ᠴᠣᠪᠤᠵᠥ ᠶᠠᠪᠤᠭᠰᠠᠨ ᠪᠠᠷᠰ ᠠᠴᠠ ᠴᠤᠭᠯᠠᠵᠤ ᠰᠠᠭᠤᠭᠰᠠᠨ ᠱᠠᠭᠠᠵᠠᠭᠠᠢ
ᠨᠡᠶᠢᠲᠡᠯᠡᠭᠰᠡᠨ ᠴᠠᠭ᠄
2020/12/11
    ᠮᠠᠨ ᠤ ᠮᠤᠩᠭᠤᠯ ᠤᠨ ᠵᠦᠢᠷ ᠰᠡᠴᠡᠨ ᠥᠬᠡᠨ ᠳᠤ ︽ᠴᠤᠪᠤᠵᠤ ᠶᠠᠪᠤᠭᠰᠠᠨ ᠪᠠᠷᠰ ᠠᠴᠠ ᠴᠤᠭᠯᠠᠵᠤ ᠰᠠᠭᠤᠭᠰᠠᠨ ᠱᠠᠭᠠᠵᠠᠭᠠᠢ ᠳᠡᠭᠡᠷ᠎ᠡ︾ ᠬᠡᠳᠡᠭ ᠥᠬᠡ ᠪᠠᠶᠢᠳᠠᠭ᠃ ᠡᠬᠦᠨ ᠳᠤ ᠮᠠᠰᠢ ᠬᠥᠨ ᠬᠥᠨᠵᠡᠬᠡᠢ ᠤᠴᠢᠷ ᠶᠤᠰᠤ ᠠᠭᠤᠯᠣᠠᠭᠳᠠᠵᠤ ᠪᠠᠶᠢᠭ᠎ᠠ ᠶᠢ ᠮᠡᠳᠡᠬᠦᠰᠢᠲᠡᠢ᠃ ᠵᠦᠬᠡᠯᠡᠨ ᠨᠢ ᠬᠠᠲᠠᠭᠤ ᠪᠠᠨ ᠢᠳᠡᠳᠡᠭ᠂ ᠤᠯᠠᠨ ᠤ ᠬᠥᠴᠥᠨ ᠳᠤ ᠠᠭᠤᠯᠠ ᠨᠡᠬᠦᠳᠡᠭ᠂ ᠳᠠᠭᠤ ᠨᠢᠬᠡᠳᠪᠡᠯ ᠬᠥᠴᠥ ᠨᠢᠬᠡᠳᠳᠡᠭ ᠤᠨ ᠪᠠᠲᠤᠶᠤᠰᠤ ᠶᠢ ᠵᠢᠭᠠᠵᠤ ᠦᠭᠴᠡᠢ᠃     ᠪᠠᠷᠰ ᠪᠣᠯ ᠠᠷᠢᠶᠠᠲᠠᠨ ᠤ ᠨᠢᠬᠡᠨ ᠲᠤᠮᠤ ᠬᠥᠴᠥᠷᠬᠡᠭ᠂ ᠤᠮᠤᠭ ᠵᠤᠷᠢᠭ ᠲᠡᠬᠦᠯᠳᠡᠷ᠂ ᠬᠥᠴᠥᠨ ᠴᠢᠳᠠᠯ ᠶᠡᠭᠡ᠂ ᠬᠠᠯᠳᠠᠭᠰᠠᠨ ᠲᠠᠭᠠᠷᠠᠭᠰᠠᠨ ᠪᠦᠬᠦᠨ ᠢᠶᠠᠨ ᠨᠢᠴᠠ ᠬᠡᠮᠬᠡ ᠳᠠᠭᠠᠷᠢᠳᠠᠭ᠂ ᠪᠠᠶᠢᠭᠠᠯᠢ ᠤᠷᠴᠢᠨ ᠳᠤ ᠲᠡᠬᠦᠨ ᠲᠠᠢ ᠲᠡᠩᠴᠡᠯᠳᠥᠬᠦ ᠠᠮᠢᠲᠠᠨ ᠮᠠᠰᠢ ᠴᠦᠬᠡᠨ ᠪᠤᠯᠬᠤᠷ ᠠᠶᠤᠵᠤ ᠰᠤᠴᠢᠬᠤ ᠶᠠᠭᠤᠮ᠎ᠠ ᠪᠠᠷᠤᠭ ᠪᠠᠶᠢᠳᠠᠭ ᠥᠬᠡᠢ᠃     ᠱᠠᠭᠠᠵᠠᠭᠠᠢ ᠪᠣᠯ ᠵᠢᠬᠦᠷᠲᠡᠨ᠂ ᠵᠦᠪᠬᠡᠨ ᠨᠢᠰᠴᠤ ᠴᠢᠳᠠᠬᠤ ᠠᠪᠢᠶᠠᠰ ᠴᠢᠳᠠᠪᠤᠷᠢ ᠪᠠᠶᠢᠬᠤ ᠠᠴᠠ ᠦᠬᠡᠷ᠎ᠡ ᠶᠠᠮᠠᠷᠴᠤ ᠴᠢᠳᠠᠯ ᠲᠡᠩᠬᠡᠬᠡ ᠪᠠᠶᠢᠬᠤ ᠥᠬᠡᠢ᠂ ᠴᠤᠭᠯᠠᠷᠠᠵᠤ ᠰᠠᠭᠤᠭᠠᠤᠨ ᠱᠠᠬᠰᠢᠯᠳᠤᠳᠠᠭ᠂ ᠬᠥᠮᠥᠨ ᠲᠦᠷᠦᠯᠬᠢᠲᠡᠨ ᠲᠠᠢ ᠮᠠᠰᠢ ᠤᠶᠢᠷ᠎ᠠ ᠲᠤᠲᠤᠨᠤ ᠪᠠᠶᠢᠳᠠᠭ᠃ ᠲᠡᠬᠡᠬᠦ ᠳᠤ ᠪᠠᠨ ᠬᠥᠮᠥᠨ ᠤ ᠬᠠᠶᠠᠵᠤ ᠬᠡᠬᠡᠭᠰᠡᠨ ᠠᠯᠲᠠ᠂ ᠮᠦᠩᠬᠦ᠂ ᠱᠢᠷᠥ᠂ ᠰᠤᠪᠤᠤᠨ ᠵᠠᠰᠠᠯ ᠵᠢᠮᠰᠡᠭ ᠤᠨ ᠵᠥᠢᠯᠡᠰ ᠠᠴᠠ ᠡᠬᠢᠯᠡᠬᠡᠤᠨ ᠲᠡᠪᠡᠨᠡ ᠵᠡᠬᠦᠥ᠂ ᠲᠡᠮᠥᠷ ᠤᠲᠠᠰᠤ ᠵᠡᠷᠬᠡ ᠶᠠᠭᠤᠮᠠᠰ ᠢ ᠵᠦᠬᠡᠬᠡᠵᠤ ᠠᠪᠠᠴᠢᠭᠠᠤᠨ ᠡᠬᠦᠷ ᠢᠶᠠᠨ ᠪᠠᠷᠢᠴᠢᠬᠠᠳᠠᠭ᠃ ᠲᠡᠳᠡᠨ ᠤ ᠬᠠᠮᠤᠭ ᠤᠨ ᠳᠤᠪᠤᠶᠢᠭᠰᠠᠨ ᠤᠨᠴᠠᠯᠢᠭ ᠨᠢ ᠨᠡᠶᠢᠲᠡ ᠤᠯᠠᠨ ᠢᠶᠠᠷ ᠢᠶᠠᠨ ᠴᠤᠭᠯᠠᠷᠠᠵᠤ᠂ ᠤᠬᠠᠭᠠᠨ ᠴᠢᠳᠠᠯ ᠢᠶᠠᠨ ᠨᠢᠬᠡᠤᠨᠬᠡᠨ᠂ ᠵᠤᠪᠠᠯ ᠵᠥᠳᠡᠷᠡᠯ ᠢᠶᠠᠨ ᠬᠠᠮᠳᠤᠤᠨᠬᠠᠵᠤ᠂ ᠡᠶ᠎ᠡ ᠡᠪᠲᠡᠢ ᠠᠵᠤ ᠲᠦᠷᠦᠨ ᠠᠮᠢᠳᠤᠷᠠᠳᠠᠭ ᠠᠴᠠ ᠤᠷᠤᠰᠢᠨ ᠲᠤᠬᠳᠠᠨᠢᠬᠤ ᠶᠢᠨ ᠤᠳᠬ᠎ᠠ ᠨᠢ ᠡᠶ᠎ᠡ ᠡᠪ ᠪᠠᠶᠢᠳᠠᠭ᠃ ᠬᠡᠵᠢᠶᠡᠳᠡ ᠤᠯᠠᠨ ᠢᠶᠠᠷ ᠢᠶᠠᠨ ᠴᠤᠭᠯᠠᠷᠠᠵᠤ ᠰᠠᠭᠤᠳᠠᠭ ᠢᠶᠠᠷ ᠰᠤᠨᠤᠰᠬᠤ ᠵᠥᠢᠯ᠂ ᠥᠵᠡᠬᠦ ᠶᠠᠭᠤᠮ᠎ᠠ ᠬᠠᠷᠢᠴᠠᠩᠭᠤᠢ ᠠᠷᠪᠢᠨ ᠮᠦᠷᠲᠡᠬᠡᠨ ᠬᠠᠮᠤᠭ ᠤᠨ ᠴᠢᠬᠤᠯᠠ ᠵᠥᠢᠯ ᠨᠢ ᠶᠠᠮᠠᠷᠪᠠ ᠨᠢᠬᠡᠨ ᠲᠤᠮᠤ ᠶᠠᠪᠤᠳᠠᠯ ᠪᠤᠶᠤ ᠬᠡᠨᠠᠳᠳᠡ ᠶᠢᠨ ᠠᠶᠤᠯ ᠲᠥᠭᠰᠢᠬᠦᠷᠢ᠂ ᠬᠥᠴᠢᠷ ᠪᠠᠷᠬᠡᠰᠢᠶᠠᠯ ᠲᠤᠯᠭᠠᠷᠠᠭᠰᠠᠨ ᠥᠶ᠎ᠡ ᠳᠤ ᠨᠡᠶᠢᠲᠡ ᠤᠯᠠᠨ ᠢᠶᠠᠷ ᠢᠶᠠᠨ ᠬᠦᠳᠡᠯᠥᠯᠴᠡᠵᠤ᠂ ᠬᠠᠮᠵᠢᠯᠴᠠᠵᠤ ᠪᠠᠶᠢᠭᠠᠳ ᠠᠷᠭᠠᠴᠠᠭᠠᠳᠠᠭ ᠪᠠᠶᠢᠨ᠎ᠠ᠃ ᠲᠡᠶᠢᠮᠦ ᠪᠤᠯᠬᠤᠷ ᠴᠣᠪᠤᠵᠥ ᠶᠠᠪᠤᠬᠰᠠᠨ ︽ᠪᠠᠷᠰ︾᠎ ᠠᠴᠠ ᠲᠠᠪᠠᠳᠠᠬ ᠠᠵᠢ᠃     ᠱᠠᠭᠠᠵᠠᠭᠠᠢ ᠶᠢᠨ ᠬᠠᠯᠠᠭᠤᠨ ᠪᠦᠯᠢ ᠪᠠᠷ ᠢᠶᠠᠨ ︽ᠴᠤᠭᠯᠠᠷᠠᠵᠤ ᠶᠠᠪᠤᠳᠠᠭ︾᠂ ᠡᠶ᠎ᠡ ᠡᠪᠲᠡᠢ ᠬᠠᠷᠢᠯᠴᠠᠳᠠᠭ ᠵᠤᠷᠢᠭ ᠰᠠᠨᠠᠭ᠎ᠠ ᠪᠢᠳᠡᠨ ᠳᠤ ᠶᠠᠭᠤ ᠨᠢᠬᠡ ᠶᠢ ᠬᠡᠯᠡᠬᠦ‍ ᠰᠢᠭ ᠰᠠᠨᠠᠭᠳᠠᠬᠤ ᠶᠤᠮ᠃ ᠪᠢᠳᠡᠨ ᠤ ᠤᠶᠤᠨ ᠤᠬᠠᠭᠠᠨ᠂ ᠮᠡᠷᠬᠡᠵᠢᠯ ᠴᠢᠳᠠᠪᠤᠷᠢ ᠳᠡᠬᠡᠳᠤ ᠬᠡᠮᠵᠢᠶ᠎ᠡ ᠪᠠᠷ ᠬᠦᠭᠵᠢᠭᠰᠡᠨ ᠬᠡᠳᠡᠭ ᠴᠦ ᠪᠠᠷᠰ ᠮᠡᠳᠤ ᠭᠠᠭᠴᠠ ᠬᠤᠶᠠᠷ ᠢᠶᠠᠷ ᠢᠶᠠᠨ ︽ᠴᠤᠪᠤᠵᠤ ᠶᠠᠪᠤᠬᠤ︾᠎ ᠳᠤ ᠬᠥᠷᠪᠡᠯ᠂ ᠶᠠᠮᠠᠷ ᠴᠦ ᠠᠵᠢᠯ ᠶᠠᠪᠤᠳᠠᠯ ᠬᠢᠵᠤ ᠳᠡᠶᠢᠯᠬᠦ ᠥᠬᠡᠢ᠂ ᠶᠠᠮᠠᠷ ᠴᠦ ᠶᠠᠭᠤᠮ᠎ᠠ ᠪᠦᠲᠥᠬᠡᠵᠤ ᠴᠢᠳᠠᠬᠤ ᠥᠬᠡᠢ᠃ ᠶᠠᠳᠠᠬᠤ ᠳᠤ ︽ᠴᠤᠭᠯᠠᠷᠠᠵᠤ ᠰᠠᠭᠤᠳᠠᠭ ᠱᠠᠭᠠᠵᠠᠭᠠᠢ︾᠎ ᠶᠢ ᠴᠦ ᠬᠥᠷᠬᠦ ᠥᠬᠡᠢ ᠪᠤᠯᠵᠤ ᠮᠡᠳᠡᠨ᠎ᠡ᠃ ︽ᠭᠠᠭᠴᠠ ᠬᠥᠮᠥᠨ ᠠᠶᠢᠯ ᠪᠤᠯᠳᠠᠭ ᠥᠬᠡᠢ᠂ ᠭᠠᠭᠴᠠ ᠮᠤᠳᠤ ᠭᠠᠯ ᠪᠤᠯᠳᠠᠭ ᠥᠬᠡᠢ︾ ᠬᠡᠳᠡᠭ ᠢᠶᠠᠷ ᠬᠠᠨᠢ ᠨᠦᠬᠦᠷ ᠥᠬᠡᠢ ᠪᠣᠯ ᠭᠠᠭᠴᠠᠭᠠᠷᠳᠠᠨ᠎ᠠ᠂ ᠪᠦᠯᠬᠦᠮᠳᠡᠯ ᠨᠢᠭᠲᠠᠷᠠᠯ ᠥᠬᠡᠢ ᠪᠣᠯ ᠰᠠᠷᠨᠢᠵᠤ ᠪᠤᠲᠠᠷᠠᠨ᠎ᠠ ᠬᠡᠳᠡᠭ ᠢ ᠲᠤᠳᠤᠷᠬᠠᠢ ᠤᠶᠢᠯᠠᠭᠠᠬᠤ ᠴᠢᠬᠤᠯᠠᠲᠡᠢ ᠪᠠᠶᠢᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号