ᠠᠵᠢᠯᠰᠠᠭ ᠠᠶᠢᠯ ᠤᠨ ᠠᠵᠠ ᠵᠢᠷᠭᠠᠯ ᠤᠨ ᠮᠦᠷ
ᠨᠡᠶᠢᠲᠡᠯᠡᠭᠰᠡᠨ ᠴᠠᠭ᠄
2025/3/26
    ᠬᠦᠭᠵᠢᠶᠡᠨ ᠨᠠᠷᠭᠢᠶᠠᠨ ᠲᠠᠢ ᠴᠠᠭᠠᠨ ᠰᠠᠷ᠎ᠠ ᠪᠠᠷ ᠠᠶᠢᠯ ᠭᠡᠷ ᠢᠶᠠᠷ ᠢᠶᠠᠨ ᠠᠶᠠᠲᠠᠶᠢᠬᠠᠨ ᠰᠢᠨᠡᠯᠡᠵᠤ᠂ ᠠᠬᠠᠮᠠᠳ ᠲᠦᠷᠦᠯ ᠰᠠᠳᠤᠨ ᠳᠠᠭᠠᠨ ᠠᠶᠢᠯᠴᠢᠯᠠᠨ ᠵᠣᠯᠭᠠᠵᠤ᠂ ᠠᠮᠢᠳᠤᠷᠠᠯ ᠠᠵᠢᠯ ᠢᠶᠠᠨ ᠠᠯᠢ ᠶᠢ ᠴᠦ ᠤᠰᠤᠯᠳᠠᠭᠤᠯᠤᠯ ᠦᠭᠡᠢ ᠶᠠᠭᠠᠷᠠᠵᠤ ᠶᠠᠪᠤᠭ᠎ᠠ ᠡᠨᠡ ᠬᠤᠶᠠᠷ ᠬᠦᠮᠦᠨ ᠪᠣᠯ  ᠰᠤᠳᠦᠪᠢᠯᠢᠭ ᠭᠡᠷᠭᠡᠢ ᠣᠳᠤᠨᠵᠠᠶᠠᠭ᠎ᠠ ᠲᠠᠢ ᠪᠠᠨ ᠪᠠᠶᠢᠭ᠎ᠠ ᠪᠢᠯᠡ᠃  ᠰᠤᠳᠥᠪᠢᠯᠢᠭ ᠪᠣᠯ ᠪᠠᠷᠠᠭᠤᠨ ᠦᠵᠦᠮᠦᠴᠢᠨ ᠬᠤᠰᠢᠭᠤᠨ ᠤ ᠬᠦᠮᠦᠨ᠂ ᠣᠳᠤᠨᠵᠠᠶᠠᠭ᠎ᠠ ᠪᠣᠯ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠣᠯ ᠪᠠᠯᠭᠠᠰᠤᠨ ᠤ ᠵᠢᠷ ᠭᠠᠴᠠᠭᠠᠨ ᠤ ᠮᠠᠯᠴᠢᠨ ᠶᠤᠮ᠃     2002 ᠣᠨ ᠳᠤ ᠬᠠᠨᠢ ᠶᠢᠨ ᠵᠠᠶᠠᠭ᠎ᠠ ᠬᠤᠯᠪᠤᠭᠰᠠᠨ ᠰᠤᠳᠤᠪᠢᠯᠢᠭ ᠣᠳᠤᠨᠵᠠᠶᠠᠭ᠎ᠠ ᠬᠤᠶᠠᠷ ᠵᠢᠩᠬᠢᠨᠢ ᠠᠵᠢᠯ ᠰᠢᠯᠭᠠᠭᠤᠯᠬᠤ ᠨᠦᠬᠦᠴᠡᠯ ᠦᠭᠡᠢ᠂ ᠨᠤᠲᠤᠭ ᠪᠡᠯᠴᠢᠭᠡᠷ ᠪᠠᠭ᠎ᠠ᠂ ᠮᠠᠯ ᠤᠨᠤᠭᠠᠨ ᠤ ᠢᠷᠡᠯᠲᠡ ᠴᠦᠬᠡᠨ ᠵᠡᠷᠭᠡ ᠠᠬᠤᠢ ᠨᠦᠬᠦᠴᠡᠯ ᠠᠴᠠ ᠪᠠᠨ ᠪᠣᠯᠵᠣ᠂ ᠬᠤᠷᠰᠢᠶ᠎ᠡ ᠡᠷᠬᠢᠯᠡᠬᠦ᠂ ᠬᠤᠭᠤᠯᠠᠨ ᠭᠡᠷ ᠡᠷᠬᠢᠯᠡᠬᠦ᠂ ᠲᠦᠷᠢᠶᠡᠰᠦᠨ ᠲᠡᠷᠭᠡ ᠪᠠᠷᠢᠬᠤ ᠭᠡᠳ ᠣᠯᠠᠨ ᠵᠢᠯ ᠤᠨ ᠲᠤᠷᠰᠢ ᠮᠦᠨᠴᠦ ᠣᠯᠠᠨ ᠠᠵᠢᠯ ᠲᠦᠷᠦᠯ ᠰᠤᠯᠢᠵᠤ ᠢᠷᠡᠵᠡᠢ᠃ ᠬᠤᠶᠠᠭᠤᠯᠠ ᠶᠡᠷᠦᠨᠢ ᠴᠠᠭ ᠥᠩᠭᠡᠷᠡᠭᠡᠵᠦ ᠬᠢᠳᠡᠯ ᠠᠯᠳᠠᠵᠤ ᠰᠠᠭᠤᠳᠠᠭ ᠦᠭᠡᠢ ᠪᠤᠯᠬᠤᠷ ᠣᠶᠢᠷ᠎ᠠ ᠬᠠᠪᠢ ᠶᠢᠨ ᠢᠶᠠᠨ ᠠᠵᠢᠯ ᠤᠨ ᠴᠢᠮᠡᠭᠡ ᠵᠠᠩᠭᠢ ᠶᠢ ᠴᠠᠭ ᠦᠷᠭᠦᠯᠵᠢ ᠠᠩᠬᠠᠷᠴᠦ ᠶᠠᠪᠤᠳᠠᠭ᠃ ᠵᠢᠷ ᠤᠨ ᠭᠤᠣᠯ ᠤᠨ ᠪᠠᠶᠠᠨᠴᠠᠭᠠᠨ ᠣᠪᠣᠭ᠎ᠠ ᠶᠢ ᠳᠡᠭᠡᠲᠦ ᠱᠠᠲᠤᠨ ᠠᠴᠠ ᠪᠡᠯᠡ ᠤᠷᠤᠭᠤᠯᠤᠨ ᠪᠦᠲᠦᠭᠡᠨ ᠪᠠᠶᠢᠭᠤᠯᠤᠯᠲᠠ ᠬᠢᠭᠰᠡᠨ ᠠᠴᠠ ᠴᠦᠭᠡᠪᠦᠷ ᠬᠦᠮᠦᠨ ᠬᠡᠷᠡᠭᠯᠡᠬᠦ ᠭᠡᠰᠡᠨ ᠴᠢᠮᠡᠭᠡ ᠶᠢ ᠤᠯᠤᠮᠠᠭᠴᠠ  ᠰᠤᠳᠥᠪᠢᠯᠢᠭ ᠭᠡᠷᠭᠡᠢ ᠲᠠᠢ ᠪᠠᠨ ᠲᠡᠨᠳᠡ ᠬᠦᠷᠦᠭᠰᠡᠨ ᠶᠤᠮ᠃ 2016 ᠣᠨ ᠠᠴᠠ ᠡᠬᠢᠯᠡᠨ ᠠᠵᠢᠯᠯᠠᠵᠤ᠂ ᠤᠳᠤ ᠪᠣᠯᠬᠤ ᠳᠤ ᠪᠠᠶᠠᠨᠴᠠᠭᠠᠨ ᠳᠤ  ᠶᠢᠰᠦᠳᠡᠬᠢ ᠵᠢᠯ ᠢᠶᠠᠨ ᠤᠭᠲᠤᠵᠤ ᠪᠠᠶᠢᠨ᠎ᠠ᠃  ᠰᠤᠳᠦᠪᠢᠯᠢᠭ ᠪᠠᠶᠠᠨᠴᠠᠭᠠᠨ ᠣᠪᠣᠭᠠᠨ ᠤ ᠡᠷᠬᠢᠨ ᠲᠤᠭᠤᠷᠢᠨ ᠤ ᠮᠣᠳᠣ ᠤᠷᠭᠤᠮᠠᠯ ᠢ ᠤᠰᠤᠯᠠᠨ ᠠᠷᠠᠴᠢᠯᠠᠬᠤ ᠪᠠᠷ ᠭᠤᠣᠯᠳᠠᠭᠤᠯᠤᠭᠰᠠᠨ ᠠᠵᠢᠯ ᠳᠡᠭᠡᠷ᠎ᠡ ᠲᠤᠬᠢᠷᠠᠭᠤᠯᠤᠭᠳᠠᠵᠤ᠂ ᠭᠡᠷᠬᠡᠢ ᠨᠢ ᠠᠵᠢᠯᠲᠠᠳ ᠤᠨ ᠬᠤᠭᠤᠯᠠ ᠬᠤᠰᠢ ᠶᠢ ᠪᠡᠯᠡᠳᠭᠡᠬᠦ ᠠᠵᠢᠯ ᠳᠡᠭᠡᠷ᠎ᠡ ᠲᠤᠬᠢᠷᠠᠭᠤᠯᠤᠭᠳᠠᠵᠠᠢ᠃ ᠠᠵᠢᠯ ᠲᠦᠷᠦᠯ ᠢ ᠬᠦᠨᠳᠤᠴᠡ ᠲᠠᠢ᠂ ᠨᠦᠬᠦᠴᠡᠯ ᠪᠠᠷᠤᠭᠲᠠᠢ ᠭᠡᠵᠦ ᠲᠡᠳᠡ ᠬᠤᠶᠠᠷ ᠶᠠᠷᠦᠨᠢ ᠭᠤᠯᠤᠵᠤ ᠪᠠᠶᠢᠭ᠎ᠠ ᠦᠭᠡᠢ᠂ ᠠᠵᠢᠯ ᠤᠯᠳᠠᠵᠤ  ᠯᠠ  ᠪᠠᠶᠢᠪᠠᠯ  ᠴᠢᠷᠮᠠᠶᠢᠵᠤ ᠯᠠ ᠪᠠᠶᠢᠳᠠᠭ᠃ ᠪᠠᠶᠠᠨᠴᠠᠭᠠᠨ ᠣᠪᠣᠭᠠᠨ ᠤ ᠠᠵᠢᠯ ᠨᠢ ᠵᠢᠯ ᠪᠦᠷᠢ ᠶᠢᠨ ᠳᠦᠷᠪᠡᠨ ᠰᠠᠷ᠎ᠠ ᠠᠴᠠ ᠡᠬᠢᠯᠡᠵᠦ᠂ ᠠᠷᠪᠠᠨ ᠰᠠᠷ᠎ᠠ ᠶᠢᠨ ᠦᠶ᠎ᠡ ᠪᠠᠷ ᠬᠦᠢᠲᠡᠡ ᠣᠷᠣᠬᠤ ᠳᠤ ᠵᠤᠭᠰᠤᠳᠠᠭ᠃ ᠬᠠᠭᠠᠰ ᠵᠢᠯ ᠨᠢ ᠲᠤᠭᠲᠠᠪᠤᠷᠢᠲᠠᠢ ᠠᠵᠢᠯ ᠲᠠᠢ ᠪᠣᠯᠣᠭᠰᠠᠨ ᠴᠤ ᠠᠷᠪᠠᠨ ᠰᠠᠷ᠎ᠠ ᠠᠴᠠ ᠳᠦᠷᠪᠡᠨ ᠰᠠᠷ᠎ᠠ ᠬᠦᠷᠲᠡᠯᠡᠬᠢ ᠬᠠᠭᠠᠰ ᠵᠢᠯ ᠳᠤ ᠠᠵᠢᠯ ᠦᠭᠡᠢ ᠲᠤᠯᠠ ᠣᠳᠤᠨᠵᠠᠶᠠᠭ᠎ᠠ ᠬᠤᠭᠤᠯᠠᠨ ᠭᠡᠷ ᠲᠤ ᠬᠠᠪᠰᠤᠷᠬᠤ᠂ ᠭᠡᠷ ᠲᠡᠭᠡᠨ ᠪᠤᠤᠵᠠ ᠪᠠᠩᠰᠢ ᠪᠠᠷᠢᠵᠦ ᠬᠤᠳᠠᠯᠳᠤᠬᠤ ᠭᠡᠬᠦ ᠮᠡᠲᠦ  ᠠᠵᠢᠯ ᠬᠢᠵᠦ᠂   ᠰᠤᠳᠥᠪᠢᠯᠢᠭ  ᠠᠳᠡ  ᠲᠡᠨᠳᠡ  ᠬᠦᠴᠦᠨ  ᠤ ᠠᠵᠢᠯ ᠬᠢᠬᠦ ᠪᠠᠷ ᠳᠠᠮᠵᠢᠨ ᠣᠷᠣᠯᠭ᠎ᠠ ᠪᠠᠨ ᠪᠠᠲᠤᠯᠠᠵᠤ ᠪᠠᠶᠢᠵᠠᠢ᠃ ᠤᠯᠠᠩᠭᠢ ᠬᠦᠮᠦᠨ ᠬᠡᠷᠡᠭᠯᠡᠬᠦ ᠭᠠᠵᠠᠷ ᠨᠢ ᠤᠳᠠᠭᠠᠨ ᠠᠵᠢᠯᠯᠠᠬᠤ ᠠᠵᠢᠯᠲᠠᠨ ᠱᠠᠭᠠᠷᠳᠠᠳᠠᠭ ᠪᠣᠯᠬᠤᠷ ᠪᠠᠶᠠᠨᠴᠠᠭᠠᠨ ᠤ ᠠᠵᠢᠯ ᠢᠶᠠᠨ ᠳᠠᠭᠤᠰᠬᠠᠨ ᠬᠤᠰᠢᠭᠤᠨ ᠳᠤ ᠢᠷᠡᠵᠦ ᠠᠵᠢᠯ ᠡᠷᠢᠳᠡᠭ ᠡᠳᠡ ᠬᠤᠶᠠᠷ ᠲᠤ ᠵᠣᠬᠢᠬᠤ ᠬᠡᠮᠵᠢᠶᠡᠨ ᠤ ᠬᠦᠴᠢᠷᠲᠡᠯ ᠲᠣᠯᠭᠠᠷᠠᠳᠠᠭ᠃ ᠵᠢᠯ ᠪᠣᠯᠭᠠᠨ ᠠᠵᠢᠯ ᠡᠷᠢᠨ᠎ᠡ ᠬᠡᠮᠡᠨ ᠲᠦᠪᠡᠭᠳᠡᠳᠡᠭ ᠪᠣᠯᠬᠤᠷ 2024 ᠣᠨ ᠤ ᠨᠠᠮᠤᠷ ᠠᠴᠠ ᠬᠤᠶᠠᠭᠤᠯᠠ ᠵᠦᠪᠳᠡᠯᠴᠡᠵᠦ ᠲᠦᠷᠢᠶᠡᠰᠦᠨ ᠲᠡᠷᠭᠡ ᠬᠤᠳᠠᠯᠳᠤᠨ ᠠᠪᠴᠤ᠂ ᠡᠭᠡᠯᠵᠢᠯᠡᠨ ᠪᠠᠷᠢᠬᠤ ᠪᠠᠷ ᠰᠡᠳᠭᠢᠯ ᠰᠢᠭᠤᠳᠪᠠ᠃ ᠡᠶᠢᠮᠦ ᠰᠢᠢᠳᠪᠦᠷᠢ ᠭᠠᠷᠭᠠᠭᠰᠠᠨ ᠳᠣᠣᠷ᠎ᠠ ᠪᠠᠨ  ᠠᠳᠡ ᠲᠡᠨᠳᠡ ᠠᠴᠠ ᠵᠤᠭᠤᠰ ᠮᠦᠩᠭᠦ ᠭᠦᠢᠴᠡᠯᠳᠦᠭᠦᠯᠵᠦ᠂ ᠰᠢᠨ᠎ᠡ ᠲᠡᠷᠭᠡ ᠵᠠᠬᠢᠶᠠᠯᠠᠨ᠂ ᠲᠦᠷᠢᠶᠡᠰᠦᠨ ᠲᠡᠷᠭᠡ ᠬᠦᠶᠦᠬᠦ ᠬᠠᠮᠢᠶ᠎ᠠ ᠪᠦᠬᠦᠢ ᠭᠠᠷ ᠭᠦᠢᠴᠡᠳᠭᠡᠯ ᠢ ᠪᠦᠷᠢᠨᠰᠢᠭᠦᠯᠦᠭᠰᠡᠨ ᠨᠦᠬᠦᠴᠡᠯ ᠳᠣᠣᠷ᠎ᠠ ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃ ᠤᠤᠯ ᠨᠢ ᠡᠳᠡ ᠬᠤᠶᠠᠭᠤᠯᠠ ᠲᠦᠷᠢᠶᠠᠰᠦᠨ ᠲᠡᠷᠭᠡ ᠪᠠᠷᠢᠵᠦ ᠪᠠᠶᠢᠭᠰᠠᠨ ᠪᠣᠯᠪᠠᠴᠤ ᠬᠦᠮᠦᠨ ᠤ ᠲᠡᠷᠭᠡ ᠶᠢ ᠲᠦᠷᠢᠶᠡᠰᠦᠯᠡᠵᠦ ᠪᠠᠶᠢᠭᠰᠠᠨ ᠪᠣᠯᠬᠤᠷ ᠳᠠᠷᠤᠭᠠᠰᠤ ᠪᠠᠭᠠᠲᠠᠢ ᠪᠠᠶᠢᠪᠠ᠃ ᠰᠢᠨ᠎ᠠ ᠲᠡᠷᠭᠡ ᠪᠠᠷ ᠲᠦᠷᠢᠶᠡᠰᠦᠨ ᠲᠡᠷᠭᠡ ᠬᠦᠶᠦᠭᠰᠡᠨ ᠪᠣᠯᠬᠤᠷ ᠲᠡᠷᠭᠡ ᠠᠪᠤᠭᠰᠠᠨ ᠵᠤᠭᠤᠰ ᠢᠶᠠᠨ ᠴᠢᠷᠮᠠᠶᠢᠨ ᠪᠠᠶᠢᠵᠤ ᠣᠯᠵᠣ ᠠᠪᠴᠢᠷᠠᠨ᠂ ᠲᠡᠭᠦᠨ ᠤ ᠤᠯᠠᠮ ᠠᠴᠠ ᠢᠯᠡᠭᠦᠴᠡ ᠣᠷᠣᠯᠭ᠎ᠠ ᠣᠯᠬᠤ ᠴᠢᠬᠤᠯᠠᠲᠠᠢ ᠪᠣᠯᠬᠤᠷ ᠡᠳᠡ ᠬᠤᠶᠠᠷ ᠬᠠᠮᠤᠭ ᠬᠦᠴᠦ ᠪᠠᠷ ᠢᠶᠠᠨ ᠴᠢᠷᠮᠠᠶᠢᠵᠤ ᠡᠬᠢᠯᠡᠪᠡ᠃ ᠰᠢᠨ᠎ᠠ ᠨᠢᠭᠡᠨ ᠠᠵᠢᠯ ᠲᠠᠢ ᠪᠤᠯᠤᠭᠰᠠᠨ ᠠᠴᠠ ᠲᠤᠩ ᠶᠠᠭᠠᠷᠠᠯᠲᠠᠢ ᠪᠠᠷ ᠴᠠᠭᠠᠨ ᠰᠠᠷ᠎ᠠ ᠪᠠᠨ ᠤᠭᠲᠤᠨ ᠥᠩᠭᠡᠷᠡᠭᠦᠯᠵᠦ ᠪᠠᠶᠢᠭᠰᠠᠨ ᠴᠦ ᠴᠢᠷᠮᠠᠶᠢᠬᠤ ᠵᠦᠭ ᠴᠢᠭ ᠢᠶᠠᠨ ᠣᠯᠣᠭᠰᠠᠨ ᠪᠣᠯᠬᠤᠷ  ᠰᠤᠳᠥᠪᠢᠯᠢᠭ ᠣᠳᠤᠨᠵᠠᠶᠠᠭ᠎ᠠ ᠬᠤᠶᠠᠷ ᠰᠡᠳᠭᠢᠯ ᠬᠠᠨᠤᠮᠵᠢᠲᠠᠢ ᠪᠠᠶᠢᠯ᠎ᠠ᠃     ︽ᠲᠦᠷᠢᠶᠡᠰᠦᠨ ᠲᠡᠷᠭᠡ ᠭᠦᠶᠦᠯᠭᠡᠵᠦ ᠡᠬᠢᠯᠡᠭᠰᠡᠨ ᠠᠴᠠ ᠨᠠᠭᠠᠰᠢ᠂ ᠪᠢᠳᠡ ᠬᠤᠶᠠᠷ ᠲᠡᠷᠭᠡ ᠪᠠᠨ ᠵᠤᠭᠰᠤᠭᠠᠯ ᠦᠭᠡᠢ ᠰᠢᠬᠠᠮ ᠠᠵᠢᠯᠯᠠᠳᠠᠭ᠂ ᠬᠤᠭᠤᠯᠠᠨ ᠤ ᠴᠠᠭ ᠴᠦ ᠡᠭᠡᠯᠵᠢᠯᠡᠵᠦ ᠬᠤᠭᠤᠯᠠ ᠪᠠᠨ ᠢᠳᠡᠵᠦ᠂ ᠨᠢᠭᠡ ᠨᠢ ᠲᠡᠷᠭᠡ ᠪᠠᠨ ᠬᠦᠶᠦᠯᠭᠡᠳᠡᠭ︾ ᠭᠡᠵᠦ ᠤᠳᠤᠨᠵᠠᠶᠠᠭ᠎ᠠ ᠶᠠᠷᠢᠵᠦ ᠪᠠᠶᠢᠯ᠎ᠠ᠃  ᠰᠤᠳᠥᠪᠢᠯᠢᠭ ᠣᠳᠤᠨᠵᠠᠶᠠᠭ᠎ᠠ ᠶᠢᠨ ᠬᠦᠦ ᠰᠡᠴᠡᠨᠵᠤᠷᠢᠭ ᠨᠢ ᠶᠡᠭᠡ ᠰᠤᠷᠭᠠᠭᠤᠯᠢ ᠶᠢᠨ ᠨᠢᠭᠡᠳᠦᠭᠡᠷ ᠠᠩᠭᠢ ᠶᠢᠨ ᠤᠶᠤᠲᠠᠨ᠂ ᠪᠤᠭᠤᠲᠤ ᠬᠤᠲᠠ ᠶᠢᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠳᠤ ᠰᠤᠷᠤᠯᠴᠠᠵᠤ ᠪᠤᠢ᠃ ᠳᠡᠭᠡᠲᠦ ᠳᠤᠮᠳᠠᠳᠤ ᠪᠠᠨ ᠲᠡᠭᠦᠰᠦᠭᠰᠡᠨ ᠵᠢᠯ ᠳᠡᠭᠡᠨ ᠵᠢᠯᠤᠭᠤᠴᠢ ᠶᠢᠨ ᠦᠨᠡᠮᠯᠡᠯ ᠢᠶᠠᠨ ᠰᠢᠯᠭᠠᠨ ᠠᠪᠤᠭᠰᠠᠨ ᠪᠣᠯᠬᠤᠷ ᠡᠪᠦᠯ ᠤᠨ ᠠᠮᠠᠷᠠᠯᠲᠠ ᠪᠠᠷ ᠭᠡᠷ ᠲᠡᠭᠡᠨ ᠲᠤᠰᠠ ᠪᠣᠯᠵᠣ᠂ ᠠᠪᠤ ᠡᠵᠢ ᠲᠠᠢ ᠪᠠᠨ ᠡᠭᠡᠯᠵᠢᠯᠡᠨ ᠲᠦᠷᠢᠶᠠᠰᠦᠨ ᠲᠡᠷᠭᠡ ᠪᠠᠨ ᠪᠠᠷᠢᠵᠦ᠂ ᠪᠠᠭ᠎ᠠ ᠴᠤ ᠭᠡᠰᠡᠨ ᠠᠪᠤ ᠡᠵᠢ ᠪᠠᠨ ᠬᠥᠯ ᠠᠮᠠᠷᠠᠭᠠᠵᠤ᠂ ᠰᠡᠳᠭᠢᠯ ᠢ ᠨᠢ ᠪᠠᠶᠠᠰᠬᠠᠨ᠎ᠠ᠃ ︽ᠳᠡᠮ ᠳᠡᠮ ᠳᠡᠭᠡᠨ᠂ ᠳᠡᠭᠡᠰᠦ ᠡᠷᠴᠢᠮ ᠳᠡᠭᠡᠨ︾ ᠭᠡᠳᠡᠭᠴᠢᠯᠡᠨ ᠰᠡᠳᠭᠢᠯ ᠲᠠᠭᠠᠷᠠᠭᠰᠠᠨ ᠬᠤᠶᠠᠷ ᠤᠨ ᠰᠦᠨᠢ ᠡᠳᠦᠷ ᠢᠯᠭᠠᠯ ᠦᠭᠡᠢ ᠴᠢᠷᠮᠠᠶᠢᠨ ᠠᠵᠢᠯᠯᠠᠭᠰᠠᠨ ᠤ ᠰᠠᠶᠢᠨ ᠢᠶᠠᠷ ᠤᠷᠤᠯᠭ᠎ᠠ ᠨᠢ ᠲᠤᠭᠲᠠᠪᠤᠷᠢ ᠲᠠᠢ ᠪᠣᠯᠵᠤ᠂ ᠨᠢᠭᠡ ᠡᠳᠦᠷ ᠤᠨ ᠲᠣᠰᠤᠨ ᠵᠤᠭᠤᠰ ᠢᠶᠠᠨ ᠭᠠᠷᠭᠠᠪᠠᠯ 300 ᠲᠦᠭᠦᠷᠢᠭ ᠤᠨ ᠴᠡᠪᠡᠷ ᠤᠷᠤᠯᠭ᠎ᠠ ᠪᠠᠨ ᠪᠠᠲᠤᠯᠠᠳᠠᠭ ᠪᠣᠯᠪᠠ᠃ ᠡᠨᠡ ᠶᠠᠩᠵᠤ ᠪᠠᠷ ᠬᠤᠶᠠᠷ ᠵᠢᠯ ᠴᠢᠷᠮᠠᠶᠢᠪᠠᠯ ᠲᠡᠷᠭᠡ ᠠᠪᠤᠭᠰᠠᠨ ᠵᠤᠭᠤᠰ ᠢᠶᠠᠨ ᠪᠤᠴᠠᠭᠠᠴᠢᠬᠠᠨ᠎ᠠ ᠭᠡᠵᠦ  ᠰᠤᠳᠥᠪᠢᠯᠢᠭ ᠭᠤᠸᠠᠢ ᠶᠠᠷᠢᠵᠦ ᠪᠠᠶᠢᠯ᠎ᠠ᠃     ᠠᠮᠢᠳᠤᠷᠠᠯ ᠤᠨ ᠰᠠᠶᠢᠨ ᠰᠠᠶᠢᠬᠠᠨ ᠲᠡᠷᠡ ᠴᠢᠭ ᠢᠶᠠᠷ ᠢᠶᠠᠨ ᠬᠦᠳᠡᠯᠮᠦᠷᠢ ᠠᠴᠠ ᠢᠷᠡᠯᠲᠡ ᠲᠠᠢ ᠪᠠᠶᠢᠳᠠᠭ ᠢ ᠡᠨᠡ ᠰᠠᠶᠢᠬᠠᠨ ᠠᠶᠢᠯ ᠠᠴᠠ ᠪᠢᠳᠡ ᠬᠠᠷᠠᠯ᠎ᠠ᠃ ᠮᠦᠨᠴᠦ ᠠᠪᠤ ᠡᠵᠢ ᠶᠢᠨ ᠬᠢᠨᠢ ᠨᠢᠭᠡᠨ ᠦᠵᠦᠭᠦᠷᠲᠦ ᠰᠡᠳᠭᠢᠯ ᠢᠶᠠᠷ ᠴᠢᠷᠮᠠᠶᠢᠳᠠᠭ ᠪᠤᠷᠤᠭᠵᠢᠭᠤᠨ ᠠᠷᠠᠨᠰᠢᠨ ᠨᠢ ᠦᠷ᠎ᠡ ᠬᠡᠦᠬᠡᠳ ᠲᠤᠨᠢ ᠬᠠᠮᠤᠭ ᠤᠨ ᠦᠨᠡᠲᠦ ᠰᠤᠷᠭᠠᠯ ᠪᠣᠯᠵᠣ᠂ ᠠᠮᠢᠳᠤᠷᠠᠯ ᠰᠤᠷᠤᠯᠴᠠᠯᠭ᠎ᠠ ᠶᠢᠨ ᠬᠢᠨᠢ ᠲᠤᠷᠰᠢ ᠬᠦᠲᠦᠴᠢ ᠳᠠᠭᠤᠷᠢᠶᠠᠯ ᠪᠣᠯᠬᠤ ᠨᠢ ᠯᠠᠪᠲᠠᠢ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号