ᠭᠠᠵᠠᠷ ᠰᠢᠷᠦᠢ ᠪᠠᠨ ᠠᠯᠳᠠ ᠪᠠᠷ ᠵᠦᠢᠷᠯᠡᠳᠡᠭ ᠤᠨ ᠤᠴᠢᠷ
ᠨᠡᠶᠢᠲᠡᠯᠡᠭᠰᠡᠨ ᠴᠠᠭ᠄
2020/11/9
    ᠮᠤᠩᠭᠤᠯᠴᠤᠤᠨ ︽ᠤᠨᠠᠭᠰᠠᠨ ᠰᠢᠷᠤᠢ ᠪᠤᠯ ᠠᠯᠲᠠ ᠶᠤᠮ︾ ᠬᠡᠵᠤ ᠥᠷ᠎ᠡ ᠬᠤᠶᠢᠴᠢᠰ ᠲᠤ ᠪᠠᠨ ᠵᠠᠬᠢᠵᠤ ᠰᠤᠷᠭᠠᠳᠠᠭ᠃ ᠭᠠᠵᠠᠷ ᠰᠢᠷᠤᠢ ᠪᠠᠨ ᠠᠯᠲᠠ ᠪᠠᠷ ᠵᠥᠢᠷᠯᠡᠳᠡᠭ ᠤᠨ ᠤᠴᠢᠷ ᠶᠤᠰᠤ ᠨᠢ ᠭᠠᠵᠠᠷ ᠰᠢᠷᠤᠢ ᠶᠢᠨ ᠦᠪᠡᠷ ᠤᠨ ᠦᠷᠲᠡᠭ᠂ ᠬᠡᠷᠡᠭᠯᠡᠬᠡᠨ ᠤ ᠦᠷᠲᠡᠭ ᠢ ᠠᠯᠢ ᠡᠷᠲᠡ ᠠᠴᠠ ᠤᠬᠠᠭᠠᠷᠠᠵᠤ ᠲᠠᠨᠢᠭᠰᠠᠨ ᠳᠤ ᠪᠠᠶᠢᠭ᠎ᠠ ᠶᠤᠮ᠃ ᠮᠠᠯᠴᠢᠨ ᠬᠥᠮᠥᠨ ᠶᠠᠮᠠᠷ ᠨᠢᠬᠡᠨ ᠤᠴᠢᠷ ᠰᠢᠯᠲᠠᠭᠠᠨ ᠢᠶᠠᠷ ᠡᠳ᠋ ᠬᠦᠷᠦᠩᠬᠡ ᠥᠬᠡᠢ᠂ ᠮᠠᠯ ᠤᠨᠤᠭ᠎ᠠ ᠥᠬᠡᠢ᠂ ᠮᠦᠩᠬᠦ ᠵᠤᠭᠤᠰ ᠥᠬᠡᠢ ᠪᠤᠯᠵᠤ ᠮᠡᠳᠡᠨ᠎ᠡ᠂ ᠡᠨᠡ ᠪᠣᠯ ᠲᠥᠷ ᠴᠠᠭ ᠤᠨ ᠬᠥᠴᠢᠷᠳᠡᠯ ᠲᠡᠳᠥᠢ᠂ ᠬᠠᠷᠢᠨ ᠨᠤᠲᠤᠭ ᠤᠰᠤ ᠥᠬᠡᠢ ᠪᠠᠶᠢᠵᠤ ᠪᠤᠯᠬᠤ ᠥᠬᠡᠢ᠂ ᠨᠤᠳᠤᠭ ᠤᠰᠤ ᠥᠬᠡᠢ ᠪᠤᠯᠬᠤ ᠳᠤ ᠬᠥᠷᠪᠡᠯ ᠠᠮᠢᠳᠤᠷᠠᠬᠤ ᠶᠢᠨ ᠠᠷᠭ᠎ᠠ ᠥᠬᠡᠢ ᠪᠤᠯᠤᠨ᠎ᠠ ᠬᠡᠵᠥ ᠥᠵᠡᠳᠡᠭ᠃ ᠡᠶᠢᠮᠥ ᠠᠴᠠ ᠮᠤᠩᠭᠤᠯᠴᠤᠤᠨ ᠠᠯᠠᠭᠠᠨ ᠴᠢᠨᠡᠬᠡᠨ ᠨᠤᠳᠤᠭ ᠢᠶᠠᠨ ᠴᠦ ᠠᠯᠠᠭ ᠨᠢᠳᠥ ᠠᠮᠢ ᠪᠡᠶ᠎ᠡ ᠲᠠᠢ ᠪᠠᠨ ᠬᠤᠯᠪᠤᠵᠤ ᠬᠠᠶᠢᠷᠠᠯᠠᠨ ᠬᠠᠮᠠᠭᠠᠯᠠᠵᠤ ᠢᠷᠡᠭᠰᠡᠨ ᠥᠥᠬᠡ ᠲᠡᠥᠬᠡᠲᠡᠢ ᠶᠤᠮ᠃     ᠮᠤᠩᠭᠤᠯᠴᠤᠤᠨ ᠤᠨ ᠮᠠᠯᠵᠢᠬᠤ ᠰᠤᠶᠤᠯ ᠤᠨ ᠥᠨᠳᠥᠰᠥᠨ ᠬᠡᠷᠡᠭᠰᠡᠯ ᠪᠣᠯ ᠭᠠᠵᠠᠷ ᠰᠢᠷᠤᠢ᠂ ᠦᠬᠡᠷ᠎ᠡ ᠪᠠᠷ ᠬᠡᠯᠡᠪᠡᠯ ᠨᠤᠲᠤᠭ ᠪᠡᠯᠴᠢᠬᠡᠷ ᠪᠤᠯᠤᠨ᠎ᠠ᠃ ᠨᠤᠲᠤᠭ ᠪᠡᠯᠴᠢᠬᠡᠷ ᠲᠠᠢ ᠪᠣᠯ ᠮᠠᠯ ᠰᠥᠷᠥᠭ ᠲᠠᠢ ᠪᠤᠯᠵᠤ ᠪᠤᠯᠤᠨ᠎ᠠ᠂ ᠮᠠᠯ ᠰᠥᠷᠥᠭ ᠲᠠᠢ ᠪᠠᠨ ᠪᠣᠯ ᠠᠮᠢᠳᠤᠷᠠᠯ ᠢᠶᠠᠨ ᠠᠷᠭᠠᠴᠠᠭᠠᠵᠤ᠂ ᠠᠯᠭᠤᠷ ᠠᠭᠠᠵᠢᠮ ᠢᠶᠠᠷ ᠳᠡᠭᠵᠢᠷᠡᠵᠥ ᠳᠡᠶᠢᠯᠥᠨ᠎ᠡ ᠬᠡᠵᠤ ᠢᠲᠡᠬᠡᠳᠡᠭ᠂ ᠲᠡᠬᠡᠬᠦ ᠳᠤ ᠪᠠᠨ ᠨᠤᠳᠤᠭ ᠪᠡᠯᠴᠢᠬᠡᠷ ᠪᠤᠯ ᠠᠩᠬᠠᠳᠠᠭᠴᠢ᠂ ᠮᠠᠯ ᠰᠥᠷᠥᠭ ᠪᠤᠯ ᠬᠤᠶᠠᠳᠠᠭᠴᠢ ᠬᠡᠵᠥ ᠥᠵᠡᠳᠡᠭ᠃     ᠨᠡᠬᠦᠳᠡᠯ ᠮᠠᠯᠵᠢᠯ ᠤᠨ ᠠᠷᠭ᠎ᠠ ᠤᠬᠠᠭᠠᠨ ᠪᠣᠯ ᠤᠷᠲᠤ ᠤᠳᠠᠭᠠᠨ ᠤᠨ ᠵᠢᠯ ᠤᠨ ᠮᠠᠯᠵᠢᠯ ᠰᠤᠶᠤᠯ ᠤᠨ ᠤᠶᠢᠯᠡᠳᠥᠯᠬᠡ ᠶᠢᠨ ᠶᠠᠪᠤᠴᠠ ᠳᠤ ᠬᠤᠷᠠᠮᠳᠤᠭᠤᠯᠤᠭᠰᠠᠨ ᠥᠨᠢ ᠮᠦᠩᠬᠡ ᠶᠢᠨ ᠬᠤᠪᠤᠷ ᠨᠠᠨᠳᠢᠨ ᠰᠢᠨᠵᠢᠯᠡᠬᠦ ᠤᠬᠠᠭᠠᠨᠴᠢ ᠠᠷᠭ᠎ᠠ ᠮᠡᠷᠬᠡᠵᠢᠯ ᠪᠤᠶᠤ ᠤᠯᠠᠮᠵᠢᠯᠠᠯᠲᠤ ᠦᠪ ᠰᠤᠶᠤᠯ᠂ ᠥᠨᠡᠲᠥ ᠶᠡᠭᠡ ᠦᠪ ᠬᠦᠷᠦᠩᠬᠡ ᠪᠠᠶᠢᠭ᠎ᠠ ᠳᠤ ᠤᠷᠤᠰᠢᠨ᠎ᠠ᠃ ᠠᠮᠢ ᠠᠬᠤᠢ ᠪᠠᠨ ᠬᠠᠮᠠᠭᠠᠯᠠᠨ᠂ ᠮᠠᠯ ᠰᠥᠷᠥᠭ ᠢᠶᠠᠨ ᠦᠨᠢᠷ ᠦᠰᠬᠡᠵᠤ᠂ ᠠᠳᠠᠯ ᠠᠮᠢᠳᠤᠷᠠᠯ ᠢᠶᠠᠨ ᠰᠡᠶᠢᠵᠢᠷᠠᠭᠤᠯᠤᠨ᠎ᠠ᠃ ᠪᠤᠳᠠᠲᠡᠢ ᠤᠶᠢᠯᠡ ᠠᠵᠢᠯᠯᠠᠭ᠎ᠠ ᠶᠢᠨ ᠶᠠᠪᠤᠴᠠ ᠳᠤ ᠪᠠᠶᠢᠭᠠᠯᠢ ᠠᠬᠤᠢ ᠶᠢᠨ ᠪᠤᠰᠤᠤᠨᠴᠢ ᠵᠢᠮ᠎ᠡ ᠶᠤᠰᠤ ᠶᠢ ᠬᠥᠨᠳᠥᠤᠨᠬᠡᠵᠤ᠂ ᠪᠤᠰᠤᠤᠨᠴᠢ ᠵᠢᠮ᠎ᠡ ᠶᠤᠰᠤ ᠪᠠᠷ ᠠᠵᠢᠯᠯᠠᠬᠤ ᠶᠢ ᠪᠠᠷᠢᠮᠲᠠᠯᠠᠨ᠂ ᠵᠢᠯ ᠤᠨ ᠲᠦᠷᠪᠡᠨ ᠤᠯᠠᠷᠢᠯ ᠳᠤ ᠡᠪᠡᠰᠥ ᠪᠡᠯᠴᠢᠬᠡᠷ᠂ ᠤᠰᠤ ᠴᠠᠰᠥ ᠪᠠᠨ ᠳᠠᠭᠠᠵᠤ᠂ ᠬᠥᠮᠥᠨ ᠲᠠᠢ᠂ ᠮᠠᠯ ᠲᠠᠢ ᠪᠠᠨ ᠨᠡᠬᠦᠳᠡᠯᠯᠡᠵᠤ ᠠᠮᠢᠳᠤᠷᠠᠳᠠᠭ ᠪᠢᠯᠠ᠃ ᠦᠨᠦᠳᠥᠷ ᠪᠢᠳᠡ ᠦᠩᠬᠡᠷᠡᠭᠰᠡᠨ ᠤ ᠨᠡᠬᠦᠳᠠᠯ ᠮᠠᠯᠵᠢᠯ᠂ ᠨᠡᠬᠦᠳᠡᠯ ᠠᠮᠢᠳᠤᠷᠠᠯ ᠤᠨ ᠢᠶᠠᠨ ᠤᠯᠠ ᠮᠦᠷ ᠢ ᠠᠵᠢᠭᠯᠠᠨ ᠰᠢᠨᠵᠢᠬᠦ ᠳᠤ ᠤᠶᠢᠯᠡᠤᠨᠪᠥᠷᠢᠯᠡᠯ ᠤᠨ ᠬᠡᠷᠡᠭᠰᠡᠯ ᠪᠠ ᠠᠮᠢᠳᠤᠷᠠᠯ ᠤᠨ ᠬᠡᠷᠡᠭᠰᠡᠯ ᠨᠢ ᠴᠦ ᠪᠦᠷ ᠭᠠᠵᠠᠷ ᠨᠤᠲᠤᠭ᠂ ᠠᠮᠢ ᠠᠬᠤᠢ ᠪᠠᠨ ᠬᠠᠮᠠᠭᠠᠯᠠᠬᠤ ᠪᠠᠷ ᠤᠷᠢᠳᠠᠴᠢ ᠨᠦᠬᠦᠴᠡᠯ ᠪᠤᠯᠭᠠᠭᠰᠠᠨ ᠵᠤᠬᠢᠬᠤ ᠬᠡᠮᠵᠢᠶᠡᠨ ᠤ ᠰᠢᠨᠵᠢᠯᠡᠬᠦ ᠤᠬᠠᠭᠠᠨᠴᠢ᠂ ᠳᠥᠬᠦᠮ ᠠᠪᠰᠠᠷᠬᠠᠨ ᠡᠳ᠋ᠯᠡᠯ ᠬᠡᠷᠡᠭᠰᠡᠯ ᠪᠠᠶᠢᠭ᠎ᠠ ᠶᠢ ᠲᠤᠳᠤᠷᠬᠠᠢ ᠤᠯᠵᠤ ᠬᠠᠷᠠᠨ᠎ᠠ᠃     ᠦᠪᠡᠷᠰᠡᠤᠨ ᠤᠨ ᠤᠷᠤᠨ ᠰᠠᠭᠤᠴᠠ ᠪᠠᠨ ᠬᠥᠷᠲᠡᠯ᠎ᠡ ᠨᠤᠳᠤᠭ ᠤᠨ ᠢᠶᠠᠨ ᠮᠤᠳᠤ ᠪᠤᠷᠭᠠᠰᠤ᠂ ᠮᠠᠯ ᠤᠨ ᠢᠶᠠᠨ ᠨᠤᠤᠰᠤ ᠬᠢᠯᠭᠠᠰᠤ ᠪᠠᠷ ᠡᠬᠦᠳᠥᠨ ᠪᠦᠲᠥᠬᠡᠭᠰᠡᠨ ᠢᠶᠠᠷ ᠦᠪᠡᠷ ᠤᠨ ᠦᠷᠳᠡᠭ ᠢᠶᠠᠷ ᠳᠤᠤᠷ᠎ᠠ᠂ ᠬᠡᠷᠡᠭᠯᠡᠬᠡᠨ ᠤ ᠦᠷᠳᠡᠭ ᠢᠶᠠᠷ ᠦᠨᠳᠥᠷ᠂ ᠤᠯᠠᠷᠢᠯ ᠤᠨ ᠤᠨᠴᠠᠯᠢᠭ ᠲᠤ ᠲᠤᠬᠢᠷᠠᠭᠤᠯᠤᠨ ᠵᠠᠷᠤᠵᠤ ᠬᠡᠷᠡᠭᠯᠡᠵᠤ ᠪᠤᠯᠳᠠᠭ᠂ ᠬᠦᠢᠲᠡᠨ ᠳᠤ ᠳᠤᠯᠠᠭᠠᠨ᠂ ᠬᠠᠯᠠᠭᠤᠨ ᠳᠤ ᠰᠡᠷᠢᠬᠦᠨ᠂ ᠰᠡᠯᠬᠢ ᠪᠤᠷᠤᠭᠠᠨ ᠠᠴᠠ ᠠᠶᠤᠳᠠᠭ ᠥᠬᠡᠢ᠂ ᠠᠪᠴᠤ ᠶᠠᠪᠤᠬᠤ ᠳᠤ ᠬᠦᠩᠬᠡᠨ ᠠᠪᠰᠠᠷᠬᠠᠨ᠂ ᠪᠠᠷᠢᠵᠤ ᠪᠤᠰᠬᠠᠬᠤ᠂ ᠪᠠᠭᠤᠯᠭᠠᠬᠤ᠂ ᠠᠴᠢᠬᠤ ᠳᠤ ᠳᠦᠬᠦᠮ ᠪᠠᠶᠢᠳᠠᠭ ᠢᠶᠠᠷ ᠢᠶᠠᠨ ᠲᠡᠯᠡᠬᠡᠢ ᠨᠡᠶᠢᠲᠡ ᠶᠢᠨ ᠠᠩᠬᠠᠷᠤᠯ ᠳᠤ ᠬᠥᠷᠴᠥ ᠪᠤᠢ︔ ᠮᠠᠯ ᠤᠨ ᠢᠶᠠᠨ ᠬᠠᠰᠢᠶ᠎ᠠ ᠰᠠᠷᠠᠪᠴᠢᠨ ᠳᠤ ᠰᠢᠷᠤᠢ ᠴᠢᠯᠠᠭᠤ ᠬᠡᠷᠡᠭᠰᠡᠬᠦ ᠥᠬᠡᠢ᠂ ᠤᠳᠠ ᠪᠤᠷᠭᠠᠰᠤ ᠪᠠᠷ ᠵᠠᠮᠪᠠ ᠬᠥᠷᠥᠵᠤ ᠬᠡᠷᠡᠭᠯᠡᠳᠡᠭ᠂ ᠨᠡᠬᠦᠬᠦ ᠳᠤ ᠪᠠᠨ ᠬᠤᠮᠢᠭᠠᠤᠨ ᠶᠠᠪᠤᠴᠢᠬᠠᠨ᠎ᠠ︔ ᠤᠯᠠᠭ᠎ᠠ ᠲᠡᠷᠬᠡ ᠪᠠᠨ ᠠᠭᠤᠯᠠ ᠶᠢᠨ ᠢᠶᠠᠨ ᠮᠤᠳᠤ ᠪᠠᠷ ᠰᠢᠭᠠᠴᠢᠬᠠᠨ᠎ᠠ ᠂ ᠬᠥᠷᠳᠥ ᠶᠢ ᠨᠢ ᠬᠥᠷᠲᠡᠯ᠎ᠡ ᠭᠠᠵᠠᠷ ᠨᠤᠳᠤᠭ ᠲᠤ ᠬᠠᠯᠠ ᠥᠬᠡᠢ ᠬᠡᠵᠤ ᠮᠤᠳᠤ ᠪᠠᠷ ᠤᠶᠢᠯᠡᠳᠥᠭᠰᠡᠨ ᠪᠠᠶᠢᠳᠠᠭ︔ ᠨᠡᠬᠦᠳᠠᠯ ᠪᠠᠭᠤᠳᠠᠯ ᠬᠢᠬᠦ ᠳᠤ ᠪᠠᠨ ᠬᠠᠰᠠᠭ ᠤᠨ ᠢᠶᠠᠨ ᠬᠠᠭᠤᠴᠢᠨ ᠮᠦᠷ ᠢᠶᠠᠷ ᠶᠠᠪᠤᠬᠤ ᠥᠬᠡᠢ᠂ ᠭᠤᠤᠳᠠᠴᠢᠬᠠᠨ᠎ᠠ᠂ ᠬᠠᠯᠴᠠᠭᠠᠶᠢᠷᠠᠴᠢᠬᠠᠨ᠎ᠠ ᠬᠡᠵᠤ ᠦᠬᠡᠷ᠎ᠡ ᠭᠠᠵᠠᠷ ᠢᠶᠠᠷ ᠶᠠᠪᠤᠳᠠᠭ︔ ᠵᠠᠷᠤᠵᠤ ᠬᠡᠷᠡᠭᠯᠡᠭᠰᠡᠨ ᠤᠶᠠᠭ᠎ᠠ᠂ ᠪᠤᠯᠠᠭᠠᠷᠢ᠂ ᠭᠠᠳᠠᠰᠤ ᠶᠢᠨ ᠢᠶᠠᠨ ᠤᠷᠤ ᠨᠥᠬᠡ ᠶᠢ ᠵᠠᠪᠠᠯ ᠴᠢᠭᠵᠢᠵᠥ ᠪᠦᠭᠯᠡᠳᠡᠭ᠂ ᠴᠢᠭᠵᠢᠬᠦ ᠥᠬᠡᠢ ᠪᠣᠯ ᠡᠵᠢ ᠲᠡᠯᠡᠬᠡᠢ ᠡᠮᠵᠡᠭᠯᠡᠨ᠎ᠡ ᠬᠡᠳᠡᠭ︔ ᠨᠡᠬᠦᠵᠤ ᠶᠠᠪᠤᠬᠤ ᠳᠤ ᠪᠠᠨ ᠬᠡᠷ ᠤᠨ ᠢᠶᠠᠨ ᠪᠠᠭᠤᠴᠠᠨ ᠲᠡᠬᠡᠷᠡᠬᠢ ᠬᠤᠭ ᠨᠤᠪᠰᠢ ᠶᠢ ᠥᠯᠡᠳᠡᠬᠡᠯ ᠥᠬᠡᠢ ᠱᠥᠬᠦᠷᠳᠡᠵᠥ ᠴᠡᠪᠡᠷᠯᠡᠳᠡᠭ ᠶᠤᠰᠤ ᠭᠤᠷᠢᠮ ᠲᠠᠢ ᠪᠠᠶᠢᠳᠠᠭ᠃ ᠡᠳᠡᠬᠡᠷ ᠰᠡᠶᠢᠬᠠᠨ ᠬᠡᠪ ᠰᠤᠷᠲᠡᠯ᠂ ᠵᠠᠩ ᠳᠠᠤᠨᠬᠠᠯ ᠨᠢ ᠪᠦᠷ ᠪᠠᠶᠢᠭᠠᠯᠢ ᠠᠬᠤᠢ᠂ ᠨᠤᠲᠤᠭ ᠤᠰᠤ ᠪᠠᠨ ᠬᠠᠮᠠᠭᠠᠯᠠᠬᠤ ᠳᠤ ᠠᠰᠢᠭᠲᠠᠢ᠂ ᠤᠳᠤ ᠴᠦ ᠬᠡᠰᠡᠨ ᠰᠤᠷᠤᠯᠴᠠᠭᠤᠰᠢᠲᠡᠢ ᠰᠢᠯᠢᠳᠡᠭ ᠵᠥᠢᠯᠡᠰ ᠪᠤᠯᠬᠤ ᠶᠣᠮ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号