ᠲᠦᠰᠦᠪ ᠳᠦᠯᠦᠪᠯᠡᠭᠡ ᠪᠤᠯ ᠵᠠᠮᠴᠢ
ᠨᠡᠶᠢᠲᠡᠯᠡᠭᠰᠡᠨ ᠴᠠᠭ᠄
2020/10/12
    ᠲᠦᠰᠦᠪ ᠳᠦᠯᠦᠪᠯᠡᠭᠡ ᠭᠠᠷᠭᠠᠵᠦ ᠴᠢᠳᠠᠳᠠᠭ ᠬᠦᠮᠦᠰ ᠢᠷᠡᠭᠡᠳᠦᠢ ᠶᠢᠨ ᠵᠠᠮ ᠢᠶᠠᠨ ᠤᠯᠤᠭᠠᠳ ᠬᠠᠷᠠᠴᠢᠬᠠᠭᠰᠠᠨ ᠪᠠᠶᠢᠳᠠᠭ᠃ ᠬᠤᠵᠢᠮ ᠢᠡᠭᠬᠢᠨ᠎ᠡ ᠴᠢᠩᠬᠢᠨ᠎ᠠ ᠭᠡᠳ ᠳᠤᠳᠤᠷᠬᠠᠢ ᠴᠢᠭᠯᠡᠯ ᠳᠤᠭᠳᠠᠭᠠᠵᠦ ᠶᠠᠭᠤ ᠬᠢᠬᠦ ᠪᠠᠨ ᠮᠡᠳᠡᠴᠢᠭᠡᠭᠰᠡᠨ ᠬᠦᠮᠦᠨ ᠵᠤᠷᠢᠭᠳᠠᠢ ᠠᠯᠬᠤᠳᠠᠭ᠃ ᠤᠴᠢᠷ ᠨᠢ ᠳᠡᠬᠦᠨ ᠳᠤ ᠵᠠᠮᠴᠢ ᠲᠠᠢ ᠪᠠᠶᠢᠵᠦ᠂ ᠬᠦᠰᠡᠭᠰᠡᠨ ᠪᠤᠳᠤᠭᠰᠠᠨ ᠳᠤ ᠪᠠᠨ ᠰᠠᠭᠠᠳᠠᠯ ᠦᠭᠡᠢ ᠬᠦᠷᠬᠦ ᠨᠢ ᠨᠢᠭᠡ ᠶᠤᠰᠤᠨ ᠤ ᠪᠠᠳᠤᠯᠠᠭ᠎ᠠ ᠲᠠᠢ ᠪᠠᠶᠢᠳᠠᠭ᠃ ᠮᠠᠯᠵᠢᠬᠤ ᠦᠢᠯᠡᠳᠪᠤᠷᠢᠯᠡᠯ ᠡᠵᠡᠩᠨᠡᠭᠡᠳ ᠵᠢᠯ ᠤᠨ ᠵᠢᠯ ᠠᠮᠵᠢᠯᠳᠠ ᠲᠠᠢ ᠶᠠᠪᠤᠭ᠎ᠠ ᠮᠠᠯᠴᠢᠳ ᠲᠤ ᠶᠠᠳᠠᠬᠤ ᠳᠤ ᠪᠠᠨ ᠨᠢᠭᠡ ᠵᠢᠯ ᠤᠨ ᠳᠦᠰᠦᠪ ᠳᠦᠯᠦᠪᠯᠡᠭᠡ ᠪᠠᠶᠢᠳᠠᠭ᠃ ᠳᠡᠳᠡ ᠬᠤᠶᠢᠳᠦᠨ ᠵᠢᠯ ᠪᠤᠯᠳᠠᠯ᠎ᠠ ᠡᠪᠡᠰᠦ ᠪᠤᠷᠳᠤᠭ᠎ᠠ ᠪᠠᠨ ᠬᠡᠷᠬᠢᠨ ᠵᠤᠬᠢᠴᠠᠭᠤᠯᠬᠤ᠂ ᠨᠤᠲᠤᠭ ᠪᠡᠯᠴᠢᠭᠡᠷ ᠢᠶᠠᠨ ᠬᠡᠷᠬᠢᠨ ᠠᠰᠢᠭᠯᠠᠬᠤ᠂ ᠬᠡᠳᠦᠢ ᠮᠠᠯ ᠵᠠᠷᠤᠴᠠᠭᠤᠯᠬᠤ᠂ ᠮᠠᠯ ᠵᠠᠷᠤᠴᠠᠭᠤᠯᠤᠭᠰᠠᠨ ᠤᠷᠤᠯᠭ᠎ᠠ ᠪᠠᠨ ᠶᠠᠭᠤᠨ ᠳᠤ ᠬᠡᠷᠡᠭᠯᠡᠬᠦ᠂ ᠭᠡᠷ ᠤᠷᠤᠨ ᠬᠤᠷᠤᠭ᠎ᠠ ᠬᠠᠰᠢᠶ᠎ᠠ ᠪᠠᠨ ᠵᠠᠰᠠᠵᠦ ᠰᠡᠯᠪᠢᠬᠦ ᠭᠡᠳ ᠤᠯᠠᠨ ᠵᠦᠢᠯ ᠢ ᠳᠤᠬᠢᠷᠠᠭᠤᠯᠵᠦ᠂ ᠤᠨᠴᠠ ᠵᠠᠷᠢᠮ ᠨᠢ ᠪᠦᠷ ᠳᠠᠩᠰᠠ ᠳᠤᠭᠠᠴᠠᠭ᠎ᠠ ᠬᠢᠵᠦ ᠤᠷᠤᠯᠭ᠎ᠠ ᠵᠠᠷᠤᠯᠭ᠎ᠠ ᠪᠠᠨ ᠬᠤᠪᠢᠶᠠᠷᠢᠯᠠᠴᠢᠬᠠᠭᠰᠠᠨ ᠪᠠᠶᠢᠳᠠᠭ᠃ ᠢᠡᠭᠬᠢᠵᠦ ᠳᠦᠰᠦᠪᠯᠡᠵᠦ ᠳᠤᠭᠳᠠᠵᠦ ᠴᠢᠳᠠᠪᠠᠯ ᠨᠢᠭᠡ ᠳᠠᠯ᠎ᠠ ᠪᠠᠷ ᠤᠷᠤᠯᠭ᠎ᠠ ᠪᠠᠨ ᠪᠠᠳᠤᠯᠠᠵᠦ ᠴᠢᠳᠠᠬᠤ ᠪᠠᠷ ᠪᠠᠷᠠᠬᠤ ᠦᠭᠡᠢ᠂ ᠨᠦᠬᠦᠭᠡ ᠳᠠᠯ᠎ᠠ ᠪᠠᠷ ᠵᠠᠷᠤᠯᠭ᠎ᠠ ᠪᠠᠨ ᠬᠡᠮ ᠬᠡᠮᠵᠢᠶ᠎ᠡ ᠲᠠᠢ ᠪᠠᠶᠢᠯᠭᠠᠵᠦ᠂ ᠬᠡᠷᠡᠭ ᠦᠭᠡᠢ ᠵᠠᠷᠤᠳᠠᠯ ᠭᠠᠷᠬᠤ ᠠᠴᠠ ᠰᠡᠷᠬᠡᠶᠢᠯᠡᠵᠦ ᠪᠤᠯᠳᠠᠭ᠃     ᠳᠦᠰᠦᠪ  ᠳᠦᠯᠦᠪᠯᠡᠭᠡ  ᠭᠠᠷᠭᠠᠭᠰᠠᠨ  ᠴᠦ  ᠵᠠᠷᠢᠮ ᠦᠶ᠎ᠡ ᠳᠤ ᠬᠤᠪᠢᠷᠠᠭᠤᠯᠬᠤ ᠬᠡᠷᠡᠭᠳᠡᠢ ᠳᠤᠬᠢᠶᠠᠯᠳᠤᠯ ᠪᠠᠶᠢᠳᠠᠭ᠃ ᠤᠴᠢᠷ ᠨᠢ ᠪᠠᠶᠢᠳᠠᠯ ᠪᠠᠶᠢᠡᠭᠭᠤ ᠬᠤᠪᠢᠷᠠᠵᠦ ᠪᠠᠶᠢᠳᠠᠭ ᠪᠤᠯᠬᠤᠷ ᠢᠷᠡᠭᠡᠳᠦᠢ ᠶᠢᠨ ᠤᠴᠢᠷ ᠶᠠᠪᠤᠳᠠᠯ ᠢ ᠶᠠᠭ ᠮᠦᠨ ᠢᠶᠠᠷ ᠨᠢ ᠳᠦᠰᠦᠭᠡᠯᠡᠬᠦ ᠶᠢᠨ ᠠᠷᠭ᠎ᠠ ᠦᠭᠡᠢ ᠶᠤᠮ᠃ ᠭᠡᠬᠦ ᠳᠤ ᠪᠠᠨ ᠬᠤᠪᠢᠷᠠᠭᠰᠠᠨ ᠴᠦ ᠪᠠᠭ᠎ᠠ ᠰᠠᠭ᠎ᠠ ᠬᠤᠪᠢᠷᠠᠯᠳᠠ ᠨᠢ ᠶᠡᠭᠡ ᠳᠠᠯ᠎ᠠ ᠶᠢ ᠳᠡᠭᠡᠵᠦ ᠶᠡᠭᠡ ᠨᠦᠯᠦᠭᠡᠯᠡᠬᠦ ᠦᠭᠡᠢ ᠪᠠᠶᠢᠳᠠᠭ᠃ ᠶᠠᠷᠢᠶᠠᠨ ᠦᠭᠡᠢ ᠵᠠᠷᠢᠮ ᠳᠠᠯ᠎ᠠ ᠶᠢᠨ ᠳᠦᠰᠦᠪ ᠳᠦᠯᠦᠪᠯᠡᠭᠡ ᠨᠢ ᠱᠠᠯ ᠤᠨᠳᠤᠤ ᠶᠠᠭᠤᠮ᠎ᠠ ᠪᠤᠯᠴᠢᠬᠠᠭᠰᠠᠨ ᠨᠢ ᠴᠦ ᠪᠤᠢ᠃ ᠭᠡᠬᠦ ᠳᠤ ᠪᠠᠨ ᠶᠠᠭᠠᠬᠢᠬᠤ ᠡᠶᠢᠬᠦ ᠪᠠᠨ ᠮᠡᠳᠡᠬᠦ ᠦᠭᠡᠢ ᠰᠠᠮᠠᠭᠠᠷᠳᠠᠬᠤ ᠶᠢᠨ ᠤᠷᠤᠨ ᠳᠤ ᠶᠠᠳᠠᠵᠦ ᠨᠢᠭᠡ ᠬᠤᠶᠠᠷ ᠵᠢᠯ ᠤᠨ ᠳᠦᠰᠦᠪ ᠳᠦᠯᠤᠪᠯᠡᠭᠡ ᠶᠢ ᠠᠵᠢᠯ ᠦᠢᠯᠡᠰ ᠤᠨ ᠵᠠᠮ ᠳᠤ ᠪᠠᠨ ᠳᠤᠭᠳᠠᠭᠠᠴᠢᠬᠠᠭᠰᠠᠨ ᠪᠠᠶᠢᠬᠤ ᠨᠢ ᠵᠦᠪ ᠪᠢᠯᠡ᠃ ᠳᠦᠰᠦᠪ ᠳᠦᠯᠤᠪᠯᠡᠭᠡ ᠭᠠᠷᠭᠠᠬᠤ ᠨᠢ ᠵᠠᠪᠠᠯ ᠰᠠᠨᠠᠭᠠᠨ ᠳᠤ ᠪᠠᠨ ᠬᠦᠷᠬᠦ ᠶᠢᠨ ᠳᠡᠮᠡᠴᠡᠯ ᠪᠢᠰᠢ᠂ ᠬᠠᠷᠢᠨ ᠶᠠᠮᠠᠷ ᠨᠢᠭᠡᠨ ᠵᠦᠭ ᠲᠤ ᠠᠷᠭ᠎ᠠ ᠪᠦᠬᠦᠨ ᠢ ᠰᠦᠪᠡᠭᠴᠢᠯᠡᠨ ᠤᠴᠢᠬᠤ ᠶᠢᠨ ᠨᠡᠷ᠎ᠠ ᠶᠤᠮ᠃ ᠮᠦᠨᠴᠦ ᠦᠪᠡᠷ ᠢ ᠪᠠᠨ ᠳᠠᠶᠢᠴᠢᠯᠠᠬᠤ᠂ ᠠᠮᠢᠳᠤᠷᠠᠯ ᠠᠵᠢᠯ ᠦᠢᠯᠡᠰ ᠢᠶᠠᠨ ᠢᠳᠡᠭᠡᠯ ᠳᠦᠬᠦᠷᠡᠩ ᠢᠶᠠᠷ ᠠᠪᠴᠦ ᠶᠠᠪᠤᠬᠤ᠂ ᠢᠷᠡᠭᠡᠳᠦᠢ ᠶᠢ ᠨᠡᠩ ᠰᠠᠶᠢᠬᠠᠨ ᠢᠶᠠᠷ ᠳᠦᠰᠦᠭᠡᠯᠡᠬᠦ ᠭᠡᠳ ᠤᠯᠠᠨ ᠳᠠᠯ᠎ᠠ ᠲᠠᠢ ᠬᠤᠯᠪᠤᠭᠳᠠᠭᠰᠠᠨ ᠠᠮᠢᠳᠤᠷᠠᠬᠤᠢ ᠶᠢᠨ ᠦᠵᠡᠯᠳᠡ ᠪᠢᠯᠡ᠃     ᠲᠦᠰᠦᠪ ᠳᠦᠯᠦᠪᠯᠡᠭᠡ ᠬᠡᠳᠡᠭ ᠨᠢ ᠵᠦᠭᠡᠷ ᠬᠡᠢ ᠬᠤᠭᠤᠰᠤᠨ ᠪᠤᠳᠤᠯ ᠪᠢᠰᠢ ᠶᠤᠮ᠃ ᠪᠤᠳᠤᠭᠠᠳ ᠯᠡ ᠪᠦᠳᠦᠭᠡᠳ ᠯᠡ ᠪᠠᠶᠢᠳᠠᠭ ᠪᠤᠯ ᠠᠮᠢᠳᠤᠷᠠᠯ ᠳᠡᠮᠡᠴᠡᠯ ᠶᠠᠮᠠᠷ ᠴᠦ ᠤᠳᠬ᠎ᠠ ᠠᠭᠤᠯᠭ᠎ᠠ ᠦᠭᠡᠢ ᠪᠤᠯᠬᠤ ᠨᠢ ᠮᠡᠳᠡᠭᠡᠵᠢ᠃ ᠳᠦᠰᠦᠪ ᠳᠦᠯᠤᠪᠯᠡᠭᠡ ᠭᠡᠳᠡᠭ ᠨᠢ ᠪᠤᠳᠤᠯ ᠤᠨ ᠢᠶᠠᠨ ᠳᠠᠭᠠᠤ ᠳᠤᠭᠳᠠᠭᠠᠭᠰᠠᠨ ᠤᠯᠠᠨ ᠠᠷᠭ᠎ᠠ ᠠᠪᠴᠠᠯ᠂ ᠨᠡᠭᠡᠭᠡᠭᠰᠡᠨ ᠵᠠᠮ ᠪᠠᠶᠢᠳᠠᠭ᠃ ᠦᠪᠡᠷ ᠤᠨ ᠭᠡᠰᠡᠨ ᠠᠷᠭ᠎ᠠ ᠤᠬᠠᠭᠠᠨ ᠢᠶᠠᠷ ᠢᠶᠠᠨ ᠵᠠᠮ ᠨᠡᠭᠡᠭᠡᠵᠦ ᠠᠶᠠᠯᠠᠬᠤ ᠳᠤ ᠰᠠᠨᠠᠭᠰᠠᠨ ᠪᠤᠳᠤᠭᠰᠠᠨ ᠳᠤ ᠪᠠᠨ ᠬᠦᠷᠬᠦ ᠨᠢ ᠵᠦᠢ᠃ ᠳᠦᠰᠦᠪ ᠳᠦᠯᠦᠪᠯᠡᠭᠡ ᠭᠠᠷᠭᠠᠬᠤ ᠳᠤ ᠦᠪᠡᠷ ᠤᠨ ᠦᠢᠯᠡᠳᠪᠤᠷᠢᠯᠡᠯ ᠡᠵᠡᠩᠨᠡᠯᠳᠡ᠂ ᠠᠵᠢᠯ ᠳᠦᠷᠦᠯ᠂ ᠠᠵᠤ ᠠᠬᠤᠢ ᠶᠢᠨ ᠪᠠᠶᠢᠳᠠᠯ᠂ ᠳᠤᠷ᠎ᠠ ᠰᠤᠨᠢᠷᠬᠠᠯ ᠵᠡᠷᠭᠡ ᠤᠯᠠᠨ ᠳᠠᠯ᠎ᠠ ᠳᠤ ᠳᠤᠬᠢᠷᠠᠭᠰᠠᠨ ᠪᠠᠶᠢᠬᠤ ᠨᠢ ᠴᠢᠬᠤᠯᠠ᠃ ᠪᠤᠳᠠᠳᠤ ᠪᠠᠶᠢᠳᠠᠯ ᠲᠠᠢ ᠪᠠᠨ ᠨᠡᠶᠢᠴᠡᠬᠦ ᠦᠭᠡᠢ ᠵᠦᠢᠯ ᠪᠤᠯ ᠵᠦᠭᠡᠷ ᠯᠡ ᠬᠤᠭᠤᠰᠤᠨ ᠪᠤᠳᠤᠯ ᠶᠤᠮ᠃ ᠲᠦᠰᠦᠪ ᠳᠦᠯᠦᠪᠯᠡᠭᠡ ᠨᠢ ᠦᠪᠡᠷ ᠤᠨ ᠢᠶᠠᠨ ᠬᠦᠷᠴᠦ ᠪᠤᠯᠬᠤ᠂ ᠬᠦᠢᠴᠡᠭᠡᠵᠦ ᠳᠡᠶᠢᠯᠬᠦ ᠬᠡᠮᠵᠢᠶᠡᠨ ᠤ ᠬᠢ ᠪᠠᠶᠢᠭᠰᠠᠨ ᠢᠶᠠᠷ ᠯᠡ ᠵᠠᠮᠴᠢ ᠪᠤᠯᠵᠦ ᠳᠡᠶᠢᠯᠦᠨ᠎ᠡ᠃ ᠵᠠᠮᠴᠢ ᠵᠦᠪ ᠪᠤᠯ ᠵᠦᠭ ᠠᠯᠳᠠᠬᠤ ᠦᠭᠡᠢ ᠪᠠᠶᠢᠳᠠᠭ᠃ ᠳᠦᠰᠦᠪ ᠳᠦᠯᠦᠪᠯᠡᠭᠡ ᠶᠢ ᠤᠬᠤᠷ ᠬᠤᠭᠤᠴᠠᠭᠠᠨ ᠤ᠂ ᠤᠷᠳᠤ ᠬᠤᠭᠤᠴᠠᠭᠠᠨ ᠤ ᠬᠡᠮᠡᠨ ᠠᠰ ᠠᠰ ᠲᠤ ᠨᠢ ᠳᠤᠭᠳᠠᠭᠠᠵᠦ ᠠᠯᠬᠤᠮ ᠠᠯᠬᠤᠮ ᠢᠶᠠᠷ ᠤᠷᠤᠭᠰᠢᠯᠠᠬᠤ ᠨᠢ ᠵᠠᠮ ᠢ ᠤᠯᠠᠮ ᠰᠢᠯᠤᠭᠤᠳᠬᠠᠵᠦ᠂ ᠵᠤᠷᠢᠯᠳᠠ ᠬᠠᠷᠠᠯᠳᠠ ᠳᠤ ᠠᠮᠠᠷᠬᠠᠨ ᠬᠦᠷᠭᠡᠬᠦ ᠪᠤᠯᠤᠨ᠎ᠠ᠃ ᠳᠦᠰᠦᠪ ᠳᠦᠯᠦᠪᠯᠡᠭᠡ ᠨᠢ ᠵᠠᠮᠴᠢ ᠮᠡᠳᠦ ᠪᠠᠷ ᠳᠠ ᠪᠢᠳᠡᠨ ᠢ ᠳᠠᠭᠠᠭᠤᠯᠵᠦ ᠠᠵᠢᠯ ᠦᠢᠯᠡᠰ ᠤᠨ ᠬᠠᠷᠠᠯᠳᠠ ᠵᠤᠷᠢᠯᠳᠠ ᠳᠤ ᠬᠦᠷᠭᠡᠳᠡᠭ ᠪᠤᠯᠬᠤᠷ ᠢᠷᠡᠭᠡᠳᠦᠢ ᠪᠠᠨ ᠪᠠᠶᠢᠡᠭᠭᠤ ᠪᠤᠳᠤᠵᠦ ᠲᠦᠰᠦᠪᠯᠡᠵᠦ ᠪᠠᠶᠢᠬᠤ ᠨᠢ ᠦᠪᠡᠷ ᠲᠤ ᠳᠠᠨᠢ ᠠᠰᠢᠭᠳᠠᠢ ᠪᠢᠯᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号