— ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾ ᠪᠠᠷ ᠲᠤᠭᠤᠷᠢᠨ ᠰᠤᠷᠪᠤᠯᠵᠢᠯᠠᠭᠠᠤᠨ | ᠰᠤᠷᠪᠤᠯᠵᠢᠯᠠᠬᠴᠢ ᠬᠠᠳᠠ 6 ᠳ᠋ᠤᠭᠠᠷ ᠰᠠᠷ᠎ᠠ ᠶᠢᠨ 29 ᠤ ᠡᠳᠤᠷ ᠪᠤᠯᠤᠬᠰᠠᠨ ᠪᠦᠭᠦ ᠤᠷᠤᠨ ᠤ ᠠᠩᠬᠠᠳᠤᠭᠠᠷ | ᠤᠳᠠᠭᠠᠨ ᠤ ᠰᠤᠶᠤᠯ ᠤᠨ ᠠᠵᠤ ᠦᠢᠯᠡᠰ ᠤᠨ ᠳᠡᠯᠭᠡᠨ ᠦᠵᠡᠭᠦᠯᠦᠯᠭᠡ ᠳᠡᠭᠡᠷ᠎ᠡ ᠮᠠᠠ ᠤ ᠠᠶᠢᠮᠠᠭ ᠤᠨ ︽ᠪᠤᠳᠠᠷ | ᠮᠢᠬᠠᠨ ᠴᠢᠯᠠᠭᠤᠠ ᠤ ᠤᠷᠠᠯᠢᠭ ᠤᠨ ᠮᠦᠽᠸᠢ︾ ᠶᠢᠨ ᠬᠢᠨ ᠨᠢ ᠳᠤᠯᠤᠨ ᠨᠤᠤᠷ ᠠᠴᠠ ᠤᠯᠳᠠᠬᠰᠠᠨ ︽ᠭᠦᠭᠡ | ᠮᠤᠩᠭᠤᠯ︾ ᠭᠡᠳᠡᠭ ᠮᠠᠨᠤ ᠴᠢᠯᠠᠭᠤ ᠪᠤᠯᠤᠨ ᠰᠦᠨᠢᠳ ᠤᠨ ᠳᠠᠯ᠎ᠠ ᠨᠤᠳᠤᠭ ᠠᠴᠠ ᠤᠯᠳᠠᠬᠰᠠᠨ ︽ᠦᠯᠵᠠᠢ ᠪᠡᠯᠭᠡᠳᠤ | ᠳᠤᠬᠤᠢ ᠴᠢᠯᠠᠭᠤ︾ ᠪᠠᠨ ᠳᠡᠯᠭᠡᠨ ᠦᠵᠡᠭᠦᠯᠵᠤ ᠳᠤᠰᠬᠠᠢ ᠮᠡᠷᠭᠡᠵᠢᠯᠳᠡᠨ ᠤ ᠦᠨᠳᠦᠷ ᠦᠨᠡᠯᠡᠯᠳᠡ ᠶᠢ ᠤᠯᠤᠬᠰᠠᠨ | ᠶᠤᠮ᠃ ᠰᠤᠷᠪᠤᠯᠵᠢᠯᠠᠬᠴᠢ ᠲᠠᠯ᠎ᠡ ᠶᠢᠨ ᠬᠤᠪᠤᠷ ᠴᠢᠯᠠᠭᠤᠤᠠ ᠢᠶᠠᠨ ᠲᠠᠶᠠᠭᠠᠷ ᠲᠤ ᠭᠠᠶᠢᠬᠠᠭᠤᠯᠤᠭᠰᠠᠠ ︽ᠪᠤᠳᠠᠷ | ᠮᠢᠬᠠᠨ ᠴᠢᠯᠠᠭᠤᠨ ᠤ ᠤᠷᠠᠯᠢᠭ ᠤᠨ ᠮᠦᠽᠸᠢ ︾ ᠪᠠᠷ ᠲᠤᠭᠤᠷᠢᠡ ᠭᠦᠷᠴᠤ᠂ ᠰᠤᠷᠪᠤᠯᠵᠢᠯᠠᠭ᠎ᠠ ᠠᠪᠴᠤ ᠪᠢᠯᠡ᠃ | ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾ ᠨᠢ ᠪᠠᠶᠢᠰᠠ ᠶᠢᠨ ᠰᠦᠮ᠎ᠡ ᠶᠢᠨ ᠳᠡᠷᠭᠡᠳᠡᠭᠢ | ᠦᠨᠳᠦᠰᠦᠳᠡᠨ ᠤ ᠤᠨᠴᠠᠯᠢᠬᠳᠤ ᠵᠡᠭᠡᠯᠢ ᠳᠤ ᠪᠠᠶᠢᠷᠢᠯᠠᠵᠤ ᠪᠠᠶᠢᠭ᠎ᠠ ᠶᠤᠮ᠃ 528.6 ᠬᠠᠪᠳᠠᠭᠠᠢ ᠲᠦᠷᠪᠡᠯᠵᠢᠨ | ᠳᠠᠯᠠᠪᠠᠢ ᠲᠠᠢ ᠬᠤᠶᠠᠷ ᠳᠠᠪᠬᠤᠷᠯᠢᠭ ᠠᠰᠠᠷ ᠤᠨ ᠬᠤᠶᠠᠳᠤᠭᠠᠷ ᠳᠠᠪᠬᠤᠷᠯᠢᠭ ᠳᠡᠭᠡᠷ᠎ᠡ ᠨᠢ ᠭᠠᠷᠪᠠᠯ ᠳᠠᠯ᠎ᠠ ᠶᠢᠨ | ᠦᠷᠦᠴᠡᠨ ᠠᠴᠠ ᠤᠯᠳᠠᠬᠰᠠᠨ ᠬᠤᠪᠤᠷ ᠴᠤᠬᠠᠭ ᠴᠢᠯᠠᠭᠤᠳ ᠬᠠᠷᠠᠴᠠ ᠶᠢ ᠡᠷᠭᠡ ᠦᠭᠡᠢ ᠪᠤᠯᠢᠶᠡᠵᠤ᠂ ᠬᠠᠴᠢᠨ | ᠴᠢᠯᠠᠭᠤᠨ ᠤ ᠭᠠᠶᠢᠬᠠᠮᠰᠢᠬ ᠡᠷᠭᠡ ᠦᠭᠡᠢ ᠪᠢᠰᠢᠷᠡᠯ ᠲᠦᠷᠦᠭᠳᠡᠭᠦᠯᠦᠨ᠎ᠡ᠃ ︽ᠪᠤᠳᠠᠷ ᠮᠢᠬᠠᠨ ᠴᠢᠯᠠᠭᠤᠨ ᠤ | ᠤᠷᠠᠯᠢᠭ ᠤᠨ ᠮᠦᠽᠸᠢ︾ ᠶᠢ 2015 ᠤᠨ ᠤ 6 ᠳ᠋ᠤᠭᠠᠷ ᠰᠠᠷ᠎ᠠ ᠳᠤ ᠡᠤ ᠰᠢᠩ᠂ ᠰᠢᠩ ᠢᠤ ᠪᠢᠨ᠂ ᠯᠢ ᠶᠢᠨ | ᠴᠢᠤᠸᠠᠨ ᠵᠡᠷᠭᠡ ᠭᠤᠷᠪᠠᠨ ᠵᠠᠯᠠᠭᠤ ᠬᠤᠷᠰᠢᠵᠤ ᠪᠠᠶᠢᠭᠤᠯᠤᠬᠰᠡᠨ ᠶᠤᠮ᠃ ᠳᠤᠰ ᠮᠦᠽᠸᠢ ᠨᠢ ᠰᠤᠳᠤᠯᠤᠨ ᠰᠢᠨᠵᠢᠯᠡᠭᠦ | ᠂ ᠨᠡᠭᠡᠭᠡᠨ ᠭᠦᠭᠵᠢᠭᠦᠯᠭᠦ᠂ ᠪᠤᠯᠪᠠᠰᠤᠷᠠᠭᠤᠯᠬᠤ᠂ ᠳᠡᠯᠭᠡᠨ ᠦᠵᠡᠭᠦᠯᠭᠦ ᠶᠢ ᠨᠢᠭᠡ ᠴᠤᠬᠴᠠᠵᠢᠭᠤᠯᠤᠬᠰᠠᠨ ᠪᠠᠶᠢᠳᠠᠭ᠃ | ︽ᠤᠤᠯ ᠨᠢ ᠪᠢᠳᠡ ᠭᠤᠤᠯᠳᠠᠭᠤ ᠴᠢᠯᠠᠭᠤ ᠲᠡᠭᠦᠭᠦ᠂ ᠴᠢᠯᠠᠭᠤ ᠪᠠᠷ ᠭᠠᠷ ᠤᠷᠠᠯᠠᠯ ᠤᠨ ᠪᠦᠳᠦᠭᠡᠭᠳᠡᠭᠦᠨ ᠭᠢᠭᠦ ᠵᠡᠷᠭᠡ | ᠠᠵᠢᠯ ᠢ ᠭᠢᠵᠤ ᠪᠠᠶᠢᠬᠰᠠᠨ᠃ ᠰᠡᠭᠦᠯ ᠳᠤᠨᠢ ᠬᠠᠴᠢᠨ ᠴᠢᠯᠠᠭᠤᠨ ᠤ ᠰᠤᠶᠤᠯ ᠢ ᠳᠡᠯᠭᠡᠷᠡᠭᠦᠯᠭᠦ᠂ ᠭᠦᠮᠦᠰ ᠤᠨ ᠬᠠᠴᠢᠨ | ᠴᠢᠯᠠᠭᠤᠨ ᠤ ᠳᠤᠬᠠᠢ ᠮᠡᠳᠡᠯᠭᠡ ᠶᠢ ᠨᠡᠮᠡᠭᠳᠡᠭᠦᠯᠭᠦ ᠵᠢᠴᠢ ᠳᠠᠯ᠎ᠠ ᠨᠤᠳᠤᠭ ᠤᠨ ᠬᠠᠴᠢᠨ ᠴᠢᠯᠠᠭᠤᠨ ᠤ ᠰᠤᠶᠤᠯ ᠢ | ᠭᠠᠳᠠᠬᠰᠢ ᠤᠬᠠᠭᠤᠯᠬᠤ ᠡᠭᠦᠳᠡᠨ ᠠᠴᠠ ᠳᠡᠯᠭᠡᠨ ᠦᠵᠡᠭᠦᠯᠦᠯᠭᠡ ᠶᠢᠨ ᠲᠢᠩᠭᠢᠮ ᠭᠠᠷᠭᠠᠵᠤ᠂ ᠤᠢᠢᠷ᠎ᠠ ᠶᠢᠨ ᠵᠢᠯ ᠳᠠᠯ᠎ᠠ | ᠨᠤᠳᠤᠭ ᠠᠴᠠ ᠤᠯᠳᠠᠬᠰᠠᠨ ᠬᠠᠴᠢᠨ ᠴᠢᠯᠠᠭᠤ ᠪᠠᠨ ᠲᠦᠷᠦᠯ ᠠᠩᠭᠢᠯᠠᠨ ᠳᠡᠯᠭᠡᠨ ᠦᠵᠡᠭᠦᠯᠵᠤ ᠪᠠᠶᠢᠨ᠎ᠠ︾ ᠭᠡᠵᠤ | ᠡᠦ ᠰᠢᠩ ᠮᠠᠨ ᠳᠤ ᠶᠠᠷᠢᠯ᠎ᠠ᠃ ᠳᠤᠰ ᠮᠦᠽᠸᠢ ᠨᠢ ᠦᠪᠡᠷ ᠤᠨ ᠬᠠᠴᠢᠨ ᠴᠢᠯᠠᠭᠤᠳ ᠢᠶᠠᠨ ᠳᠡᠯᠭᠡᠨ | ᠦᠵᠡᠭᠦᠯᠭᠦ ᠶᠢᠨ ᠬᠠᠮᠳᠤ ᠬᠠᠴᠢᠨ ᠴᠢᠯᠠᠭᠤᠨ ᠤ ᠤᠷᠠᠯᠢᠭ ᠤᠨ ᠦᠷᠳᠡᠭ᠂ ᠠᠵᠤ ᠠᠬᠤᠢ ᠶᠢᠨ ᠦᠷᠳᠡᠭ᠂ | ᠰᠤᠨᠢᠷᠬᠠᠯᠳᠤ ᠦᠷᠳᠡᠭ ᠵᠢᠴᠢ ᠬᠤᠷᠢᠶᠠᠨ ᠬᠠᠳᠠᠭᠠᠯᠠᠬᠤ ᠦᠨ᠎ᠡ ᠦᠷᠳᠡᠭ ᠵᠡᠷᠭᠡ ᠳᠠᠯ᠎ᠠ ᠶᠢᠨ ᠵᠠᠳᠠᠯᠤᠯᠳᠠ ᠭᠢᠵᠤ | ᠭᠦᠮᠦᠰ ᠲᠤ ᠬᠠᠴᠢᠨ ᠴᠢᠯᠠᠭᠤᠨ ᠤ ᠳᠤᠬᠠᠢ ᠮᠡᠳᠡᠯᠭᠡ ᠶᠢ ᠤᠯᠠᠮᠵᠢᠯᠠᠳᠠᠭ᠃ ᠬᠠᠴᠢᠨ ᠴᠢᠯᠠᠭᠤᠨ ᠤ ᠳᠡᠯᠭᠡᠨ | ᠦᠵᠡᠭᠦᠯᠦᠯᠭᠡ ᠶᠢᠨ ᠲᠢᠩᠭᠢᠮ ᠳᠡᠭᠡᠨ ᠭᠦᠳᠡᠭᠡ ᠭᠡᠭᠡᠷ᠎ᠡ ᠠᠴᠠ ᠳᠡᠭᠦᠭᠰᠡᠨ ᠴᠢᠯᠠᠭᠤᠳ ᠢᠶᠠᠨ ︽ᠭᠤᠷᠪᠠᠨ ᠡᠷᠡᠨ ᠤ | ᠬᠤᠭᠤᠯᠠ︾᠂ ︽ ᠦᠨᠦᠷ ᠠᠮᠳᠠᠳᠤ ᠮᠢᠬᠠᠨ ᠢᠳᠡᠭᠡᠨ︾᠂ ︽ᠰᠦᠨᠢᠳ ᠨᠤᠳᠤᠭ ᠤᠨ ᠮᠢᠬᠠᠨ ᠴᠢᠯᠠᠭᠤ︾ ᠁ | ᠭᠡᠭᠦᠴᠢᠯᠡᠨ 10 ᠶᠡᠭᠡ ᠲᠦᠷᠦᠯ ᠳᠤ ᠠᠩᠭᠢᠯᠠᠨ ᠳᠠᠯᠪᠢᠬᠰᠠᠨ ᠨᠢ ᠭᠦᠮᠦᠰ ᠤᠨ ᠠᠩᠬᠠᠷᠤᠯ ᠢ ᠶᠡᠭᠡᠳᠡ ᠳᠠᠳᠠᠵᠤ᠂ | ᠳᠠᠭᠢᠶᠠᠨ ᠭᠦᠯ᠂ ᠪᠠᠩᠰᠢ᠂ ᠳᠠᠪᠤᠰᠤᠯᠠᠬᠰᠠᠨ ᠮᠢᠬ᠎ᠠ᠂ ᠰᠢᠷᠠᠬᠰᠠᠨ ᠮᠢᠬ᠎ᠠ᠂ ᠳᠤᠰᠤᠨ ᠳᠤ ᠰᠢᠷᠭᠠᠭᠠᠬᠰᠠᠨ ᠮᠢᠬ᠎ᠠ᠂ | ᠦᠭᠡᠷ ᠤᠨ ᠵᠢᠷᠤᠭᠡ ᠂ ᠭᠠᠭ᠋ᠠᠢ ᠶᠢᠨ ᠴᠢᠭᠢ᠂ ᠭᠠᠭ᠋ᠠᠢ ᠶᠢᠨ ᠰᠢᠭᠢᠷ᠎ᠠ ᠁ ᠵᠡᠷᠭᠡ ᠵᠦᠢᠯ ᠵᠦᠢᠯ ᠤᠨ ᠭᠡᠯᠪᠡᠷᠢ | ᠶᠠᠩᠵᠤ ᠲᠠᠢ ᠴᠢᠯᠠᠭᠤᠳ ᠨᠢ ᠶᠠᠭ ᠯᠡ ᠦᠨᠡᠨ ᠰᠢᠭ ᠪᠠᠶᠢᠳᠠᠭ ᠪᠤᠯᠬᠤᠷ ᠳᠤᠭᠤᠷᠢᠨ ᠦᠵᠡᠭᠴᠢᠳ ︽ᠡᠨᠡ | ᠴᠢᠯᠠᠭᠤᠳ ᠶᠠᠭᠠᠭᠢᠭᠠᠳ ᠡᠶᠢᠮᠤ ᠭᠡᠯᠪᠡᠷᠢ ᠲᠠᠢ ᠪᠤᠯᠵᠤ ᠪᠦᠳᠦᠭᠰᠡᠨ ᠪᠤᠢ︖ ᠦᠨᠡᠭᠡᠷ ᠰᠤᠨᠢᠨ︾ ᠭᠡᠮᠡᠨ ᠭᠠᠶᠢᠬᠠᠨ | ᠰᠤᠨᠢᠷᠬᠠᠳᠠᠭ ᠶᠤᠮ᠃ ᠳᠡᠭᠦᠨ ᠤ ᠡᠨᠡ ᠮᠦᠽᠸᠢ ᠳᠤ ᠳᠡᠯᠭᠡᠨ ᠦᠵᠡᠭᠦᠯᠵᠤ ᠪᠠᠶᠢᠭ᠎ᠠ ᠬᠠᠴᠢᠨ ᠴᠢᠯᠠᠭᠤ 528 | ᠭᠡᠰᠡᠭ ᠪᠠᠶᠢᠳᠠᠭ᠃ | ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾ ᠨᠢ ᠬᠠᠴᠢᠨ ᠴᠢᠯᠠᠭᠤ ᠪᠠᠨ ᠲᠦᠷᠦᠯ ᠠᠩᠭᠢᠯᠠᠨ | ᠤᠯᠠᠨ ᠳᠤ ᠳᠡᠯᠭᠡᠨ ᠦᠵᠡᠭᠦᠯᠭᠦ ᠶᠢᠨ ᠬᠠᠮᠳᠤ ᠬᠠᠴᠢᠨ ᠴᠢᠯᠠᠭᠤ ᠰᠤᠨᠢᠷᠬᠠᠬᠤ ᠰᠤᠶᠤᠯ ᠤᠨ ᠳᠡᠯᠭᠡᠨ ᠦᠵᠡᠭᠦᠯᠦᠯᠭᠡ᠂ | ᠬᠠᠴᠢᠨ ᠴᠢᠯᠠᠭᠤᠨ ᠤ ᠰᠤᠯᠢᠯᠴᠠᠭᠠᠨ ᠤ ᠬᠤᠷᠠᠯ᠂ ᠶᠠᠷᠢᠯᠴᠠᠬᠤ ᠬᠤᠷᠠᠯ᠂ ᠳᠤᠰᠬᠠᠢ ᠰᠡᠳᠦᠪᠳᠤ ᠬᠤᠷᠠᠯ᠂ ᠳᠤᠰᠬᠠᠢ | ᠮᠡᠷᠭᠡᠵᠢᠯᠳᠡᠨ ᠤ ᠰᠤᠳᠤᠯᠭᠠᠨ ᠤ ᠬᠤᠷᠠᠯ ᠵᠡᠷᠭᠡ ᠤᠯᠠᠨ ᠲᠦᠷᠦᠯ ᠤᠨ ᠤᠳᠬ᠎ᠠ ᠠᠭᠤᠯᠭ᠎ᠠ ᠲᠠᠢ ᠠᠵᠢᠯᠯᠠᠭ᠎ᠠ | ᠦᠷᠨᠢᠭᠦᠯᠵᠤ᠂ ᠮᠠᠨ ᠤ ᠠᠶᠢᠮᠠᠭ ᠤᠨ ᠬᠠᠴᠢᠨ ᠴᠢᠯᠠᠭᠤᠨ ᠤ ᠦᠢᠯᠡᠰ ᠤᠨ ᠭᠦᠭᠵᠢᠯᠳᠡ ᠳᠤ ᠮᠠᠰᠢ ᠶᠡᠭᠡ ᠬᠤᠪᠢ | ᠨᠡᠮᠡᠷᠢ ᠦᠵᠡᠭᠦᠯᠦᠭᠰᠡᠨ ᠶᠤᠮ᠃ 2015 ᠤᠨ ᠳᠤ ᠳᠤᠰ ᠮᠦᠽᠸᠢ ᠶᠢᠨ ︽ᠡᠭᠡ ᠶᠢᠨ ᠬᠠᠶᠢᠷ᠎ᠠ︾ ᠭᠡᠰᠡᠨ ᠬᠠᠴᠢᠨ | ᠴᠢᠯᠠᠭᠤ ᠨᠢ ᠠᠩᠬᠠᠳᠤᠭᠠᠷ ᠬᠤᠭᠤᠴᠠᠭᠠᠨ ᠤ ︽ᠳᠤᠮᠳᠠᠳᠤ ᠶᠢᠨ ᠨᠡᠷᠡᠳᠤ ᠴᠢᠯᠠᠭᠤ︾ ᠶᠢᠨ ᠱᠠᠩᠨᠠᠯ ᠢ ᠳᠤᠰᠤᠬᠰᠠᠨ | ᠪᠡ ︽ᠦᠯᠵᠡᠢ ᠪᠡᠯᠭᠡᠳᠤ ᠳᠤᠬᠤᠢ ᠴᠢᠯᠠᠭᠤ︾ ᠨᠢ ︽ᠲᠦᠷᠪᠡᠳᠦᠭᠡᠷ ᠬᠤᠭᠤᠴᠠᠭᠠᠨ ᠤ ᠳᠤᠮᠳᠠᠳᠤ ᠤᠯᠤᠰ ᠤᠨ | ᠨᠡᠷᠡᠳᠤ ᠬᠠᠴᠢᠨ ᠴᠢᠯᠠᠭᠤᠨ ᠤ ᠳᠡᠯᠭᠡᠨ ᠦᠵᠡᠭᠦᠯᠦᠯᠭᠡ︾ ᠳᠡᠭᠡᠷ᠎ᠡ ᠤᠨᠴᠠᠭᠠᠢ ᠳᠡᠰ ᠤᠨ ᠱᠠᠩᠨᠠᠯ ᠭᠦᠷᠳᠡᠭᠰᠡᠨ ᠨᠢ | ᠮᠠᠨ ᠤ ᠠᠶᠢᠮᠠᠭ᠂ ᠴᠢᠨᠠᠬᠰᠢᠯᠠᠪᠠᠯ ᠤᠷᠤᠨ ᠳᠠᠭᠠᠨ ᠢᠷᠠᠭᠤ ᠠᠯᠳᠠᠷ ᠠᠪᠴᠢᠷᠠᠬᠰᠠᠨ ᠪᠠᠶᠢᠨ᠎ᠠ᠃ ᠡᠨᠡ ᠵᠢᠯ ᠤᠨ 9 | ᠳ᠋ᠤᠭᠡᠷ ᠰᠠᠷ᠎ᠠ ᠳᠤ ᠰᠢᠩᠭᠠᠫᠤᠷ ᠤᠯᠤᠰ ᠲᠤ ᠪᠤᠯᠬᠤ ᠭᠡᠵᠤ ᠪᠠᠶᠢᠭ᠎ᠠ ᠳᠡᠯᠡᠭᠡᠢ ᠶᠢᠨ ᠠᠩᠬᠠᠳᠤᠭᠠᠷ ᠬᠤᠭᠤᠴᠠᠭᠠᠨ ᠤ | ᠤᠭᠢ ᠰᠢᠯᠢᠳᠡᠭ ᠬᠠᠴᠢᠨ ᠴᠢᠯᠠᠭᠤᠨ ᠤ ᠦᠵᠡᠭᠦᠯᠦᠯᠭᠡ ᠳᠤ ︽ᠭᠦᠭᠡ ᠮᠤᠩᠭᠤᠯ︾ ᠭᠢᠭᠡᠤᠨ ︽ᠦᠯᠵᠠᠢ ᠪᠡᠯᠭᠡᠳᠤ | ᠳᠤᠬᠤᠢ ᠴᠢᠯᠠᠭᠤ︾ ᠬᠤᠶᠠᠷ ᠴᠢᠯᠠᠭᠤ ᠪᠠᠨ ᠳᠡᠯᠭᠡᠨ ᠦᠵᠡᠭᠦᠯᠭᠦ ᠪᠠᠷ ᠪᠠᠶᠢᠨ᠎ᠠ᠃ ᠢᠡᠭᠭᠢᠵᠤ ᠤᠯᠤᠰ ᠤᠷᠤᠨ | ᠴᠢᠨᠠᠬᠰᠢᠯᠠᠪᠠᠯ ᠳᠡᠯᠡᠭᠡᠢ ᠶᠢᠨ ᠬᠠᠴᠢᠨ ᠴᠢᠯᠠᠭᠤᠨ ᠤ ᠦᠵᠡᠭᠦᠯᠦᠯᠭᠡ ᠳᠡᠭᠡᠷ᠎ᠡ ᠦᠪᠡᠷ ᠤᠨ ᠬᠠᠴᠢᠨ ᠴᠢᠯᠠᠭᠤ ᠪᠠᠨ | ᠳᠡᠯᠭᠡᠨ ᠦᠵᠡᠭᠦᠯᠵᠤ ᠪᠠᠶᠢᠭ᠎ᠠ ᠨᠢ ᠨᠡᠩ ᠤᠯᠠᠨ ᠭᠦᠮᠦᠰ ᠲᠤ ᠰᠢᠯᠢ ᠨᠤᠳᠤᠭ ᠤᠨ ᠬᠠᠴᠢᠨ ᠴᠢᠯᠠᠭᠤᠨ ᠤ | ᠭᠠᠶᠢᠬᠠᠮᠰᠢᠬ ᠢ ᠬᠠᠷᠠᠭᠤᠯᠬᠤ᠂ ᠰᠢᠯᠢ ᠨᠤᠳᠤᠭ ᠤᠨ ᠬᠠᠴᠢᠨ ᠴᠢᠯᠠᠭᠤ ᠪᠠᠨ ᠨᠡᠩ ᠤᠯᠠᠨ ᠭᠦᠮᠦᠰ ᠲᠤ | ᠳᠠᠨᠢᠭᠤᠯᠬᠤ ᠶᠢᠨ ᠲᠦᠯᠦᠭᠡ ᠶᠤᠮ ᠭᠡᠳᠡᠭ ᠢ ᠪᠢ ᠳᠡᠭᠦᠨ ᠤ ᠶᠠᠷᠢᠶᠠᠨ ᠠᠴᠠ ᠤᠢᠢᠯᠠᠭᠠᠵᠤ ᠪᠢᠯᠡ᠃ | ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾ ᠨᠢ ᠬᠠᠴᠢᠨ ᠴᠢᠯᠠᠭᠤ ᠶᠢ ᠲᠦᠷᠦᠯ ᠠᠩᠭᠢᠯᠠᠬᠤ | ᠠᠩᠬᠠᠨ ᠤ ᠵᠠᠮ ᠢ ᠨᠡᠭᠡᠭᠡᠭᠰᠡᠨ ᠪᠦᠭᠡᠳ ᠮᠠᠨ ᠤ ᠠᠶᠢᠮᠠᠭ ᠤᠨ ︽ᠴᠢᠯᠠᠭᠤ ᠰᠤᠨᠢᠷᠬᠠᠬᠤ ᠤᠷᠠᠯᠢᠭ︾ ᠭᠡᠳᠡᠭ ᠡᠨᠡᠭᠦ | ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠲᠠᠬᠢ ᠬᠤᠭᠤᠰᠤᠨᠢ ᠨᠦᠭᠦᠪᠦᠷᠢᠯᠡᠭᠰᠡᠨ ᠪᠠᠶᠢᠨ᠎ᠠ᠃ | ᠳᠤᠰ ᠮᠦᠽᠸᠢ ᠨᠢ ᠤᠳᠤ ᠰᠢᠯᠢ ᠶᠢᠨ ᠭᠤᠤᠯ ᠤᠨ ᠳᠠᠯ᠎ᠠ ᠨᠤᠳᠤᠭ ᠠᠴᠠ ᠤᠯᠳᠠᠬᠰᠠᠨ ᠬᠠᠴᠢᠨ ᠴᠢᠯᠠᠭᠤᠳ ᠢᠶᠠᠨ | ᠨᠡᠩ ᠦᠷᠭᠡᠨ ᠵᠠᠬ᠎ᠠ ᠳᠡᠯᠭᠡᠭᠦᠷ ᠲᠤ ᠭᠠᠷᠭᠠᠬᠤ᠂ ᠨᠡᠩ ᠳᠤᠮᠤ ᠭᠡᠪᠴᠢᠶᠡᠨ ᠤ ᠳᠡᠯᠭᠡᠨ ᠦᠵᠡᠭᠦᠯᠦᠯᠭᠡ ᠳᠤ | ᠤᠷᠤᠯᠴᠠᠭᠤᠯᠵᠤ᠂ ᠰᠢᠯᠢ ᠶᠢᠨ ᠭᠤᠤᠯ ᠤᠨ ᠮᠢᠬᠠᠨ ᠴᠢᠯᠠᠭᠤ ᠶᠢ ᠳᠡᠯᠡᠭᠡᠢ ᠲᠠᠶᠠᠭᠠᠷ ᠲᠤ ᠠᠯᠳᠠᠷᠰᠢᠭᠤᠯᠬᠤ ᠪᠠᠷ | ᠴᠢᠷᠮᠠᠶᠢᠵᠤ ᠶᠠᠪᠤᠨ᠎ᠠ᠃ |