ᠠᠯᠤᠰ ᠳᠠᠯᠠᠢ ᠶᠢᠨ ᠤᠯᠤᠰ ᠲᠤ ᠬᠦᠷᠴᠤ ᠠᠷᠭ᠎ᠠ ᠲᠤᠷᠰᠢᠯᠭ᠎ᠠ ᠬᠠᠶᠢᠭᠰᠠᠨ ᠭᠤᠷᠪᠠᠨ ᠮᠠᠯᠴᠢᠨ
ᠨᠡᠶᠢᠲᠡᠯᠡᠭᠰᠡᠨ ᠴᠠᠭ᠄
2025/5/30
     ᠮᠠᠨ ᠤ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠤᠮᠤᠨ ᠤ ᠱᠠᠤᠲᠤ ᠭᠠᠴᠠᠭᠠᠨ ᠤ ᠵᠠᠯᠠᠭᠤ ᠮᠠᠯᠴᠢᠨ ᠤᠮᠤᠭᠰᠢᠯ᠂ ᠵᠡᠭᠦᠨ ᠦᠵᠦᠮᠦᠴᠢᠨ ᠬᠤᠰᠢᠭᠤᠨ ᠤ ᠤᠯᠢᠶᠠᠰᠤᠲᠠᠢ ᠪᠠᠯᠭᠠᠰᠤᠨ ᠤ ᠠᠮᠤᠭᠤᠯᠠᠩᠪᠤᠯᠠᠭ ᠭᠠᠴᠠᠭᠠᠨ ᠤ ᠵᠠᠯᠠᠭᠤ ᠮᠠᠯᠴᠢᠨ ᠰᠠᠶᠢᠨᠪᠠᠭᠠᠲᠤᠷ᠂ ᠵᠡᠭᠦᠨ ᠦᠵᠦᠮᠦᠴᠢᠨ ᠬᠤᠰᠢᠭᠤᠨ ᠤ ᠭᠠᠬᠢᠯ ᠰᠤᠮᠤᠨ ᠤ ᠡᠷᠢᠶᠡᠨᠭᠤᠪᠢ ᠭᠠᠴᠠᠭᠠᠨ ᠤ ᠮᠠᠯᠴᠢᠨ ᠰᠢᠳᠤᠷᠭᠤ ᠮᠠᠯ ᠮᠠᠯᠵᠢᠯ ᠤᠨ ᠦᠢᠯᠡᠰ ᠢᠶᠠᠷ ᠳᠡᠯᠡᠭᠡᠢ ᠶᠢᠨ ᠲᠡᠷᠢᠭᠦᠨ ᠪᠠᠶᠢᠷᠢᠨ ᠳᠤ ᠪᠠᠶᠢᠭ᠎ᠠ  ᠠᠦ᠋ᠰᠲᠷᠠᠯᠢᠶ᠎ᠠ ᠤᠯᠤᠰ ᠲᠤ ᠬᠦᠷᠴᠠᠢ᠃ ᠲᠡᠳᠡ ᠭᠤᠷᠪᠠᠭᠤᠯᠠ ᠨᠤᠲᠤᠭ ᠤᠨ ᠬᠡᠳᠦᠨ ᠮᠠᠯᠴᠢᠨ ᠤ ᠪᠠᠨ ᠨᠠᠶᠢᠳᠠᠯᠭ᠎ᠠ ᠪᠠᠷ  ᠠᠦ᠋ᠰᠲᠷᠠᠯᠢᠶ᠎ᠠ ᠠᠴᠠ 70 ᠰᠢᠯᠢᠳᠡᠭ ᠡᠭᠦᠯᠳᠡᠷ ᠤᠨ ᠪᠢᠷᠠᠭᠤ ᠬᠤᠳᠠᠯᠳᠤᠨ ᠠᠪᠤᠭᠰᠠᠨ ᠪᠦᠭᠡᠳ ᠤᠳᠤ ᠦᠶ᠎ᠠ ᠶᠢᠨ ᠮᠠᠯ ᠠᠵᠤ ᠠᠬᠤᠢ ᠶᠢ ᠬᠦᠭᠵᠢᠬᠦᠯᠬᠦ ᠮᠡᠳᠡᠯᠭᠡ ᠮᠡᠳᠡᠴᠡ ᠪᠠᠨ ᠦᠷᠭᠡᠳᠬᠡᠬᠦ ᠪᠠᠷ ᠪᠤᠲᠠᠲᠠᠢ ᠦᠢᠯᠡᠳᠦᠯᠭᠡ ᠳᠡᠭᠡᠷ᠎ᠠ ᠨᠢ ᠪᠠᠶᠢᠴᠠᠭᠠᠯᠲᠠ ᠬᠢᠵᠡᠢ᠃ ᠲᠡᠭᠡᠪᠡᠯ ᠤᠮᠤᠭᠰᠢᠯ᠂ ᠰᠠᠶᠢᠨᠪᠠᠭᠠᠲᠤᠷ᠂ ᠰᠢᠳᠤᠷᠭᠤ ᠨᠠᠷ ᠠᠦ᠋ᠰᠲᠷᠠᠯᠢᠶ᠎ᠠ ᠤᠯᠤᠰ ᠲᠤ ᠶᠠᠭᠤ ᠦᠵᠡᠵᠤ ᠰᠤᠷᠤᠯᠴᠠᠭᠰᠠᠨ ᠪᠤᠯ︖ ᠲᠡᠳᠡᠨ ᠤ ᠪᠠᠨ ᠤᠯᠤᠯᠳᠠ ᠲᠦᠷᠦᠭᠳᠡᠯ᠂ ᠰᠠᠨᠠᠭ᠎ᠠ ᠪᠤᠳᠤᠯ ᠢ ᠨᠢ ᠤᠡᠭᠰᠢᠭᠴᠢᠳ ᠲᠤ ᠪᠠᠨ ᠬᠦᠷᠭᠡᠶ᠎ᠠ᠃      ᠰᠤᠷᠪᠤᠯᠵᠢᠯᠠᠭᠴᠢ᠄ ᠤᠳᠤ ᠠᠴᠠ ᠶᠠᠭ ᠭᠤᠴᠢᠨ ᠵᠢᠯ ᠤᠨ ᠡᠮᠦᠨ᠎ᠠ ᠠᠪᠤᠷᠭᠤ ᠮᠠᠯᠴᠢᠨ ᠪᠠᠳᠮᠠᠰᠡᠷᠡᠩ ᠵᠡᠷᠭᠡ ᠲᠤᠯᠤᠭᠠᠨ ᠮᠠᠯᠴᠢᠨ  ᠠᠦ᠋ᠰᠲᠷᠠᠯᠢᠶ᠎ᠠ ᠤᠯᠤᠰ ᠲᠤ ᠬᠦᠷᠴᠤ᠂ ᠬᠦᠭᠵᠢᠭᠰᠡᠨ ᠤᠯᠤᠰ ᠤᠨ ᠲᠠᠪᠰᠢᠭᠰᠠᠨ ᠮᠠᠯ ᠠᠵᠤ ᠠᠬᠤᠢ ᠠᠴᠠ ᠰᠤᠷᠤᠯᠴᠠᠵᠤ ᠪᠠᠶᠢᠭᠰᠠᠨ ᠶᠤᠮ᠃ ᠦᠨᠤᠳᠤᠷ ᠲᠠ ᠭᠤᠷᠪᠠ ᠲᠡᠷᠡ ᠤᠯᠤᠰ ᠲᠤ ᠬᠦᠷᠦᠭᠰᠡᠨ ᠤ ᠤᠴᠢᠷ ᠰᠢᠯᠲᠠᠭᠠᠨ ᠶᠠᠭᠤ ᠪᠠᠶᠢᠨ᠎ᠠ︖      ᠤᠮᠤᠭᠰᠢᠯ᠄ ᠬᠠᠮᠤᠭ ᠤᠨ ᠲᠡᠷᠢᠭᠦᠨ ᠳᠤ ᠬᠦᠭᠵᠢᠭᠰᠡᠨ ᠤᠯᠤᠰ ᠢᠶᠠᠷ ᠬᠦᠷᠴᠤ᠂ ᠨᠢᠳᠤ ᠨᠡᠭᠡᠭᠡᠶ᠎ᠠ ᠭᠡᠰᠡᠨ ᠪᠤᠳᠤᠯ ᠠᠴᠠ ᠶᠠᠪᠤᠭᠰᠠᠨ᠃ ᠪᠢ ᠤᠶᠤᠲᠠᠨ ᠠᠮᠢᠳᠤᠷᠠᠯ ᠢᠶᠠᠨ ᠲᠡᠭᠦᠰᠭᠡᠵᠤ᠂ ᠨᠤᠲᠤᠭ ᠪᠤᠴᠠᠭᠰᠠᠨ ᠤ ᠳᠠᠷᠠᠭ᠎ᠠ  ᠰᠢᠮᠧᠨ᠋ᠲ᠋ᠠᠷ ᠡᠭᠦᠯᠳᠡᠷ ᠤᠨ ᠦᠬᠡᠷ ᠮᠠᠯᠵᠢᠭᠠᠳ ᠨᠢᠭᠡᠨᠲᠡ ᠳᠤᠯᠤᠭᠠᠨ ᠵᠢᠯ ᠤᠨ ᠨᠢᠭᠤᠷ ᠦᠵᠡᠵᠦ ᠪᠠᠶᠢᠨ᠎ᠠ᠃ ᠡᠨᠡ ᠶᠠᠪᠤᠴᠠ ᠳᠤ ᠮᠠᠰᠢ ᠤᠯᠠᠨ ᠠᠰᠠᠭᠤᠳᠠᠯ ᠲᠤᠬᠢᠶᠠᠯᠳᠤᠯ᠎ᠠ᠂ ᠰᠢᠨ᠎ᠡ ᠠᠷᠭ᠎ᠠ ᠬᠠᠭᠤᠴᠢᠨ ᠠᠪᠳᠠᠯ ᠢᠶᠠᠷ ᠰᠶᠢᠳᠪᠦᠷᠢᠯᠡᠭᠰᠡᠭᠡᠷ ᠯᠡ ᠢᠷᠡᠭᠰᠡᠨ᠃ ᠲᠡᠭᠡᠭᠡᠳ ᠡᠨᠡ ᠤᠳᠠᠭ᠎ᠠ ᠤᠴᠢᠬᠤ ᠳᠤ ᠪᠠᠨ ᠪᠢᠳᠡᠨ ᠲᠠᠢ ᠠᠳᠠᠯᠢᠬᠠᠨ ᠦᠬᠡᠷ ᠢ ᠶᠠᠭᠠᠬᠢᠵᠦ ᠮᠠᠯᠵᠢᠭᠠᠳ ᠪᠢᠳᠡᠨ ᠠᠴᠠ ᠢᠯᠡᠭᠦᠦ ᠦᠷ᠎ᠡ ᠠᠰᠢᠭ ᠤᠯᠵᠦ ᠪᠠᠶᠢᠬᠤ᠂ ᠳᠡᠳᠡᠨ ᠤ ᠮᠠᠯᠵᠢᠬᠤ ᠠᠷᠭ᠎ᠠ ᠠᠪᠴᠠᠯ᠂ ᠰᠠᠭᠤᠷᠢ ᠪᠦᠲᠦᠭᠡᠨ ᠪᠠᠶᠢᠭᠤᠯᠤᠯᠲᠠ ᠨᠢ ᠠᠯᠢ ᠲᠠᠯ᠎ᠠ ᠪᠠᠷ ᠢᠶᠠᠨ ᠪᠢᠳᠡᠨ ᠠᠴᠠ ᠳᠠᠪᠠᠭᠤᠯᠢᠭ ᠲᠠᠢ ᠪᠠᠶᠢᠬᠤ ᠶᠢ ᠨᠢᠳᠦ ᠪᠠᠷ ᠢᠶᠠᠨ ᠦᠵᠡᠵᠦ᠂ ᠪᠤᠲᠠᠲᠠᠢ ᠪᠠᠷ ᠤᠶᠢᠯᠠᠭᠠᠶ᠎ᠡ ᠭᠡᠵᠦ ᠪᠤᠳᠤᠭᠰᠠᠨ ᠶᠤᠮ᠃ ᠡᠭᠦᠨ ᠤ ᠳᠠᠭᠠᠤ ᠴᠡᠪᠡᠷ ᠡᠭᠦᠯᠳᠡᠷ ᠤᠨ ᠦᠬᠡᠷ ᠠᠪᠴᠦ᠂ ᠦᠪᠡᠷ ᠤᠨ ᠦᠬᠡᠷ ᠤᠨ ᠡᠭᠦᠯᠳᠡᠷ ᠢᠶᠠᠨ ᠤᠯᠠᠮ ᠰᠢᠯᠢᠳᠡᠭᠵᠢᠭᠦᠯᠬᠦ ᠶᠢ ᠪᠤᠳᠤᠯ᠎ᠠ᠃      ᠰᠠᠶᠢᠨᠪᠠᠭᠠᠲᠤᠷ᠄ ᠲᠡᠶᠢᠮᠦ ᠡ︕ ᠮᠠᠯᠴᠢᠨ ᠬᠦᠮᠦᠨ ᠪᠤᠯᠤᠭᠰᠠᠨ ᠤ ᠬᠤᠪᠢ ᠳᠤ ᠦᠪᠡᠷ ᠤᠨ ᠮᠠᠯᠵᠢᠯ ᠤᠨ ᠤᠬᠠᠭᠠᠨ ᠢᠶᠠᠨ ᠲᠠᠰᠤᠷᠠᠯᠲᠠ ᠦᠭᠡᠢ ᠨᠡᠮᠡᠭᠳᠡᠭᠦᠯᠵᠦ᠂ ᠰᠢᠨᠵᠢᠯᠡᠬᠦ ᠤᠬᠠᠭᠠᠨᠴᠢ ᠪᠠᠷ ᠮᠠᠯᠵᠢᠬᠤ ᠶᠢ ᠵᠤᠷᠢᠬᠤ ᠬᠡᠷᠡᠭᠲᠡᠢ᠃  ᠬᠡᠳᠦᠶᠢᠪᠡᠷ ᠪᠢᠳᠡ ᠤᠷᠤᠨ ᠨᠤᠲᠤᠭ ᠲᠤ ᠪᠠᠨ ᠰᠠᠭᠤᠵᠦ ᠪᠠᠶᠢᠭᠠᠳ ᠰᠢᠨ᠎ᠡ ᠰᠢᠨ᠎ᠡ ᠠᠷᠭ᠎ᠠ ᠠᠪᠴᠠᠯ ᠢ ᠰᠤᠷᠤᠯᠴᠠᠵᠦ ᠪᠤᠯᠤᠨ᠎ᠠ ᠭᠡᠳᠡᠭ ᠪᠤᠯᠪᠠᠴᠦ ᠵᠦᠪᠬᠡᠨ ᠤᠨᠤᠯ ᠤᠨ ᠤᠬᠠᠭᠠᠨ ᠳᠡᠭᠡᠷ᠎ᠡ ᠶᠡᠭᠡ ᠬᠦᠴᠦ ᠰᠢᠪᠬᠠᠵᠦ᠂ ᠤᠴᠢᠷ ᠰᠢᠯᠲᠠᠭᠠᠨ ᠤ ᠬᠢᠨᠢ ᠭᠠᠳᠠᠷ ᠳᠦᠷᠬᠦ ᠶᠢ ᠯᠠ ᠤᠯᠵᠦ ᠰᠤᠷᠤᠨ᠎ᠠ᠃ ᠬᠠᠷᠢᠨ ᠦᠪᠡᠷ ᠤᠨ ᠪᠡᠶ᠎ᠡ ᠪᠠᠷ ᠢᠢᠡᠨ ᠤᠴᠢᠵᠦ ᠦᠵᠡᠪᠡᠯ ᠲᠡᠷᠢᠭᠦᠨ ᠤ ᠮᠠᠯᠵᠢᠯ ᠢ ᠤᠯᠠᠨ ᠲᠡᠯ᠎ᠡ ᠪᠠᠷ ᠰᠤᠷᠤᠯᠴᠠᠵᠦ᠂ ᠶᠠᠮᠠᠷ ᠵᠦᠢᠯ ᠨᠢ ᠤᠨᠳᠤᠤ ᠪᠠᠶᠢᠪᠠᠯ ᠲᠡᠷᠡ ᠵᠦᠢᠯ ᠢ ᠨᠢ ᠤᠶᠢᠯᠠᠭᠠᠵᠦ ᠪᠤᠯᠤᠨ᠎ᠠ᠃      ᠰᠤᠷᠪᠤᠯᠵᠢᠯᠠᠭᠴᠢ᠄ ᠲᠡᠭᠡᠪᠡᠯ ᠡᠨᠡ ᠤᠳᠠᠭᠠᠨ ᠤ ᠠᠶᠠᠯᠠᠯ ᠢᠶᠠᠷ ᠳᠠᠮᠵᠢᠨ  ᠠᠦ᠋ᠰᠲᠷᠠᠯᠢᠶ᠎ᠠ ᠤᠯᠤᠰ ᠤᠨ ᠮᠠᠯᠵᠢᠯ ᠪᠤᠯᠤᠨ ᠮᠠᠨ ᠤ ᠤᠷᠤᠨ ᠨᠤᠲᠤᠭ ᠤᠨ ᠮᠠᠯᠵᠢᠯ ᠤᠨ ᠬᠤᠭᠤᠷᠤᠨᠳᠤ ᠶᠠᠮᠠᠷ ᠶᠡᠭᠡ ᠵᠦᠷᠢᠶ᠎ᠠ ᠪᠠᠶᠢᠬᠤ ᠶᠢ ᠤᠶᠢᠯᠠᠭᠠᠭᠰᠠᠨ ᠪᠤᠶ︖      ᠤᠮᠤᠭᠰᠢᠯ᠄ ᠡᠩ ᠲᠡᠷᠢᠭᠦᠨ ᠳᠤ ᠠᠭᠤᠷ ᠠᠮᠢᠰᠬᠤᠯ ᠶᠡᠭᠡ ᠵᠦᠷᠢᠶ᠎ᠠ ᠲᠠᠢ᠃ ᠠᠦ᠋ᠰᠲᠷᠠᠯᠢᠶ᠎ᠠ ᠤᠯᠤᠰ ᠪᠤᠯ ᠬᠠᠯᠠᠭᠤᠨ ᠪᠦᠰᠡ ᠶᠢᠨ ᠠᠭᠤᠷ ᠠᠮᠢᠰᠬᠤᠯ ᠲᠠᠢ ᠪᠠᠶᠢᠳᠠᠭ ᠪᠤᠯᠬᠤᠷ ᠵᠢᠯ ᠤᠨ ᠳᠦᠷᠪᠡᠨ ᠤᠯᠠᠷᠢᠯ ᠳᠤ ᠪᠠᠨ ᠪᠦᠷ ᠪᠡᠯᠴᠢᠭᠡᠷ ᠤᠨ ᠮᠠᠯᠵᠢᠯᠭ᠎ᠠ ᠪᠠᠷ ᠭᠤᠤᠯᠯᠠᠳᠠᠭ᠃ ᠬᠠᠷᠢᠨ ᠮᠠᠨ ᠤ ᠤᠷᠤᠨ ᠳᠤ ᠳᠦᠷᠪᠡᠨ ᠤᠯᠠᠷᠢᠯ ᠲᠤᠳᠤ ᠢᠯᠭᠠᠭ᠎ᠠ ᠲᠠᠢ ᠪᠠᠶᠢᠳᠠᠭ ᠪᠤᠯᠬᠤᠷ ᠵᠤᠨ ᠨᠠᠮᠤᠷ ᠤᠨ ᠤᠯᠠᠷᠢᠯ ᠳᠤ ᠯᠡ ᠰᠠᠶ᠋ᠢ ᠮᠠᠯ ᠵᠶ᠋ᠡᠨ‌‍ᠲ᠋ᠠᠪᠠᠲᠠᠢ ᠪᠡᠯᠴᠢᠭᠡᠵᠦ ᠳᠡᠶᠢᠯᠦᠨ᠎ᠡ᠃ ᠡᠨᠡ ᠪᠤᠯ ᠮᠠᠰᠢ ᠶᠡᠭᠡ ᠵᠦᠷᠢᠶ᠎ᠠ ᠲᠠᠢ ᠲᠠᠯ᠎ᠠ ᠪᠠᠶᠢᠨ᠎ᠠ᠃ ᠡᠭᠦᠨ ᠢ ᠴᠢ ᠪᠢᠳᠡᠨ ᠤ ᠴᠢᠷᠮᠠᠶᠢᠯᠭ᠎ᠠ ᠪᠠᠷ ᠬᠤᠪᠢᠷᠠᠭᠤᠯᠵᠦ ᠳᠡᠶᠢᠯᠬᠦ ᠵᠦᠢᠯ ᠪᠢᠰᠢ᠂ ᠶᠠᠭ ᠡᠶᠢᠮᠦ ᠪᠤᠯᠬᠤᠷ ᠪᠢᠳᠡ ᠪᠦᠬᠦ ᠵᠦᠢᠯ ᠢ  ᠠᠦ᠋ᠰᠲᠷᠠᠯᠢᠶ᠎ᠠ ᠤᠯᠤᠰ ᠤᠨ ᠮᠠᠯᠵᠢᠯ ᠤᠨ ᠪᠠᠶᠢᠳᠠᠯ ᠠᠴᠠ ᠰᠤᠷᠤᠯᠴᠠᠵᠦ ᠪᠤᠯᠬᠤ ᠦᠭᠡᠢ᠃ ᠬᠠᠷᠢᠨ ᠮᠠᠨ ᠤ ᠤᠷᠤᠨ ᠤ ᠪᠠᠶᠢᠳᠠᠯ ᠳᠤ ᠲᠤᠬᠢᠷᠠᠬᠤ ᠵᠦᠢᠯ ᠢ ᠨᠢ ᠰᠤᠷᠤᠯᠴᠠᠵᠦ᠂ ᠦᠪᠡᠷ ᠤᠨ ᠤᠨᠴᠠᠯᠢᠭ ᠲᠠᠢ ᠪᠠᠨ ᠤᠶᠠᠯᠳᠤᠭᠤᠯᠬᠤ ᠨᠢ ᠬᠠᠮᠤᠭ ᠤᠨ ᠴᠢᠬᠤᠯᠠ᠃ ᠨᠠᠳᠠ ᠳᠤ ᠮᠠᠰᠢ ᠶᠡᠭᠡ ᠳᠠᠭᠠᠯᠠᠭᠳᠠᠭᠰᠠᠨ ᠵᠦᠢᠯ ᠪᠤᠯ ᠳᠡᠨᠳᠡᠬᠢ ᠶᠢᠨ ᠰᠠᠭᠤᠷᠢ ᠪᠦᠲᠦᠭᠡᠨ ᠪᠠᠶᠢᠭᠤᠯᠤᠯᠲᠠ ᠶᠢᠨ ᠴᠢᠨᠠᠷ ᠴᠢᠨᠰᠠᠭ᠎ᠠ ᠰᠠᠶᠢᠨ ᠪᠠᠶᠢᠨ᠎ᠠ᠃ ᠲᠠᠷᠠᠴᠢᠯᠠᠨ ᠬᠦᠮᠦᠨ ᠤ ᠬᠦᠴᠦ ᠶᠢ ᠠᠷᠪᠢᠯᠠᠬᠤ ᠶᠢ ᠤᠨᠴᠠ ᠠᠩᠬᠠᠷᠳᠠᠭ ᠪᠠᠶᠢᠭᠰᠠᠨ ᠨᠢ ᠢᠯᠡ ᠲᠤᠳᠤ ᠢᠯᠭᠠᠭ᠎ᠠ ᠪᠤᠯᠵᠦ ᠬᠠᠷᠠᠭᠳᠠᠯ᠎ᠠ᠃ ᠡᠭᠦᠨ ᠳᠤ ᠨᠢᠭᠡᠨ ᠪᠤᠲᠠᠲᠠᠢ ᠵᠢᠱᠢᠶ᠎ᠠ ᠶᠠᠷᠢᠪᠠᠯ᠄ ᠮᠠᠨ ᠤ ᠠᠳᠡ ᠮᠠᠯ ᠢᠯᠭᠠᠬᠤ ᠬᠠᠰᠢᠶ᠎ᠡ ᠪᠠᠨ ᠲᠡᠮᠦᠷ ᠪᠤᠶᠤ ᠮᠤᠳᠤ ᠪᠠᠷ ᠪᠦᠳᠦᠭᠦᠯᠢᠭ ᠬᠢᠵᠦ ᠦᠬᠦᠮᠡᠯ ᠢᠶᠠᠷ ᠬᠡᠷᠡᠭᠯᠡᠳᠡᠭ᠃ ᠡᠨᠡ ᠨᠢ ᠮᠠᠰᠢ ᠤᠯᠠᠨ ᠬᠦᠮᠦᠨ ᠬᠡᠷᠡᠭᠰᠡᠵᠦ᠂ ᠮᠠᠯ ᠤᠨ ᠬᠠᠰᠢᠶᠠᠨ ᠳᠤ ᠤᠷᠤᠵᠦ ᠲᠤᠭᠤᠰᠤ ᠲᠠᠲᠠᠭᠤᠯᠤᠨ ᠶᠠᠭᠠᠷᠠᠭᠤᠯᠳᠠᠭ᠃ ᠬᠠᠷᠢᠨ ᠲᠡᠨᠳᠡ ᠮᠠᠯ ᠰᠠᠯᠭᠠᠬᠤ ᠬᠠᠰᠢᠶ᠎ᠡ ᠪᠠᠨ ᠮᠠᠰᠢ ᠴᠢᠨᠠᠷᠯᠢᠭ ᠪᠦᠭᠡᠳ ᠰᠢᠨᠵᠢᠯᠡᠬᠦ ᠤᠬᠠᠭᠠᠨᠴᠢ ᠪᠠᠷ ᠬᠢᠭᠰᠡᠨ ᠪᠤᠯᠬᠤᠷ ᠵᠠᠭᠤ ᠭᠠᠷᠤᠢ ᠦᠬᠡᠷ ᠢ ᠭᠠᠭᠴᠠ ᠬᠤᠶᠠᠷᠬᠠᠨ ᠬᠦᠮᠦᠨ ᠤᠬᠤᠷᠬᠠᠨ ᠬᠤᠭᠤᠴᠠᠭᠠᠨ ᠳᠤ ᠢᠯᠭᠠᠴᠢᠬᠠᠳᠠᠭ᠃ ᠡᠨᠡ ᠪᠠᠶᠢᠳᠠᠯ ᠢ ᠦᠵᠡᠭᠡᠳ ᠲᠡᠳᠡ ᠬᠦᠮᠦᠨ ᠤ ᠬᠦᠴᠦ ᠶᠢ ᠬᠡᠴᠢᠨᠡᠨ ᠠᠷᠪᠢᠯᠠᠵᠦ ᠪᠠᠶᠢᠬᠤ ᠲᠤᠬᠠᠢ ᠰᠢᠨ᠎ᠡ ᠲᠠᠨᠢᠯᠲᠠ ᠲᠠᠢ ᠪᠤᠯᠤᠯ᠎ᠠ᠃ ᠡᠭᠦᠨ ᠠᠴᠠ ᠭᠠᠳᠠᠨ᠎ᠠ᠂ ᠲᠡᠨᠳᠡᠬᠢ ᠶᠢᠨ ᠮᠠᠯᠴᠢᠳ ᠡᠪᠦᠯᠵᠢᠶ᠎ᠡ ᠨᠠᠮᠤᠷᠵᠢᠶᠠᠨ ᠳᠤ ᠪᠠᠨ ᠪᠦᠷ ᠮᠠᠯ ᠢᠯᠭᠠᠬᠤ ᠬᠠᠰᠢᠶ᠎ᠠ ᠪᠠᠶᠢᠭᠤᠯᠵᠦ ᠲᠠᠯᠪᠢᠭᠰᠠᠨ ᠪᠠᠶᠢᠨ᠎ᠠ᠂ ᠬᠠᠷᠢᠨ ᠮᠠᠨ ᠤ ᠬᠢᠨ ᠪᠤᠯ ᠪᠦᠷ ᠬᠤᠲᠡᠠ ᠳᠤ ᠪᠠᠨ ᠬᠠᠷᠢᠵᠦ ᠯᠡ ᠮᠠᠯ ᠵᠶ᠋ᠠᠨ‌ᠢᠯᠭᠠᠬᠤ ᠠᠵᠢᠯ ᠢ ᠪᠡᠶᠡᠯᠡᠭᠦᠯᠵᠦ ᠴᠢᠳᠠᠳᠠᠭ᠃ ᠡᠨᠡ ᠲᠠᠯ᠎ᠠ ᠪᠠᠷ ᠠᠪᠴᠦ ᠬᠡᠯᠡᠭᠰᠡᠨ ᠴᠦ ᠮᠠᠰᠢ ᠶᠡᠭᠡ ᠬᠦᠴᠦ ᠬᠦᠳᠡᠯᠮᠦᠷᠢ ᠵᠠᠷᠤᠴᠠᠭᠤᠯᠳᠠᠭ᠃      ᠰᠠᠶᠢᠨᠪᠠᠭᠠᠲᠤᠷ᠄ ᠰᠠᠭᠤᠷᠢ ᠪᠦᠲᠦᠭᠡᠨ ᠪᠠᠶᠢᠭᠤᠯᠤᠯᠲᠠ ᠶᠢᠨ ᠲᠠᠯ᠎ᠠ ᠳᠤ ᠰᠤᠷᠤᠯᠴᠠᠭᠤᠰᠢᠲᠠᠢ ᠵᠦᠢᠯ ᠮᠠᠰᠢ ᠤᠯᠠᠨ ᠪᠠᠶᠢᠯ᠎ᠠ᠃ ᠬᠠᠮᠤᠭ ᠤᠨ ᠦᠨᠳᠦᠰᠦᠨ ᠵᠦᠢᠯ ᠠᠴᠠ ᠠᠪᠴᠦ ᠬᠡᠯᠡᠪᠡᠯ᠂ ᠲᠡᠨᠳᠡᠬᠢ ᠶᠢᠨ ᠮᠠᠯᠴᠢᠳ ᠠᠮᠢᠳᠤᠷᠠᠯ ᠳᠤ ᠪᠠᠨ ᠶᠠᠮᠠᠷ ᠮᠠᠰᠢᠨ ᠬᠡᠷᠡᠭᠰᠡᠯ ᠠᠪᠬᠤ ᠪᠠᠷ ᠪᠤᠳᠤᠪᠠᠯ ᠵᠦᠪᠭᠡᠨ ᠮᠠᠯ ᠠᠵᠤ ᠠᠬᠤᠢ ᠳᠤ ᠭᠡᠷᠡᠭᠴᠡᠭᠡ ᠲᠠᠢ ᠮᠠᠰᠢᠨ ᠤᠨᠤᠭ᠎ᠠ ᠯᠡ ᠠᠪᠳᠠᠭ ᠪᠠᠶᠢᠨ᠎ᠠ᠃ ᠲᠡᠨᠳᠡᠬᠢ ᠶᠢᠨ ᠮᠠᠯᠴᠢᠳ ᠮᠠᠨ ᠤ ᠬᠢᠨ ᠰᠢᠭ ᠦᠨᠳᠦᠷ ᠦᠨ᠎ᠡ ᠶᠢᠨ ᠯᠠᠨᠳ᠋ ᠺᠦᠷᠦᠽ ᠮᠠᠰᠢᠨ ᠪᠠᠷᠢᠬᠤ ᠦᠭᠡᠢ᠂ ᠬᠡᠷᠡᠭᠴᠡᠭᠡ ᠨᠢ  ᠳᠠᠩ ᠴᠤᠯᠭᠤᠢ ᠵᠢᠭᠠᠬᠠᠨ ᠮᠠᠰᠢᠨ ᠴᠦ ᠪᠠᠷᠢᠬᠤ ᠦᠭᠡᠢ᠂ ᠬᠠᠷᠢᠨ ᠠᠴᠢᠶ᠎ᠠ ᠲᠡᠭᠡᠭᠡᠪᠦᠷᠢ ᠶᠢᠨ ᠦᠢᠯᠡᠳᠦᠯ ᠬᠡᠷᠡᠭᠴᠡᠭᠡ   ᠶᠢ ᠨᠢ ᠬᠠᠨᠭ᠍ᠭᠠᠵᠦ ᠴᠢᠳᠠᠳᠠᠭ ᠫᠢᠺᠠ ᠮᠠᠰᠢᠨ ᠯᠡ ᠪᠠᠷᠢᠳᠠᠭ ᠪᠠᠶᠢᠨ᠎ᠠ᠃ ᠡᠨᠡ ᠶᠢ ᠪᠢ ᠮᠠᠰᠢ ᠭᠠᠶᠢᠬᠠᠵᠦ ᠠᠰᠠᠭᠤᠬᠤ ᠪᠠᠷ ᠲᠡᠳᠡ᠂ ᠪᠢᠳᠡ ᠬᠡᠷᠡᠭᠴᠡᠭᠡ ᠱᠠᠭᠠᠷᠳᠠᠯᠭ᠎ᠠ ᠲᠠᠢ ᠪᠠᠨ ᠤᠶᠠᠯᠳᠤᠭᠤᠯᠵᠦ ᠮᠠᠰᠢᠨ ᠲᠤᠨᠤᠭ ᠠᠪᠳᠠᠭ᠃ ᠫᠢᠺᠠ ᠮᠠᠰᠢᠨ ᠨᠢ ᠶᠡᠬᠡᠨᠭᠬᠢ ᠬᠡᠷᠡᠭᠴᠡᠭᠡ ᠱᠠᠭᠠᠷᠳᠠᠯᠭ᠎ᠠ  ᠶᠢ ᠭᠦᠢᠴᠡᠭᠡᠨ᠎ᠡ ᠭᠡᠵᠦ ᠬᠠᠷᠢᠭᠤᠯᠤᠭᠰᠠᠨ ᠪᠠᠶᠢᠳᠠᠭ᠃ ᠡᠭᠦᠨ ᠠᠴᠠ ᠭᠠᠳᠠᠨ᠎ᠠ ᠬᠤᠶᠠᠷ ᠭᠠᠵᠠᠷ ᠤᠨ ᠪᠡᠯᠴᠢᠭᠡᠷ ᠤᠨ ᠲᠤᠤᠷ ᠴᠦ ᠶᠡᠭᠡ ᠤᠨᠳᠤᠤ ᠪᠠᠶᠢᠯ᠎ᠠ᠂ ᠮᠠᠨ ᠤ ᠬᠢ ᠲᠠᠢ ᠠᠳᠠᠯᠢᠳᠬᠠᠪᠠᠯ ᠲᠡᠳᠡᠨ ᠤ ᠲᠠᠲᠠᠭᠰᠠᠨ ᠲᠤᠤᠷ ᠨᠢ ᠮᠠᠰᠢ ᠪᠤᠭᠤᠨᠢ ᠮᠦᠷᠲᠡᠭᠡᠨ ᠪᠤᠯᠠᠭᠠᠷᠢ ᠪᠤᠯᠭᠠᠨ ᠤ ᠬᠤᠭᠤᠷᠤᠨᠳᠤᠬᠢ ᠵᠠᠢ ᠨᠢ ᠮᠠᠰᠢ ᠤᠬᠤᠷ᠂ ᠨᠡᠶᠢᠳᠡᠮ ᠳᠡᠭᠡᠨ ᠦᠨᠳᠦᠷ ᠨᠢ  ᠮᠧᠲᠷ ᠪᠤᠶᠤ 1.1  ᠮᠧᠲᠷ ᠠᠴᠠ ᠳᠠᠪᠠᠭ᠋ᠤ ᠦᠭᠡᠢ᠂ ᠬᠠᠷᠢᠨ ᠳᠡᠭᠡᠷ᠎ᠡ ᠨᠢ ᠴᠠᠬᠢᠯᠭᠠᠨ ᠲᠠᠢ ᠤᠳᠠᠰᠤ ᠲᠠᠲᠠᠵᠦ ᠦᠬᠡᠷ ᠮᠠᠯ ᠢᠶᠠᠨ ᠪᠡᠯᠴᠢᠭᠡᠷ ᠲᠡᠭᠡᠨ ᠲᠤᠭᠳᠠᠭᠠᠵᠦ ᠪᠠᠶᠢᠨ᠎ᠠ᠃ ᠡᠨᠡ ᠨᠢ ᠨᠢᠭᠡ ᠲᠠᠯ᠎ᠡ ᠪᠠᠷ ᠲᠤᠤᠷ ᠲᠠᠲᠠᠬᠤ ᠦᠪᠡᠷ ᠤᠨ ᠦᠷᠲᠡᠭ ᠢᠶᠠᠨ ᠠᠷᠪᠢᠯᠠᠵᠦ᠂ ᠨᠡᠩ ᠴᠢᠨᠠᠷᠯᠢᠭ ᠪᠦᠭᠡᠳ ᠨᠡᠩ ᠪᠦᠲᠦᠮᠵᠢᠲᠠᠢ ᠠᠷᠭ᠎ᠠ ᠠᠪᠴᠠᠯ ᠢ ᠰᠤᠩᠭᠤᠭᠰᠠᠨ ᠭᠡᠵᠦ ᠪᠢ ᠦᠵᠡᠵᠦ ᠪᠠᠶᠢᠨ᠎ᠠ᠃ ᠨᠦᠭᠦᠭᠡ ᠲᠠᠯ᠎ᠡ ᠪᠠᠷ᠂ ᠲᠡᠨᠳᠡᠬᠢ ᠢᠢᠨ ᠤᠰᠤᠨ ᠤ ᠡᠬᠢ ᠪᠠᠶᠠᠯᠢᠭ ᠢ ᠴᠤᠭᠯᠠᠭᠤᠯᠵᠦ ᠳᠠᠬᠢᠨ ᠠᠰᠢᠭᠯᠠᠬᠤ  ᠰᠢᠰᠲ᠋ᠧᠮ ᠨᠢ ᠮᠠᠰᠢ ᠪᠦᠷᠢᠨ ᠭᠦᠢᠴᠡᠳ ᠪᠠᠶᠢᠭᠰᠠᠨ᠃ ᠤᠯᠠᠩᠬᠢ ᠭᠡᠷ ᠪᠤᠶᠤ ᠬᠤᠷᠤᠭᠠᠨ ᠤ ᠤᠷᠤᠢ ᠳᠤ ᠨᠢ ᠪᠤᠷᠤᠭᠠᠨ ᠤ ᠤᠰᠤ ᠶᠢ ᠲᠤᠰᠬᠤ ᠰᠠᠷᠠᠪᠴᠢ ᠲᠠᠢ᠂ ᠲᠡᠨᠳᠡ ᠬᠤᠷᠠᠭᠰᠠᠨ ᠤᠰᠤ ᠨᠢ ᠳᠠᠬᠢᠨ ᠤᠰᠤ ᠴᠤᠭᠯᠠᠭᠤᠯᠬᠤ ᠰᠠᠪᠠ ᠤᠷᠤᠭᠤ ᠪᠠᠨ ᠤᠷᠤᠰᠬᠤ ᠰᠤᠪᠠᠭ ᠲᠠᠢ᠃ ᠡᠳᠡᠭᠡᠷ ᠤᠰᠤ ᠪᠠᠨ ᠳᠠᠬᠢᠨ ᠠᠰᠢᠭᠯᠠᠵᠦ ᠪᠡᠯᠴᠢᠭᠡᠷ ᠢᠶᠠᠨ ᠤᠰᠤᠯᠠᠬᠤ ᠪᠤᠶᠤ ᠤᠨᠳᠤᠤ ᠬᠡᠷᠡᠭᠴᠡᠭᠡᠨ ᠳᠤ ᠠᠰᠢᠭᠯᠠᠵᠦ ᠪᠠᠶᠢᠬᠤ ᠶᠢ ᠨᠢ ᠦᠵᠡᠭᠡᠳ ᠮᠠᠰᠢ ᠭᠠᠶᠢᠬᠠᠵᠦ ᠪᠢᠰᠢᠷᠡᠯ᠎ᠡ᠃ ᠮᠠᠨ ᠤ ᠤᠷᠤᠨ ᠨᠤᠲᠤᠭ ᠲᠤ ᠪᠤᠯ ᠰᠠᠯᠬᠢᠨ ᠰᠢᠭᠤᠷᠭ᠎ᠠ ᠶᠡᠬᠡᠲᠡᠢ ᠪᠠᠶᠢᠳᠠᠭ᠂ ᠤᠰᠤ ᠴᠤᠭᠯᠠᠭᠤᠯᠬᠤ ᠰᠠᠪᠠ ᠲᠠᠯᠪᠢᠭᠰᠠᠨ ᠴᠦ ᠪᠦᠷ ᠲᠤᠭᠤᠰᠤ ᠰᠢᠷᠤᠢ ᠤᠷᠤᠵᠦ ᠴᠡᠪᠡᠷ ᠤᠰᠤ ᠴᠤᠭᠯᠠᠭᠤᠯᠬᠤ ᠳᠤ ᠬᠦᠴᠢᠷᠳᠡᠬᠦ ᠪᠠᠶᠢᠬ᠎ᠠ ᠭᠡᠵᠦ ᠪᠤᠳᠤᠯ᠎ᠠ᠃      ᠰᠢᠳᠤᠷᠭᠤ᠄ ᠠᠦ᠋ᠰᠲᠷᠠᠯᠢᠶ᠎ᠠ ᠤᠯᠤᠰ ᠤᠨ ᠮᠠᠯᠵᠢᠯ ᠤᠨ ᠪᠠᠶᠢᠳᠡᠯ ᠠᠴᠠ ᠲᠦᠷᠦᠭᠳᠡᠭᠰᠡᠨ ᠵᠦᠢᠯ ᠭᠡᠪᠡᠯ ᠲᠡᠷᠡ ᠭᠠᠵᠠᠷ ᠤᠨ ᠬᠦᠮᠦᠰ ᠦᠪᠡᠷ ᠤᠨ ᠪᠡᠯᠴᠢᠭᠡᠷ ᠤᠰᠤᠨ ᠳᠤ ᠪᠠᠨ ᠮᠠᠰᠢ ᠬᠠᠶᠢᠷᠠᠲᠠᠢ ᠪᠠᠶᠢᠵᠦ᠂ ᠮᠠᠯ ᠪᠡᠯᠴᠢᠭᠡᠷ ᠤᠨ ᠲᠡᠩᠴᠡᠭᠦᠷᠢ ᠶᠢ ᠶᠡᠬᠡᠪᠡᠷ ᠠᠩᠬᠠᠷᠴᠦ ᠪᠠᠶᠢᠨ᠎ᠠ᠃ ᠲᠡᠭᠡᠬᠦᠯᠡᠷ ᠪᠢᠳᠡ ᠴᠦᠬᠡᠨ ᠰᠢᠯᠢᠳᠡᠭ ᠮᠠᠯ ᠢᠶᠠᠷ ᠦᠨᠳᠦᠷ ᠦᠷ᠎ᠠ ᠠᠰᠢᠭ ᠲᠤ ᠬᠦᠷᠬᠦ ᠮᠠᠯᠵᠢᠯ ᠤᠨ ᠠᠷᠭ᠎ᠠ ᠠᠪᠴᠠᠯ ᠢ ᠠᠳᠬᠤᠵᠦ᠂ ᠦᠪᠡᠷ ᠤᠨ ᠤᠷᠤᠨ ᠨᠤᠲᠤᠭ ᠤᠨ ᠮᠠᠯ ᠪᠡᠯᠴᠢᠭᠡᠷ ᠤᠨ ᠲᠡᠩᠴᠡᠭᠦᠷᠢ ᠳᠤ ᠤᠯᠠᠮ ᠢᠯᠡᠬᠦᠤ ᠶᠡᠭᠡ ᠬᠦᠴᠦ ᠲᠠᠯᠪᠢᠬᠤ ᠨᠢ ᠵᠤᠬᠢᠰᠲᠠᠢ ᠭᠡᠵᠦ ᠪᠤᠳᠤᠯ᠎ᠠ᠃ ᠨᠤᠲᠤᠭ ᠮᠠᠨᠢ ᠪᠠᠶᠢᠪᠠᠯ ᠰᠠᠶ᠋ᠢ ᠮᠠᠯ ᠮᠠᠯᠵᠢᠯ ᠮᠢᠨᠢ ᠦᠷᠭᠦᠯᠵᠢᠯᠡᠵᠦ ᠴᠢᠳᠠᠨ᠎ᠠ᠃      ᠰᠤᠷᠪᠤᠯᠵᠢᠯᠠᠭᠴᠢ᠄ ᠲᠡ ᠪᠦᠬᠦᠨ ᠤ ᠶᠠᠷᠢᠶᠠᠨ ᠠᠴᠠ ᠲᠡᠨᠳᠡ ᠬᠦᠷᠦᠭᠡᠳ ᠪᠠᠰᠠ ᠪᠠᠭ᠎ᠠ ᠦᠭᠡᠢ ᠵᠦᠢᠯ ᠢ ᠮᠡᠳᠡᠵᠤ ᠤᠶᠢᠯᠠᠭᠠᠭᠰᠠᠨ ᠨᠢ ᠠᠩᠵᠠᠭᠠᠷᠠᠭᠳᠠᠵᠤ ᠪᠠᠶᠢᠨ᠎ᠠ᠃ ᠲᠡᠭᠡᠪᠡᠯ ᠰᠤᠷᠤᠯᠴᠠᠭᠰᠠᠨ ᠵᠦᠢᠯᠡᠰ ᠠᠴᠠ ᠪᠠᠨ ᠶᠠᠮᠠᠷ ᠠᠷᠭ᠎ᠠ ᠲᠤᠷᠰᠢᠯᠭ᠎ᠠ   ᠶᠢ ᠨᠢ ᠦᠪᠡᠷ ᠤᠨ ᠮᠠᠯᠵᠢᠬᠤ ᠤᠶᠢᠯᠡᠳᠪᠤᠷᠢᠯᠡᠯ ᠲᠠᠢ ᠪᠠᠨ ᠤᠶᠠᠯᠳᠤᠭᠤᠯᠤᠨ ᠭᠡᠷᠡᠭᠯᠡᠬᠦ ᠭᠡᠵᠤ ᠪᠠᠶᠢᠨ᠎ᠠ︖ ᠪᠤᠳᠤᠭᠰᠠᠨ ᠰᠠᠨᠠᠭᠰᠠᠨ ᠵᠦᠢᠯ ᠢᠶᠠᠨ  ᠬᠤᠪᠢᠶᠠᠯᠴᠠᠨ᠎ᠠ ᠤᠤ︖      ᠤᠮᠤᠭᠰᠢᠯ᠄ ᠡᠨᠡ ᠤᠳᠠᠭ᠎ᠠ ᠮᠠᠨ ᠤ ᠭᠤᠷᠪᠠᠭᠤᠯᠠ ᠠᠦ᠋ᠰᠲᠷᠠᠯᠢᠶ᠎ᠠ ᠤᠯᠤᠰ ᠠᠴᠠ 70 ᠲᠤᠯᠤᠭᠠᠢ ᠴᠡᠪᠡᠷ ᠡᠭᠦᠯᠳᠡᠷ ᠤᠨ  ᠰᠢᠮᠧᠨ᠋ᠲ᠋ᠠᠷ ᠪᠢᠷᠠᠭᠤ ᠠᠪᠬᠤ ᠭᠡᠷ᠎ᠡ ᠲᠤᠭᠳᠠᠭᠠᠳ ᠢᠷᠡᠵᠡᠢ᠃ ᠡᠭᠦᠨ ᠳᠤ ᠮᠠᠨ ᠤ ᠭᠤᠷᠪᠠᠭᠤᠯᠠ ᠯᠡ ᠠᠪᠤᠭᠰᠠᠨ ᠪᠢᠰᠢ᠂ ᠪᠠᠰᠠ ᠤᠯᠠᠨ ᠬᠦᠮᠦᠨ ᠪᠢᠳᠡᠨ ᠳᠤ ᠨᠠᠶᠢᠳᠠᠵᠦ ᠵᠠᠬᠢᠭᠰᠠᠨ ᠶᠤᠮ᠃ ᠳᠠᠷᠠᠭᠠᠴᠢ ᠪᠠᠷ ᠦᠬᠡᠷ ᠤᠨ ᠡᠭᠦᠯᠳᠡᠷ ᠢᠶᠠᠨ ᠢᠯᠡᠭᠦᠦ ᠰᠠᠶᠢᠨ ᠰᠢᠯᠢᠳᠡᠭᠵᠢᠭᠦᠯᠬᠦ ᠠᠴᠠ ᠭᠠᠳᠠᠨ᠎ᠠ ᠦᠪᠡᠷ ᠤᠨ ᠰᠠᠭᠤᠷᠢ ᠪᠦᠲᠦᠭᠡᠨ ᠪᠠᠶᠢᠭᠤᠯᠤᠯᠲᠠ ᠳᠡᠭᠡᠷ᠎ᠠ ᠪᠠᠨ ᠵᠠᠰᠠᠪᠤᠷᠢ ᠤᠷᠤᠭᠤᠯᠤᠨ᠎ᠠ᠃ ᠭᠡᠪᠡᠴᠦ ᠰᠠᠭᠤᠷᠢ ᠪᠦᠲᠦᠭᠡᠨ ᠪᠠᠶᠢᠭᠤᠯᠤᠯᠲᠠ ᠭᠡᠳᠡᠭ ᠵᠦᠢᠯ ᠢ ᠨᠢᠭᠡᠯᠡ ᠳᠡᠭᠡᠷ᠎ᠠ ᠪᠦᠬᠦᠨ ᠢ ᠰᠤᠯᠢᠵᠦ ᠳᠡᠶᠢᠯᠬᠦ ᠦᠭᠡᠢ ᠨᠢ ᠮᠡᠳᠡᠭᠡᠵᠢ᠂ ᠬᠠᠷᠢᠨ ᠨᠢᠭᠡ ᠵᠠᠬ᠎ᠠ ᠠᠴᠠ ᠨᠢ ᠡᠬᠢᠯᠡᠨ ᠤᠳᠠᠭᠠᠨ ᠵᠢᠯ ᠤᠨ ᠲᠦᠯᠦᠪᠯᠡᠭᠡ ᠲᠠᠢ ᠪᠠᠷ ᠵᠠᠰᠠᠯᠲᠠ ᠤᠷᠤᠭᠤᠯᠤᠨ᠎ᠠ᠃ ᠤᠳᠤᠬᠠᠨ ᠳᠤ ᠪᠠᠨ ᠮᠢᠨᠤ ᠬᠤᠪᠢ ᠳᠤ ᠮᠠᠯ ᠢᠯᠭᠠᠬᠤ ᠬᠠᠰᠢᠶ᠎ᠠ ᠪᠠᠨ ᠰᠢᠨᠡᠳᠬᠡᠮᠡᠷ ᠰᠠᠨᠠᠭᠳᠠᠯ᠎ᠠ᠃      ᠰᠠᠶᠢᠨᠪᠠᠭᠠᠲᠤᠷ᠄ ᠮᠢᠨᠤ ᠬᠤᠪᠢ ᠳᠤ ᠴᠦ ᠠᠳᠠᠯᠢᠬᠠᠨ᠃ ᠰᠠᠭᠤᠷᠢ ᠪᠦᠲᠦᠭᠡᠨ ᠪᠠᠶᠢᠭᠤᠯᠤᠯᠲᠠ ᠪᠠᠨ ᠡᠬᠢᠯᠡᠵᠦ ᠴᠢᠨᠠᠷᠵᠢᠭᠤᠯᠤᠨ᠎ᠠ᠃ ᠬᠦᠮᠦᠨ ᠤ ᠬᠦᠴᠦ ᠶᠢ ᠠᠷᠪᠢᠯᠠᠬᠤ ᠪᠦᠲᠦᠭᠡᠨ ᠪᠠᠶᠢᠭᠤᠯᠤᠯᠲᠠ ᠶᠢ ᠭᠤᠤᠯᠯᠠᠵᠦ ᠬᠢᠨ᠎ᠡ᠂ ᠳᠠᠷᠤᠢ ᠵᠤᠰᠠᠯᠠᠩ ᠨᠠᠮᠤᠷᠵᠢᠶ᠎ᠠ ᠳᠤ ᠪᠠᠨ ᠮᠠᠯ ᠢᠯᠭᠠᠬᠤ ᠬᠠᠰᠢᠶ᠎ᠠ ᠪᠠᠶᠢᠭᠤᠯᠵᠦ᠂ ᠨᠠᠭᠠᠰᠢ ᠴᠠᠭᠠᠰᠢ ᠠᠷᠪᠢᠨ ᠶᠠᠪᠤᠵᠦ ᠴᠠᠭ ᠬᠦᠴᠦ ᠵᠠᠷᠤᠴᠠᠭᠤᠯᠬᠤ ᠶᠢ ᠪᠠᠭᠠᠰᠬᠠᠨ᠎ᠠ᠃ ᠡᠭᠦᠨ ᠠᠴᠠ ᠭᠠᠳᠠᠨ᠎ᠠ᠂ ᠪᠡᠯᠴᠢᠭᠡᠷ ᠳᠡᠭᠡᠷ᠎ᠡ ᠪᠠᠨ ᠨᠠᠷᠠᠨ ᠤ  ᠡᠨᠧᠷᠬᠢ ᠪᠠᠷ ᠤᠰᠤ ᠲᠠᠲᠠᠬᠤ ᠬᠤᠳᠳᠤᠭ ᠵᠠᠰᠠᠵᠦ᠂ ᠦᠬᠡᠷ ᠬᠤᠨᠢ ᠪᠠᠨ ᠤᠰᠤᠯᠠᠬᠤ ᠠᠵᠢᠯ ᠢ ᠮᠠᠰᠢᠨᠴᠢᠯᠠᠬᠤ ᠪᠤᠯ ᠬᠠᠮᠤᠭ ᠠᠴᠠ ᠱᠠᠭᠠᠷᠳᠠᠭᠳᠠᠵᠦ ᠪᠠᠶᠢᠬᠤ ᠵᠦᠢᠯ ᠪᠤᠯᠬᠤᠷ ᠤᠷᠢᠳᠠᠪᠡᠷ ᠡᠨᠡ ᠲᠤᠬᠠᠢ ᠠᠵᠢᠯ ᠢ ᠬᠢᠨ᠎ᠠ᠃ ᠰᠢᠳᠤᠷᠭᠤ ᠠᠬ᠎ᠠ ᠶᠢᠨ ᠶᠠᠷᠢᠭᠰᠠᠨ ᠰᠢᠭ᠂ ᠪᠠᠶᠢᠭᠠᠯᠢ ᠨᠤᠲᠤᠭ ᠢᠶᠠᠨ ᠬᠠᠮᠠᠭᠠᠯᠠᠬᠤ ᠲᠠᠯ᠎ᠠ ᠪᠠᠷ ᠦᠪᠡᠷ ᠤᠨ ᠪᠡᠶ᠎ᠡ ᠪᠠᠨ ᠴᠢᠩᠭ᠎ᠠ ᠱᠠᠭᠠᠷᠳᠠᠵᠦ᠂ ᠮᠠᠯ ᠪᠡᠯᠴᠢᠭᠡᠷ ᠤᠨ ᠲᠡᠩᠴᠡᠭᠦᠷᠢ   ᠶᠢ ᠪᠠᠲᠤᠯᠠᠬᠤ ᠠᠵᠢᠯ ᠢ ᠰᠠᠶᠢᠨ ᠬᠢᠨ᠎ᠡ᠃ ᠴᠦᠬᠡᠨ ᠮᠠᠯ ᠠᠴᠠ ᠦᠨᠳᠦᠷ ᠦᠷ᠎ᠡ ᠠᠰᠢᠭ ᠬᠦᠷᠳᠡᠬᠦ ᠶᠢ ᠵᠢᠩᠬᠢᠨᠢ ᠰᠠᠶᠢᠨ ᠪᠠᠶᠠᠯᠠᠬᠦᠯᠬᠦ ᠪᠠᠷ ᠴᠢᠷᠮᠠᠶᠢᠨ᠎ᠠ᠃      ᠰᠢᠳᠤᠷᠭᠤ᠄ ᠮᠢᠨᠤ ᠬᠤᠪᠢ ᠳᠤ ᠤᠳᠠᠭᠠᠨ ᠵᠢᠯ ᠨᠤᠲᠤᠭ ᠦᠬᠡᠷ ᠢᠶᠠᠨ ᠮᠠᠯᠵᠢᠵᠦ ᠢᠷᠡᠭᠰᠡᠨ ᠮᠠᠯᠴᠢᠨ᠃ ᠭᠡᠬᠦ ᠳᠤ ᠤᠶᠢᠷ᠎ᠠ  ᠶᠢᠨ ᠵᠢᠯ ᠳᠤ ᠮᠠᠯ ᠪᠡᠯᠴᠢᠭᠡᠷ ᠤᠨ ᠲᠡᠩᠴᠡᠭᠦᠷᠢ ᠶᠢ ᠴᠢᠬᠤᠯᠠᠴᠢᠯᠠᠬᠤ ᠦᠭᠡᠢ ᠪᠠᠶᠢᠬᠤ  ᠶᠢᠨ ᠠᠷᠭ᠎ᠠ ᠦᠭᠡᠢ ᠪᠤᠯᠤᠭᠰᠠᠨ ᠢᠶᠠᠷ ᠴᠦᠬᠡᠨ ᠰᠢᠯᠢᠳᠡᠭ ᠮᠠᠯ  ᠢᠶᠠᠷ ᠦᠨᠳᠦᠷ ᠦᠷ᠎ᠡ ᠠᠰᠢᠭ ᠲᠤ ᠬᠦᠷᠬᠦ ᠰᠢᠨ᠎ᠡ ᠵᠠᠮ ᠢᠶᠠᠷ ᠵᠠᠮᠨᠠᠬᠤ ᠴᠢᠬᠤᠯᠠᠲᠠᠢ ᠪᠤᠯᠤᠯ᠎ᠠ᠃ ᠡᠨᠡ ᠲᠤᠬᠠᠢ ᠪᠢ ᠪᠠᠰᠠ ᠬᠡᠳᠦᠨ ᠵᠢᠯ ᠴᠢᠷᠮᠠᠶᠢᠵᠦ ᠢᠷᠡᠭᠰᠡᠨ᠂ ᠭᠡᠪᠡᠴᠦ ᠮᠦᠨ ᠦᠷᠭᠦᠯᠵᠢᠯᠡᠨ ᠰᠤᠷᠤᠯᠴᠠᠬᠤ ᠴᠢᠬᠤᠯᠠ ᠲᠠᠢ ᠪᠠᠶᠢᠨ᠎ᠠ᠃ ᠲᠡᠶᠢᠮᠦ ᠪᠤᠯᠬᠤᠷ ᠡᠨᠡ ᠤᠳᠠᠭ᠎ᠠ ᠮᠠᠯ ᠤᠨ ᠴᠢᠨᠠᠷ ᠴᠢᠨᠰᠠᠭ᠎ᠠ ᠪᠠᠨ ᠰᠠᠶᠢᠵᠢᠷᠠᠭᠤᠯᠬᠤ ᠭᠡᠵᠦ 30 ᠴᠡᠪᠡᠷ ᠡᠭᠦᠯᠳᠡᠷ ᠤᠨ  ᠰᠢᠮᠧᠨ᠋ᠲ᠋ᠠᠷ ᠪᠢᠷᠠᠭᠤ ᠠᠪᠤᠭᠰᠠᠨ ᠶᠤᠮ᠃ ᠵᠦᠪᠬᠡᠨ ᠪᠤᠳᠤᠭᠠᠳ ᠦᠢᠯᠡᠳᠦᠯᠭᠡᠵᠢᠭᠦᠯᠬᠦ ᠦᠭᠡᠢ ᠪᠤᠯ ᠨᠤᠲᠤᠭ ᠪᠡᠯᠴᠢᠭᠡᠷ ᠢᠶᠠᠨ ᠬᠠᠶᠢᠷᠠᠯᠠᠨ᠎ᠠ ᠭᠡᠳᠡᠭ ᠦᠭᠡ ᠬᠤᠭᠤᠰᠤᠨ ᠪᠤᠯᠤᠨ᠎ᠠ᠃      ᠶᠠᠷᠦᠩᠭᠡᠶᠢᠯᠡᠪᠡᠯ᠂ ᠡᠨᠡ ᠭᠤᠷᠪᠠᠨ ᠮᠠᠯᠴᠢᠨ ᠤ ᠬᠦᠭᠵᠢᠭᠰᠡᠨ ᠤᠯᠤᠰ ᠤᠷᠤᠨ ᠤ ᠮᠠᠯ ᠠᠵᠤ ᠠᠬᠤᠢ  ᠶᠢᠨ ᠰᠤᠷᠤᠯᠴᠠᠭᠰᠠᠨ ᠪᠠᠶᠢᠳᠠᠯ ᠠᠴᠠ ᠦᠵᠡᠪᠡᠯ ᠲᠡᠳᠡ ᠪᠤᠰᠤᠳ ᠤᠨ ᠲᠠᠪᠰᠢᠩᠭᠤᠢ ᠵᠦᠢᠯ ᠠᠴᠠ ᠬᠢᠴᠢᠶᠡᠨ ᠰᠤᠷᠤᠯᠴᠠᠬᠤ ᠶᠢᠨ ᠲᠤᠯᠠᠳᠠ ᠦᠨᠡᠨᠬᠦ ᠰᠡᠳᠬᠢᠯ ᠭᠠᠷᠭᠠᠭᠰᠠᠨ ᠨᠢ ᠶᠠᠷᠢᠶᠠᠨ ᠠᠴᠠ ᠨᠢ ᠮᠡᠳᠡᠭᠳᠡᠵᠤ ᠪᠠᠶᠢᠯ᠎ᠠ᠃ ᠮᠠᠨ ᠤ ᠮᠠᠯᠵᠢᠬᠤ ᠤᠷᠤᠨ ᠳᠤ ᠡᠳᠡ ᠭᠤᠷᠪᠠ  ᠰᠢᠭ ᠲᠠᠪᠰᠢᠩᠭᠤᠢ ᠦᠵᠡᠯ ᠤᠬᠠᠮᠰᠠᠷ ᠲᠠᠢ ᠮᠠᠯᠴᠢᠳ ᠤᠯᠠᠰᠢᠷᠠᠪᠠᠯ ᠮᠠᠨ ᠤ ᠮᠠᠯ ᠠᠵᠤ ᠠᠬᠤᠢ ᠶᠢᠨ ᠬᠦᠭᠵᠢᠯᠳᠡ ᠰᠢᠨ᠎ᠠ ᠨᠢᠭᠡ ᠱᠠᠳᠤᠨ ᠳᠤ ᠠᠬᠢᠬᠤ ᠨᠢ ᠯᠠᠪᠳᠠᠢ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号