠡᠭᠴᠡᠭᠡ  ᠶᠢ ᠥᠨᠳᠥᠰᠥᠯᠡᠵᠤ ᠰᠤᠷᠤᠯᠭ᠎ᠠ  ᠶᠢᠨ ᠬᠡᠷᠡᠭᠰᠡᠯ  ᠢ ᠨᠢ ᠠᠪᠴᠥ ᠥᠭᠬᠦᠨ᠎ᠠ  ᠃ ᠤᠨᠴᠠᠭᠠᠢ ᠰᠤᠷᠭᠠᠨ ᠬᠥᠮᠥᠵᠢᠯ  ᠤᠨ ᠰᠤᠷᠭᠠᠭᠤᠯᠢ  ᠶᠢᠨ ᠪᠠᠶᠢᠷᠢ ᠳᠤ ᠰᠠᠭᠤᠭ᠎ᠠ ᠰᠤᠷᠤᠭᠴᠢ  ᠶᠢᠨ ᠠᠮᠢᠳᠤᠷᠠᠯ  ᠤᠨ ᠨᠥᠬᠦᠪᠤᠷᠢ ᠎ ᠶᠢ ᠪᠤᠯ ᠰᠤᠷᠭᠠᠭᠤᠯᠢ ᠠᠴᠠ ᠨᠢᠭᠡᠳᠥᠯᠳᠡᠢ ᠬᠠᠮᠢᠶᠡᠷᠤᠨ‌‍ᠬᠡᠷᠡᠭᠯᠡᠵᠤ  ᠂ ᠰᠤᠷᠤᠭᠴᠢ ᠠᠴᠠ ᠳᠡᠬᠢᠵᠤ ᠬᠤᠭᠤᠯᠠᠨ ᠰᠥᠢᠳᠬᠡᠯ ᠬᠤᠷᠢᠶᠠᠵᠤ ᠪᠤᠯᠬᠤ ᠥᠭᠡᠢ  ᠂ ᠬᠥᠷᠥᠯᠴᠡᠬᠦ ᠥᠭᠡᠢ ᠬᠡᠰᠡᠭ  ᠢ ᠨᠢ ᠳᠤᠬᠠᠢ  ᠶᠢᠨ ᠭᠠᠵᠠᠷ ᠤᠷᠤᠨ  ᠤ ᠵᠠᠰᠠᠭ  ᠤᠨ ᠤᠷᠳᠤᠨ ᠠᠴᠠ ᠨᠥᠬᠦᠪᠤᠷᠢᠯᠠᠵᠤ  ᠂ ᠪᠤᠳᠠᠰ ᠪᠤᠶᠤ ᠥᠢᠯᠡᠴᠢᠯᠡᠭᠡ ᠵᠡᠷᠬᠡ ᠬᠡᠯᠪᠡᠷᠢ ᠪᠠᠷ ᠤᠷᠤᠯᠠᠭᠤᠯᠬᠤ ᠪᠤᠶᠤ ᠬᠠᠰᠤᠵᠤ ᠪᠤᠯᠬᠤ ᠥᠭᠡᠢ  ᠃      ᠠᠷᠪᠠᠨ ᠬᠤᠶᠠᠳᠤᠭᠠᠷ ᠵᠤᠷᠪᠤᠰ  ᠠᠶᠢᠮᠠᠭ  ᠤᠨ ᠰᠤᠷᠭᠠᠨ ᠬᠥᠮᠥᠵᠢᠯ  ᠤᠨ ᠳᠤᠪᠴᠢᠶ᠎ᠠ  ᠂ ᠡᠳ᠋  ᠤᠨ ᠵᠠᠰᠠᠭ ᠎ ᠤᠨ ᠳᠤᠪᠴᠢᠶ᠎ᠠ ᠨᠢ ᠬᠤᠰᠢᠭᠤ ᠰᠢᠶᠡᠨ ᠬᠤᠳᠠ ( ᠤᠷᠤᠨ ) ᠎ ᠶᠢᠨ ᠠᠯᠪᠠᠨ ᠵᠢᠷᠤᠮ  ᠤᠨ ᠰᠤᠷᠭᠠᠨ ᠬᠥᠮᠥᠵᠢᠯ ᠎ ᠤᠨ ᠱᠠᠳᠤᠨ  ᠤ ᠡᠯ᠎ᠡ ᠵᠥᠢᠯ  ᠤᠨ ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢ ᠨᠡᠶᠢᠳᠠᠪᠤᠷᠢᠵᠢᠭᠤᠯᠬᠤ ᠪᠥᠬᠦ ᠶᠠᠪᠤᠴᠠ  ᠳᠤ ᠬᠢᠨᠠᠯᠳᠠ ᠳᠠᠯᠪᠢᠨ ᠪᠠᠶᠢᠴᠠᠭᠠᠬᠤ  ᠶᠢᠨ ᠬᠠᠮᠳᠤ ᠬᠤᠰᠢᠭᠤ ᠰᠢᠶᠡᠨ ᠬᠤᠳᠠ ( ᠤᠷᠤᠨ ) ᠎ ᠶᠢᠨ ᠡᠳ᠋ ᠎ ᠤᠨ ᠵᠠᠰᠠᠭ  ᠤᠨ ᠳᠤᠪᠴᠢᠶ᠎ᠠ  ᠶᠢ ᠱᠠᠯᠠᠪᠳᠠᠭᠤᠯᠤᠨ ᠪᠠᠶᠢᠴᠠᠭᠠᠵᠤ ᠰᠤᠷᠤᠯᠭ᠎ᠠ  ᠶᠢᠨ ᠳᠡᠳᠬᠦᠮᠵᠢ  ᠶᠢᠨ ᠵᠠᠷᠤᠳᠠᠯ ᠰᠥᠢᠳᠬᠡᠯ  ᠢ ᠳᠤᠭ᠎ᠠ ᠶᠤᠰᠤᠭᠠᠷ  ᠂ ᠴᠠᠭ ᠳᠤᠬᠠᠢ ᠳᠤᠨᠢ ᠪᠤᠳᠠᠳᠠᠢ ᠨᠡᠶᠢᠳᠡᠪᠤᠷᠢᠵᠢᠭᠤᠯᠤᠨ᠎ᠠ  ᠃ ᠬᠤᠰᠢᠭᠤ ᠰᠢᠶᠡᠨ ᠬᠤᠳᠠ ( ᠤᠷᠤᠨ ) ᠎ ᠶᠢᠨ ᠰᠤᠷᠭᠠᠨ ᠬᠥᠮᠥᠵᠢᠯ  ᠤᠨ ᠳᠤᠪᠴᠢᠶ᠎ᠠ  ᠂ ᠡᠳ᠋  ᠤᠨ ᠵᠠᠰᠠᠭ  ᠤᠨ ᠳᠤᠪᠴᠢᠶ᠎ᠠ ᠳᠤᠰ ᠭᠠᠵᠠᠷ ᠤᠷᠤᠨ  ᠤ ᠬᠠᠷᠢᠶ᠎ᠠ ᠰᠤᠷᠭᠠᠭᠤᠯᠢ  ᠳᠠᠬᠢ ᠬᠢᠨᠠᠯᠳᠠ ᠬᠠᠮᠢᠶᠠᠷᠤᠯᠳᠠ ᠶᠢ ᠬᠠᠷᠢᠭᠤᠴᠠᠨ᠎ᠠ  ᠃ ᠠᠶᠢᠮᠠᠭ  ᠂ ᠬᠤᠰᠢᠭᠤ ᠰᠢᠶᠡᠨ ᠬᠤᠳᠠ ( ᠤᠷᠤᠨ ) ᠬᠤᠶᠠᠷ ᠱᠠᠳᠤᠨ  ᠤ ᠰᠤᠷᠤᠯᠭ᠎ᠠ  ᠶᠢᠨ ᠳᠡᠳᠬᠦᠮᠵᠢ  ᠶᠢᠨ ᠬᠠᠮᠢᠶᠠᠷᠤᠯᠳᠠ ᠎ ᠶᠢᠨ ᠳᠥᠪ  ᠲᠤ ᠢᠯᠡᠴᠢᠯᠡᠨ ᠮᠡᠳᠡᠭᠦᠯᠬᠦ ᠬᠠᠶᠢᠷᠴᠠᠭ ᠭᠠᠷᠭᠠᠵᠤ  ᠂ ᠢᠯᠡᠴᠢᠯᠡᠨ ᠮᠡᠳᠡᠭᠦᠯᠬᠦ ᠤᠳᠠᠰᠤ  ᠶᠢ ᠢᠯᠡ ᠨᠡᠶᠢᠳᠡᠯᠡᠵᠤ  ᠂ ᠪᠥᠬᠦ ᠨᠡᠶᠢᠭᠡᠮ ‍ᠤᠨ‌‍ᠬᠢᠨᠠᠯᠳᠠ  ᠶᠢ ᠬᠥᠯᠢᠶᠡᠨ᠎ᠡ  ᠃ ᠠᠶᠢᠮᠠᠭ  ᠂ ᠬᠤᠰᠢᠭᠤ ᠰᠢᠶᠡᠨ ᠬᠤᠳᠠ ( ᠤᠷᠤᠨ ) ᠬᠤᠶᠠᠷ ᠱᠠᠳᠤᠨ  ᠤ ᠬᠢᠨᠠᠨ ᠪᠤᠳᠤᠬᠤ  ᠂ ᠬᠢᠨᠠᠨ ᠪᠠᠶᠢᠴᠠᠭᠠᠬᠤ ᠰᠠᠯᠠᠭ᠎ᠠ ᠮᠥᠴᠢᠷ ᠨᠢ ᠬᠢᠨᠠᠨ ᠪᠤᠳᠤᠬᠤ  ᠂ ᠬᠢᠨᠠᠨ ᠪᠠᠶᠢᠴᠠᠭᠠᠬᠤ ᠠᠵᠢᠯ  ᠢ ᠳᠤᠭᠳᠠᠮᠠᠯ ᠬᠤᠭᠤᠴᠠᠭ᠎ᠠ ᠲᠠᠢ ᠪᠠᠷ ᠥᠷᠨᠢᠭᠦᠯᠤᠨ᠎ᠠ  ᠃ ᠭᠠᠵᠠᠷ ᠤᠷᠤᠨ  ᠤ ᠡᠭᠦᠷᠭᠡᠯᠡᠬᠦ  ᠪᠡᠯᠡ ᠮᠥᠩᠬᠦ  ᠶᠢ ᠴᠠᠭ ᠳᠤᠬᠠᠢ  ᠳᠤᠨᠢ ᠨᠠᠶᠢᠳᠠᠪᠤᠷᠢᠵᠢᠭᠤᠯᠤᠭᠰᠠᠨ ᠥᠭᠡᠢ ᠬᠤᠰᠢᠭᠤ ᠰᠢᠶᠡᠨ ᠬᠤᠳᠠ ( ᠤᠷᠤᠨ ) ᠎ ᠢ ᠱᠠᠯᠠᠪᠳᠠᠭᠤᠯᠤᠨ ᠳᠤᠭᠳᠠᠭᠰᠠᠨ ᠬᠤᠭᠤᠴᠠᠭᠠᠨ ᠳᠤ ᠭᠠᠷᠭᠠᠯᠭᠠᠵᠤ  ᠂  ᠳᠤᠭᠳᠠᠭᠰᠠᠨ ᠬᠤᠭᠤᠴᠠᠭᠠᠨ  ᠳᠤ ᠮᠥᠨ ᠯᠡ ᠭᠠᠷᠭᠠᠭᠰᠠᠨ ᠥᠭᠡᠢ  ᠶᠢ ᠨᠢ ᠠᠶᠢᠮᠠᠭ  ᠤᠨ ᠬᠢᠨᠠᠨ ᠪᠠᠶᠢᠴᠠᠭᠠᠬᠤ ᠳᠤᠪᠴᠢᠶ᠎ᠠ ᠬᠠᠷᠢᠭᠤᠴᠠᠯᠭ᠎ᠠ ᠨᠡᠬᠡᠮᠵᠢᠯᠡᠨ᠎ᠡ  ᠃      ᠠᠷᠪᠠᠨ ᠭᠤᠷᠪᠠᠳᠤᠭᠠᠷ ᠵᠤᠷᠪᠤᠰ   ᠰᠤᠷᠤᠯᠭ᠎ᠠ  ᠶᠢᠨ ᠳᠡᠳᠬᠦᠮᠵᠢ  ᠶᠢᠨ ᠮᠥᠩᠬᠦ  ᠶᠢ ᠡᠷᠡᠮᠡᠯᠵᠡᠯᠡᠨ  ᠮᠡᠳᠡᠭᠦᠯᠬᠦ  ᠂  ᠬᠢᠨᠠᠨ  ᠬᠠᠷᠭᠤᠭᠤᠯᠬᠤ  ᠂  ᠳᠠᠷᠬᠠᠭᠠᠨ ᠥᠭᠬᠦ  ᠵᠡᠷᠬᠡ ᠶᠠᠪᠤᠴᠠ  ᠳᠤ  ᠬᠤᠳᠠᠯ ᠬᠠᠭᠤᠷᠮᠠᠭ  ᠢᠶᠠᠷ ᠵᠤᠬᠢᠶᠠᠭᠰᠠᠨ  ᠂ ᠡᠵᠡᠯᠠᠨ ᠬᠡᠷᠡᠭᠯᠡᠭᠰᠡᠨ  ᠂ ᠰᠠᠭᠤᠯᠭᠠᠨ ᠠᠪᠤᠭᠰᠠᠨ ᠰᠤᠷᠭᠠᠭᠤᠯᠢ ᠪᠠ ᠬᠤᠪᠢ ᠬᠥᠮᠥᠨ  ᠢ ᠪᠤᠯ᠂ ᠬᠤᠯᠪᠤᠭᠳᠠᠯ ᠪᠥᠬᠦᠢ ᠳᠤᠭᠳᠠᠭᠠᠯ ᠶᠤᠰᠤᠭᠠᠷ ᠴᠢᠩᠭ᠎ᠠ ᠪᠠᠶᠢᠴᠠᠭᠠᠨ ᠰᠢᠳᠬᠡᠨ᠎ᠠ  ᠃      ᠠᠷᠪᠠᠨ ᠳᠥᠷᠪᠡᠳᠥᠭᠡᠷ ᠵᠤᠷᠪᠤᠰ   ᠳᠤᠰ ᠠᠷᠭ᠎ᠠ  ᠶᠢ ᠠᠶᠢᠮᠠᠭ  ᠤᠨ ᠰᠤᠷᠭᠠᠨ ᠬᠥᠮᠥᠵᠢᠯ  ᠤᠨ ᠳᠤᠪᠴᠢᠶ᠎ᠠ  ᠂ ᠡᠳ᠋  ᠤᠨ ᠵᠠᠰᠠᠭ  ᠤᠨ ᠳᠤᠪᠴᠢᠶ᠎ᠠ ᠠᠴᠠ ᠬᠠᠷᠢᠭᠤᠴᠠᠨ ᠳᠠᠶᠢᠯᠪᠤᠷᠢᠯᠠᠨ᠎ᠠ  ᠃      ᠠᠷᠪᠠᠨ ᠳᠠᠪᠤᠳᠤᠭᠠᠷ ᠵᠤᠷᠪᠤᠰ    ᠳᠤᠰ ᠠᠷᠭ᠎ᠠ  ᠶᠢ 2 0 1 1 ᠤᠨ  ᠤ ᠬᠠᠪᠤᠷ  ᠤᠨ ᠰᠤᠷᠤᠯᠭ᠎ᠠ  ᠶᠢᠨ ᠬᠤᠭᠤᠴᠠᠭ᠎ᠠ ᠠᠴᠠ ᠡᠬᠢᠯᠡᠨ ᠬᠡᠷᠡᠭᠵᠢᠭᠦᠯᠥᠨ᠎ᠠ  ᠃        ᠠᠯᠪᠠᠨ ᠵᠢᠷᠤᠮ  ᠤᠨ ᠰᠤᠷᠭᠠᠨ ᠬᠥᠮᠥᠵᠢᠯ ᠤᠨ ᠱᠠᠲᠥᠨ ᠤ︽ᠳᠥᠷᠪᠡ  ᠶᠢ ᠬᠡᠯᠳᠥᠷᠢᠭᠦᠯᠬᠦ ᠬᠤᠶᠠᠷ  ᠢ ᠨᠥᠬᠦᠪᠤᠷᠢᠯᠡᠬᠦ︾ ᠲᠠᠶᠢᠯᠪᠥᠷᠢᠯᠠᠯ     ︽ᠳᠥᠷᠪᠡ  ᠶᠢ ᠬᠡᠯᠳᠥᠷᠢᠭᠦᠯᠬᠦ ᠬᠤᠶᠠᠷ  ᠢ ᠨᠥᠬᠦᠪᠤᠷᠢᠯᠡᠬᠦ︾ ᠪᠣᠯ  ᠠᠯᠪᠠᠨ ᠵᠢᠷᠤᠮ  ᠤᠨ ᠰᠤᠷᠭᠠᠨ ᠬᠥᠮᠥᠵᠢᠯ  ᠤᠨ ᠰᠤᠯᠠ ᠰᠥᠢᠳᠬᠡᠯ  ᠂ ᠬᠢᠴᠢᠶᠠᠯ  ᠤᠨ ᠳᠡᠪᠳᠡᠷ ‍ᠤᠨ‌‍ᠰᠥ᠋ᠢᠳᠬᠡᠯ  ᠂ ᠪᠠᠶᠢᠷᠢ  ᠶᠢᠨ ᠰᠥᠢᠳᠬᠡᠯ  ᠂ ᠳᠠᠰᠬᠠᠯ  ᠤᠨ ᠳᠡᠪᠳᠡᠷ  ᠤᠨ ᠰᠥᠢᠳᠬᠡᠯ  ᠢ ᠬᠡᠯᠳᠥᠷᠢᠬᠦᠯᠬᠦ  ᠶᠢᠨ ᠬᠠᠮᠳᠤ ᠭᠡᠷ ᠪᠥᠯᠢ ᠶᠢᠨ ᠠᠵᠤ ᠠᠬᠤᠢ ᠨᠢ ᠬᠥᠴᠢᠷᠳᠡᠯᠳᠡᠢ ᠪᠠᠶᠢᠷᠢ  ᠳᠤ ᠰᠠᠭᠤᠭ᠎ᠠ ᠰᠤᠷᠤᠭᠴᠢ  ᠶᠢᠨ ᠠᠮᠢᠳᠤᠷᠠᠯ  ᠤᠨ  ᠨᠥᠬᠦᠪᠤᠷᠢ  ᠎ ᠶᠢ ᠤᠯᠭᠤᠬᠤ  ᠂ ᠭᠡᠷ ᠪᠥᠯᠢ ᠶᠢᠨ ᠠᠵᠤ ᠠᠬᠤᠢ ᠨᠢ ᠤᠨᠴᠠ ᠬᠥᠴᠢᠷᠳᠡᠯᠳᠡᠢ ᠰᠤᠷᠤᠭᠴᠢ  ᠶᠢᠨ ᠰᠤᠷᠤᠯᠭ᠎ᠠ  ᠶᠢᠨ ᠬᠡᠷᠡᠭᠰᠡᠯ  ᠤᠨ ᠰᠥᠢᠳᠬᠡᠯ ᠎ ᠢ  ᠨᠥᠬᠦᠪᠦᠷᠢᠯᠡᠨ᠎ᠡ᠃
 
ᠢᠷᠡᠯᠲᠡ᠄ ᠠᠶᠢᠮᠠᠭ ᠤᠨ ᠰᠤᠷᠭᠠᠨ ᠬᠦᠮᠤᠵᠢᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号