ᠭᠠᠷ ᠤᠳᠠᠰᠤ ᠪᠠᠨ ᠲᠦᠷ ᠲᠠᠯᠪᠢᠭᠠᠴᠢ
ᠨᠡᠶᠢᠲᠡᠯᠡᠭᠰᠡᠨ ᠴᠠᠭ᠄
2020/11/26
    ᠮᠡᠳᠡᠭᠡᠵᠢ ᠲᠤᠰ ᠵᠠᠭᠤᠨ ᠤ ᠡᠬᠢᠨ ᠢᠶᠠᠷ ᠭᠠᠷ ᠤᠳᠠᠰᠤ ᠪᠢᠳᠡᠨ ᠤ ᠠᠮᠢᠳᠤᠷᠠᠯ ᠳᠤ ᠤᠷᠤᠵᠦ ᠢᠷᠡᠨ ᠭᠦᠮᠦᠰ ᠲᠤ ᠶᠡᠭᠡᠳᠡ ᠲᠦᠭᠦᠮ ᠦᠵᠡᠭᠦᠯᠦᠭᠰᠡᠨ ᠪᠠᠶᠢᠨ᠎ᠠ᠃ ᠦᠡᠭᠭᠡᠷᠡᠭᠰᠡᠨ ᠳᠤ ᠭᠦᠮᠦᠰ ᠵᠠᠬᠢᠳᠠᠯ ᠴᠢᠮᠡᠭᠡ ᠪᠠᠷ ᠬᠠᠷᠢᠯᠴᠠᠨ ᠨᠡᠪᠳᠡᠷᠡᠳᠡᠭ ᠪᠠᠶᠢᠭᠰᠠᠨ ᠢᠶᠠᠨ ᠰᠡᠭᠦᠯᠡᠷ ᠨᠢ ᠭᠡᠷ ᠲᠤ ᠲᠠᠯᠪᠢᠳᠠᠭ ᠳ᠋ᠢᠶᠠᠩᠬᠤᠸᠠ ᠭᠦᠮᠦᠰ ᠤᠨ ᠠᠮᠢᠳᠤᠷᠠᠯ ᠳᠤ ᠶᠡᠭᠡᠳᠡ ᠲᠦᠭᠦᠮ ᠦᠵᠡᠭᠦᠯᠵᠦ ᠪᠠᠶᠢᠭᠰᠠᠨ ᠪᠤᠯ ᠭᠠᠷ ᠤᠳᠠᠰᠤ ᠭᠠᠷᠴᠦ ᠢᠷᠡᠭᠰᠡᠨ ᠠᠴᠠ ᠬᠤᠶᠢᠰᠢ ᠭᠦᠮᠦᠰ ᠬᠤᠭᠤᠷᠤᠨᠳᠤ ᠪᠠᠨ ᠬᠠᠷᠢᠯᠴᠠᠵᠦ ᠶᠠᠪᠤᠯᠴᠠᠬᠤ ᠳᠤ ᠨᠡᠩ ᠠᠮᠠᠷᠬᠠᠨ ᠪᠤᠯᠤᠭᠰᠠᠨ ᠮᠦᠷᠳᠡᠭᠡᠨ ᠰᠡᠭᠦᠯᠴᠢ ᠶᠢᠨ ᠦᠶ᠎ᠠ ᠳᠤ ᠤᠯᠠᠨ ᠠᠷᠪᠢᠨ ᠰᠤᠷᠠᠭ ᠵᠠᠩᠭᠢ ᠶᠢ ᠴᠦ ᠪᠦᠷ ᠭᠠᠷ ᠤᠳᠠᠰᠤᠨ ᠠᠴᠠ ᠬᠠᠷᠠᠬᠤ ᠪᠤᠯᠤᠯ᠎ᠠ᠃ ᠬᠠᠮᠢᠭ᠎ᠠ ᠭᠠᠵᠠᠷ ᠲᠤ ᠴᠦ ᠭᠠᠷ ᠤᠳᠠᠰᠤ ᠪᠠᠷ ᠬᠤᠭᠤᠷᠤᠨᠳᠤ ᠪᠠᠨ ᠬᠠᠷᠢᠯᠴᠠᠬᠤ᠂ ᠭᠠᠷ ᠤᠳᠠᠰᠤ ᠪᠠᠷ ᠰᠦᠯᠵᠢᠶᠡᠨ ᠳᠤ ᠭᠠᠷᠴᠦ ᠰᠤᠨᠢᠨ ᠮᠡᠳᠡᠭᠡ ᠦᠵᠡᠭᠦ᠂ ᠮᠠᠲ᠋ᠧᠷᠢᠶᠠᠯ ᠡᠷᠢᠭᠦ᠂ ᠬᠤᠳᠠᠯᠳᠤᠭ᠎ᠠ ᠮᠠᠶᠢᠮᠠᠢ ᠬᠢᠭᠦ᠂ ᠲᠤᠭᠠᠴᠠᠭ᠎ᠠ ᠬᠢᠭᠦ᠂ ᠲᠤᠭᠯᠠᠭᠠᠮ ᠲᠤᠭᠯᠠᠬᠤ ᠭᠡᠭᠦ ᠮᠡᠳᠦ ᠪᠠᠷ ᠤᠯᠠᠨ ᠠᠵᠢᠯ ᠬᠢᠵᠦ ᠪᠤᠯᠳᠠᠭ᠃ ᠭᠠᠷ ᠤᠳᠠᠰᠤ ᠪᠤᠢ ᠪᠤᠯᠤᠬᠰᠠᠨ ᠨᠢ ᠨᠡᠶᠢᠭᠡᠮ ᠤᠨ ᠭᠦᠭᠵᠢᠯᠳᠡ ᠶᠢ ᠲᠦᠷᠭᠡᠳᠭᠡᠵᠦ᠂ ᠭᠦᠮᠦᠨ ᠠᠷᠠᠳ ᠤᠨ ᠮᠡᠳᠡᠯᠭᠡ ᠮᠡᠳᠡᠴᠡ ᠶᠢ ᠦᠷᠭᠡᠳᠭᠡᠵᠦ᠂ ᠭᠦᠮᠦᠰ ᠤᠨ ᠠᠮᠢᠳᠤᠷᠠᠯ ᠲᠤᠮᠳᠠᠬᠢ ᠲᠤᠳᠠᠭᠳᠠᠵᠦ ᠪᠤᠯᠤᠰᠢ ᠦᠭᠡᠢ ᠭᠡᠷᠡᠭᠰᠡᠯ ᠪᠤᠯᠵᠦ ᠪᠤᠢ᠃     ᠭᠠᠷ ᠤᠳᠠᠰᠤᠨ ᠤ ᠡᠳᠡᠭᠡᠷ ᠤᠯᠠᠨ ᠦᠢᠯᠡᠳᠦᠯ ᠴᠢᠳᠠᠪᠬᠢ ᠨᠢ ᠭᠦᠮᠦᠰ ᠲᠤ ᠲᠦᠭᠦᠮ ᠦᠵᠡᠭᠦᠯᠵᠦ ᠪᠠᠶᠢᠪᠠᠴᠤ ᠭᠦᠮᠦᠰ ᠤᠨ ᠡᠳᠦᠷ ᠲᠤᠳᠤᠮ ᠤᠨ ᠠᠮᠢᠳᠤᠷᠠᠯ ᠲᠤᠮᠳᠠᠬᠢ ᠤᠯᠠᠩᠭᠢ ᠴᠠᠭ ᠢ ᠭᠠᠷ ᠤᠳᠠᠰᠤ ᠡᠵᠡᠯᠡᠭᠰᠡᠨ ᠠᠴᠠ ᠪᠤᠯᠵᠦ ᠭᠦᠮᠦᠨ ᠭᠦᠮᠦᠨ ᠤ ᠬᠤᠭᠤᠷᠤᠨᠳᠤᠬᠢ ᠬᠠᠷᠢᠯᠴᠠᠭ᠎ᠠ ᠶᠠᠪᠤᠯᠴᠠᠭ᠎ᠠ ᠠᠷᠠᠢ ᠴᠦᠭᠡᠨ ᠪᠤᠯᠤᠭᠰᠠᠨ ᠰᠢᠭ᠋ ᠰᠠᠨᠠᠭᠳᠠᠯ᠎ᠠ᠃ ᠠᠵᠢᠯ ᠠᠴᠠ ᠪᠠᠨ ᠪᠠᠭᠤᠵᠦ ᠭᠡᠷ ᠲᠤ ᠪᠠᠨ ᠬᠠᠷᠢᠭᠰᠠᠨ ᠬᠤᠶᠢᠨ᠎ᠠ ᠤᠯᠠᠩᠭᠢ ᠭᠦᠮᠦᠰ ᠭᠠᠷ ᠤᠳᠠᠰᠤᠨ ᠠᠴᠠ ᠪᠠᠨ ᠰᠠᠯᠵᠦ ᠲᠡᠶᠢᠯᠭᠦ ᠦᠭᠡᠢ ᠪᠠᠶᠢᠳᠠᠭ᠃ ᠭᠡᠷ ᠵᠠᠭᠤᠷ᠎ᠠ ᠪᠠᠨ ᠰᠢᠷᠡᠭᠡ ᠬᠠᠪᠴᠢᠵᠦ ᠰᠠᠭᠤᠭᠰᠠᠨ ᠬᠤᠶᠠᠭᠤᠯᠠ ᠲᠡᠮᠡᠢ ᠭᠡᠳᠦᠨ ᠦᠭᠡ ᠰᠤᠯᠢᠯᠴᠠᠬᠤ ᠦᠭᠡᠢ ᠦᠪᠡᠷ ᠦᠪᠡᠷ ᠤᠨ ᠭᠠᠷ ᠤᠳᠠᠰᠤᠨ ᠶᠢᠷᠳᠢᠨᠴᠦ ᠪᠠᠷ ᠢᠶᠠᠨ ᠲᠤᠭᠤᠷᠢᠳᠠᠭ ᠪᠤᠯᠤᠭᠰᠠᠨ︔ ᠠᠪᠤ ᠡᠵᠢ ᠪᠠᠨ ᠪᠤᠯᠭᠤᠭᠠᠬᠤ ᠪᠠᠷ ᠭᠦᠷᠴᠢᠭᠡᠭᠡᠳ ᠠᠪᠤ ᠡᠵᠢ ᠲᠠᠢ ᠪᠠᠨ ᠵᠤᠭᠤᠭᠳᠠᠵᠦ ᠰᠠᠭᠤᠬᠤ ᠴᠠᠭ ᠨᠢ ᠭᠠᠷ ᠤᠳᠠᠰᠤ ᠦᠵᠡᠭᠦ ᠴᠠᠭ ᠠᠴᠠ ᠬᠤᠯᠠ ᠪᠠᠭ᠎ᠠ ᠪᠠᠶᠢᠭ᠎ᠠ ᠨᠢ ᠵᠦᠡᠭᠳᠡᠭᠡᠨ ᠬᠠᠷᠠᠭᠳᠠᠬᠤ ᠪᠤᠯᠤᠭᠰᠠᠨ︔ ᠦᠷ᠎ᠠ ᠭᠡᠦᠭᠡᠳ ᠢᠶᠠᠨ ᠰᠠᠭᠠᠳᠠᠭᠤᠯᠬᠤ ᠴᠠᠭ ᠨᠢ ᠴᠦᠭᠡᠷᠡᠵᠦ ᠭᠠᠷ ᠤᠳᠠᠰᠤ ᠪᠠᠷᠢᠵᠦ ᠰᠠᠭᠤᠬᠤ ᠴᠠᠭ ᠨᠢ ᠤᠯᠠᠳᠠᠭᠰᠠᠨ︔ ᠨᠠᠶᠢᠵᠠ ᠨᠦᠭᠦᠳ ᠤᠨ ᠬᠤᠭᠤᠷᠤᠨᠳᠤ ᠪᠠᠨ ᠭᠠᠷ ᠤᠳᠠᠰᠤ ᠪᠠᠷ ᠮᠡᠨᠳᠦᠴᠢᠯᠠᠨ ᠵᠤᠯᠭᠠᠵᠦ᠂ ᠠᠭᠤᠯᠵᠠᠵᠦ ᠤᠴᠠᠷᠠᠬᠤ ᠨᠢ ᠴᠦᠭᠡᠨ ᠪᠤᠯᠤᠭᠰᠠᠨ︔ ᠰᠠᠷ᠎ᠠ ᠰᠢᠨ᠎ᠠ ᠶᠢᠨ ᠮᠡᠨᠳᠦᠴᠢᠯᠡᠭᠡ ᠨᠢ ᠭᠠᠷ ᠤᠳᠠᠰᠤᠨ ᠤ ᠮᠡᠨᠳᠦᠴᠢᠯᠡᠭᠡ ᠪᠤᠯᠵᠦ᠂ ᠨᠡᠩ ᠴᠢᠨᠠᠭᠰᠢᠳᠠ ᠨᠡᠶᠢᠳᠡ ᠳᠤ ᠨᠢ ᠨᠢᠭᠡ ᠯᠠ ᠶᠠᠪᠤᠭᠤᠯᠬᠤ ᠭᠡᠯᠪᠡᠷᠢ ᠪᠠᠷ ᠤᠯᠠᠨ ᠳᠤ ᠮᠡᠨᠳᠦᠴᠢᠯᠡᠭᠡ ᠭᠦᠷᠭᠡᠭᠦ ᠪᠤᠯᠤᠭᠰᠠᠨ ᠁     ᠦᠨᠡᠨ ᠢ ᠭᠡᠯᠡᠪᠡᠯ ᠭᠠᠷ ᠤᠳᠠᠰᠤ ᠭᠦᠮᠦᠰ ᠤᠨ ᠠᠮᠢᠳᠤᠷᠠᠯ ᠳᠤ ᠤᠯᠠᠨ ᠲᠠᠯ᠎ᠠ ᠳᠤ ᠲᠦᠭᠦᠮ ᠦᠵᠡᠭᠦᠯᠵᠦ᠂ ᠠᠵᠢᠯ ᠤᠨ ᠠᠬᠢᠴᠠ ᠶᠢ ᠲᠦᠷᠭᠡᠳᠭᠡᠳᠡᠭ ᠰᠠᠶᠢᠨ ᠪᠠᠭᠠᠵᠢ ᠭᠡᠷᠡᠭᠰᠡᠯ ᠪᠠᠶᠢᠪᠠᠯ ᠵᠤᠬᠢᠨ᠎ᠠ᠃ ᠭᠡᠪᠡᠴᠦ ᠭᠡᠳᠦᠷᠭᠡᠢ ᠭᠠᠷ ᠤᠳᠠᠰᠤᠨ ᠳᠤ ᠨᠠᠶᠢᠳᠠᠵᠦ᠂ ᠤᠨᠳᠠᠬᠤ ᠠᠴᠠ ᠪᠤᠰᠤᠳ ᠴᠠᠭ ᠢᠶᠠᠨ ᠭᠠᠷ ᠤᠳᠠᠰᠤᠨ ᠳᠤ ᠪᠠᠷᠠᠪᠠᠯ ᠡᠰᠡᠷᠭᠦ ᠪᠠᠷ ᠭᠦᠮᠦᠰ ᠲᠤ ᠨᠠᠵᠠᠭᠠᠢ ᠨᠦᠯᠦᠭᠡ ᠠᠪᠴᠢᠷᠠᠵᠦ ᠪᠡᠶ᠎ᠠ ᠮᠠᠬᠠᠪᠤᠳ ᠤᠶᠤᠨ ᠰᠠᠨᠠᠭᠠᠨ ᠳᠤ ᠬᠤᠤᠷ ᠭᠦᠨᠦᠭᠡᠯ ᠪᠤᠯᠵᠦ᠂ ᠭᠡᠳᠦᠷᠭᠡᠢ ᠠᠰᠢᠭᠯᠠᠪᠡᠯ ᠬᠠᠷᠠᠭ᠎ᠠ ᠮᠠᠭᠤᠳᠠᠬᠤ᠂ ᠭᠦᠵᠦᠭᠦᠦ ᠰᠡᠭᠡᠷ ᠤᠨ ᠡᠪᠡᠳᠴᠢᠨ ᠤᠯᠬᠤ ᠭᠡᠮᠵᠢᠶᠠᠨ ᠳᠤ ᠭᠦᠷᠭᠡᠨ᠎ᠠ     ᠤᠳᠤ ᠶᠢᠨ ᠨᠡᠶᠢᠭᠡᠮ ᠳᠤ ᠭᠠᠷ ᠤᠳᠠᠰᠤ ᠨᠢ ᠪᠢᠳᠡᠨ ᠤ ᠠᠵᠢᠯ ᠠᠮᠢᠳᠤᠷᠠᠯ ᠠᠴᠠ ᠰᠠᠯᠵᠦ ᠪᠤᠯᠤᠰᠢ ᠦᠭᠡᠢ ᠪᠠᠭᠠᠵᠢ ᠭᠡᠷᠡᠭᠰᠡᠯ ᠪᠤᠯᠵᠦ ᠪᠠᠶᠢᠪᠠᠴᠤ ᠭᠠᠷ ᠤᠳᠠᠰᠤ ᠶᠢ ᠭᠡᠷᠡᠭᠯᠡᠭᠦ ᠴᠢᠬᠤᠯᠠ ᠦᠭᠡᠢ ᠦᠶᠡᠰ ᠲᠤ ᠪᠠᠨ ᠨᠢᠳᠦ ᠪᠠᠨ ᠠᠮᠠᠷᠠᠭᠤᠯᠵᠦ᠂ ᠤᠢᠢᠷ᠎ᠠ ᠬᠠᠪᠢ ᠶᠢᠨ ᠢᠶᠠᠨ ᠭᠦᠮᠦᠨ ᠪᠤᠯᠤᠨ ᠤᠷᠴᠢᠨ ᠲᠤᠭᠤᠷᠢᠨ ᠳᠤ ᠪᠠᠨ ᠢᠯᠡᠭᠦᠭᠡᠨ ᠠᠩᠬᠠᠷᠤᠯ ᠢᠶᠠᠨ ᠲᠠᠯᠪᠢᠵᠤ ᠪᠠᠶᠢᠭᠠᠴᠢ︕ ᠠᠳᠡ ᠭᠠᠷ ᠤᠳᠠᠰᠤᠨ ᠠᠴᠠ ᠰᠤᠨᠢᠷᠬᠠᠯ ᠲᠠᠢ ᠵᠦᠢᠯᠡᠰ ᠪᠠᠰᠠ ᠪᠠᠶᠢᠵᠦ ᠮᠠᠭᠠᠳ⁈
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号