ᠪᠦᠯᠬᠦᠮᠳᠡᠯ ᠢ ᠡᠷᠬᠢᠮᠯᠡᠵᠦ᠂ ᠰᠠᠶᠢᠨ ᠲᠤᠷ᠎ᠠ ᠠᠴᠠ ᠪᠠᠨ ᠪᠤᠰᠤᠳ ᠤᠨ ᠬᠦᠴᠢᠷᠳᠡᠯ ᠢ ᠬᠤᠪᠢᠶᠠᠯᠴᠠᠵᠤ ᠶᠠᠪᠤᠭ᠎ᠠ | ᠰᠠᠶᠢᠨ ᠰᠠᠨᠠᠭᠠᠳᠤ ᠬᠦᠮᠦᠰ ᠰᠢᠨ᠎ᠡ ᠴᠠᠭ ᠦᠶ᠎ᠡ ᠶᠢᠨ ᠪᠠᠭ᠋ᠠᠷᠬᠠᠯ ᠪᠤᠯᠵᠤ ᠰᠤᠨᠤᠷ ᠮᠢᠯᠢᠶᠠᠨ᠎ᠠ᠃ ᠵᠡᠬᠦᠨ ᠦᠵᠦᠮᠦᠴᠢᠨ | ᠬᠤᠰᠢᠭᠤᠨ ᠳᠤ ᠶᠠᠳᠠᠵᠤ ᠵᠦᠳᠡᠭᠰᠡᠨ ᠨᠢᠬᠡᠨ ᠢᠶᠠᠨ ᠲᠤᠰᠠᠯᠠᠵᠤ ᠶᠠᠪᠤᠳᠠᠭ ᠡᠮᠡᠭᠳᠡᠢ ᠰᠠᠶᠢᠨ ᠲᠤᠷᠠᠴᠤᠤᠯ ᠤᠨ | ᠬᠤᠯᠪᠤᠭ᠎ᠠ ᠪᠠᠶᠢᠳᠠᠭ᠃ ︽ᠦᠵᠦᠮᠦᠴᠢᠨ ᠪᠦᠰᠡᠭᠦᠢ︾ ᠬᠤᠯᠪᠤᠭᠠᠨ ᠤ ᠨᠡᠶᠢᠳᠡᠯᠢᠭ ᠵᠢᠱᠢᠶ᠎ᠡ ᠨᠢ ᠰᠦᠯᠵᠢᠶ᠎ᠡ | ᠬᠤᠯᠪᠤᠭ᠎ᠠ ᠪᠠᠷ ᠰᠠᠴᠤᠭᠳᠠᠨ᠂ ᠲᠦᠷᠪᠡᠨ ᠵᠦᠭ ᠨᠠᠢᠮᠠᠨ ᠵᠤᠪᠬᠢᠰ ᠤᠨ ᠰᠤᠨᠤᠰᠤᠭᠰᠠᠨ ᠪᠦᠬᠦᠨ ᠳᠤ ᠱᠠᠭᠰᠢᠭᠳᠠᠵᠦ | ᠶᠠᠪᠤᠨ᠎ᠠ᠃ | ᠪᠤᠰᠤᠳ ᠢ ᠲᠡᠮᠵᠢᠵᠦ᠂ ᠪᠤᠶᠠᠨ ᠦᠢᠯᠡᠳᠬᠦ ᠬᠦᠰᠡᠯ ᠵᠤᠷᠢᠯᠭ᠎ᠠ ᠲᠠᠢ ᠲᠤᠰ ᠬᠤᠯᠪᠤᠭ᠎ᠠ ᠶᠢ ᠵᠡᠬᠦᠨ | ᠦᠵᠦᠮᠦᠴᠢᠨ ᠬᠤᠰᠢᠭᠤᠨ ᠤ ᠬᠠᠳᠠᠪᠴᠢ ᠪᠠᠯᠭᠠᠰᠤᠨ ᠤ ᠬᠠᠨ ᠠᠭᠤᠯᠠ ᠭᠠᠴᠠᠭᠠᠨ ᠤ ᠰᠤᠶᠤᠯᠴᠢᠮᠡᠭ 2021 | ᠤᠨ ᠤ 2 ᠰᠠᠷ᠎ᠠ ᠳᠤ ᠰᠠᠨᠠᠭᠠᠴᠢᠯᠠᠨ ᠪᠠᠶᠢᠭᠤᠯᠵᠠᠢ᠃ ᠠᠩᠬ᠎ᠠ ᠡᠬᠢᠯᠡᠭᠡᠳ ᠠᠷᠪᠠᠭᠠᠳ ᠬᠦᠮᠦᠨ ᠲᠠᠢ ᠪᠠᠶᠢᠭᠰᠠᠨ ᠢᠶᠠᠨ | ᠤᠳᠤ ᠪᠤᠯᠬᠤ ᠳᠤ 66 ᠬᠡᠰᠢᠬᠦᠨ ᠲᠠᠢ ᠪᠤᠯᠵᠤ ᠦᠷᠬᠡᠵᠢᠪᠡ᠃ ᠬᠦᠴᠢᠷᠳᠡᠯ ᠬᠠᠮᠢᠭ᠎ᠠ ᠪᠠᠶᠢᠪᠠᠯ ᠬᠦᠰᠡᠯ ᠰᠡᠳᠬᠢᠯ ᠨᠢ | ᠲᠡᠨᠳᠡ ᠬᠦᠷᠳᠡᠭ ᠳᠡᠳᠡᠨ ᠤ ᠬᠤᠯᠪᠤᠭ᠎ᠠ ᠤᠯᠠᠨ ᠬᠤᠯᠪᠤᠭᠠᠨ ᠤ ᠲᠤᠳᠤᠷ᠎ᠠ ᠦᠪᠡᠷᠮᠢᠴᠡ ᠤᠨᠴᠠᠯᠢᠭ ᠢᠶᠠᠷ ᠢᠶᠠᠨ | ᠬᠢᠯᠠᠷᠠᠵᠦ ᠶᠠᠪᠤᠨ᠎ᠠ᠃ | ᠬᠤᠯᠪᠤᠭᠠᠨ ᠤ ᠬᠢᠨ ᠪᠠᠶᠠᠷ ᠲᠤᠷᠠᠰᠬᠠᠯ ᠤᠨ ᠡᠳᠦᠷ ᠢ ᠲᠤᠬᠢᠶᠠᠯᠳᠤᠭᠤᠯᠤᠨ᠂ ᠪᠡᠶ᠎ᠡ ᠪᠠᠭᠤᠷᠠᠢ ᠪᠠ ᠭᠠᠭᠴᠠ | ᠪᠡᠶ᠎ᠡ ᠨᠠᠰᠤᠳᠠᠶᠢᠴᠤᠳ᠂ ᠠᠮᠢᠳᠤᠷᠠᠯ ᠨᠢ ᠤᠨᠴᠠ ᠬᠦᠴᠢᠷᠳᠡᠯᠳᠡᠢ ᠰᠤᠷᠤᠭᠴᠢ᠂ ᠵᠡᠮᠳᠡᠭ ᠬᠡᠦᠬᠡᠳ ᠵᠡᠷᠭᠡ ᠨᠡᠶᠢᠬᠡᠮ ᠤᠨ | ᠲᠤᠷᠤᠢ ᠪᠠᠭᠤᠷᠠᠢ ᠬᠦᠮᠦᠰ ᠢ ᠤᠯᠠᠨ ᠤᠳᠠᠭ᠎ᠠ ᠲᠠᠮᠵᠢᠨ ᠲᠤᠰᠠᠯᠠᠬᠤ ᠠᠵᠢᠯᠯᠠᠭ᠎ᠠ ᠦᠷᠨᠢᠬᠦᠯᠵᠦ᠂ ᠲᠤᠰᠠᠯᠠᠭᠰᠠᠨ | ᠮᠦᠡᠭᠬᠦ ᠨᠢ 3 ᠲᠦᠮᠡ ᠭᠠᠷᠤᠢ ᠲᠦᠭᠦᠷᠢᠭ ᠲᠤ ᠬᠦᠷᠴᠡᠢ᠃ ᠲᠡᠳᠡ 2024 ᠤᠨ ᠤ 6 ᠰᠠᠷ᠎ᠠ ᠶᠢᠨ 1 ᠤ ᠡᠳᠦᠷ᠂ | ᠬᠦᠬᠡᠨᠠᠭᠤᠷ ᠮᠤᠵᠢ ᠶᠢᠨ ᠶᠠᠳᠠᠭᠤ ᠬᠡᠦᠬᠡᠳ ᠲᠤ ᠤᠯᠠᠨ ᠬᠤᠪᠴᠠᠰᠦ ᠬᠤᠨᠠᠷ ᠭᠤᠪᠢᠭᠤᠯᠵᠤ ᠲᠡᠮᠵᠢᠨ ᠲᠤᠰᠠᠯᠠᠪᠠ᠃ | ᠬᠤᠯᠪᠤᠭᠠᠨ ᠤ ᠡᠷᠬᠢᠯᠡᠭᠰᠡᠨ ᠦᠢᠯᠡ ᠶᠠᠪᠤᠳᠠᠯ ᠨᠢ ᠨᠠᠮ ᠵᠠᠰᠠᠭ ᠪᠠ ᠤᠯᠠᠨ ᠲᠦᠮᠡᠨ ᠤ ᠰᠠᠶᠢᠨ ᠦᠨᠡᠯᠡᠯᠳᠡ ᠶᠢ | ᠤᠯᠤᠭᠰᠠᠨ ᠮᠦᠷᠳᠡᠬᠡᠨ 2023 — 2024 ᠤᠨ ᠳᠤ ᠬᠠᠳᠠᠪᠴᠢ ᠪᠠᠯᠭᠠᠰᠤᠨ ᠤ ᠪᠠᠨ ︽ᠬᠠᠮᠤᠭ ᠤᠨ ᠭᠤᠶᠤ | ᠰᠠᠶᠢᠨ ᠲᠤᠷᠠᠴᠤᠤᠯ︾᠂ ︽ᠬᠠᠮᠤᠭ ᠤᠨ ᠰᠠᠶᠢᠨ ᠬᠠᠯᠠᠭᠤᠨ ᠰᠡᠳᠬᠢᠯᠳᠦ ᠠᠨᠢᠶ᠎ᠠ︾ ᠪᠠᠷ ᠦᠨᠡᠯᠡᠭᠳᠡᠵᠦ᠂ ᠱᠠᠩᠨᠠᠯ | ᠤᠷᠮᠠᠰᠢᠭᠤᠯᠤᠯ ᠲᠤᠰᠴᠠᠢ᠃ ᠰᠤᠶᠤᠯᠴᠢᠮᠡᠭ ᠪᠠᠰᠠ 2025 ᠤᠨ ᠤ ᠡᠬᠢᠨ ᠳᠤ ︽ᠦᠵᠦᠮᠦᠴᠢᠨ ᠵᠠᠯᠠᠭᠤᠰ︾ | ᠬᠤᠶᠠᠳᠤᠭᠠᠷ ᠪᠤᠶᠠᠨ ᠤ ᠬᠤᠯᠪᠤᠭ᠎ᠠ ᠪᠠᠨ ᠪᠠᠶᠢᠭᠤᠯᠵᠤ᠂ ᠬᠤᠰᠢᠭᠤᠨ ᠤ ᠪᠠᠨ ᠨᠠᠰᠤᠳᠠᠶᠢᠴᠤᠳ ᠤᠨ ᠲᠤᠭᠤᠷᠢᠭ ᠲᠤ | ᠬᠦᠷᠴᠦ᠂ ᠬᠡᠷ ᠴᠡᠪᠡᠷᠯᠡᠬᠦ᠂ ᠦᠰᠦ ᠵᠠᠰᠠᠬᠤ ᠵᠡᠷᠬᠡ ᠰᠠᠶᠢᠨ ᠲᠤᠷ᠎ᠠ ᠶᠢᠨ ᠦᠢᠯᠡᠴᠢᠯᠡᠭᠡ ᠬᠠᠨᠭ᠍ᠭᠠᠵᠠᠢ᠃ ᠰᠤᠶᠤᠯᠴᠢᠮᠡᠭ | ᠄ ︽ᠲᠤᠷᠠᠳᠠᠢ ᠶᠠᠭᠤᠮ᠎ᠠ ᠪᠠᠨ ᠬᠢᠵᠦ ᠶᠠᠪᠤᠬᠤ ᠨᠢ ᠡᠷᠬᠢᠮ ᠨᠠᠨᠳᠢᠨ ᠶᠤᠮ᠃ ᠪᠢᠳᠡ ᠡᠨᠡᠬᠦ ᠠᠵᠢᠯᠯᠠᠭ᠎ᠠ ᠪᠠᠨ | ᠦᠷᠬᠦᠯᠵᠢᠯᠡᠨ ᠶᠠᠪᠤᠭᠳᠠᠭᠤᠯᠤᠨ᠎ᠠ︾ ᠭᠡᠵᠦ ᠪᠤᠳᠤᠯ ᠢᠶᠠᠨ ᠲᠡᠯᠬᠡᠵᠦ ᠪᠢᠯᠡ᠃ |