ᠬᠠᠮᠲᠤ ᠶᠢᠨ ᠠᠵᠦ ᠠᠬᠤᠢ ᠶᠢᠨ ᠬᠦᠭᠵᠢᠯᠲᠡ ᠠᠴᠠ ᠬᠠᠮᠤᠭ ᠤᠯᠠᠨ ᠨᠢ ᠠᠰᠢᠭ ᠭᠦᠷᠲᠡᠨ᠎ᠡ
ᠨᠡᠶᠢᠲᠡᠯᠡᠭᠰᠡᠨ ᠴᠠᠭ᠄
2021/1/4
    ᠰᠢᠯᠢ ᠶᠢᠨ ᠬᠤᠳᠠ ᠶᠢᠨ ᠪᠤᠯᠠᠭᠠᠨ ᠰᠤᠮᠤᠨ ᠤ ᠰᠢᠷᠠᠲᠠᠯ᠎ᠠ ᠭᠠᠴᠠᠭ᠎ᠠ ᠨᠢ  ᠰᠢᠯᠢ ᠶᠢᠨ ᠬᠤᠳᠠ ᠶᠢᠨ ᠤᠷᠢᠳᠦ ᠪᠡᠶ᠎ᠡ ᠪᠠᠷ ᠪᠠᠶᠢᠷᠢᠯᠠᠵᠦ᠂  70 ᠭᠠᠷᠣᠢ ᠮᠠᠯᠵᠢᠬᠤ ᠡᠷᠦᠬᠡ ᠲᠤᠨᠤᠯᠵᠢᠨ ᠤᠷᠤᠰᠬᠤ ᠰᠢᠯᠢ ᠶᠢᠨ ᠭᠤᠤᠯ ᠤᠨ ᠢᠶᠠᠨ ᠡᠷᠭᠢᠨ ᠲᠤᠭᠤᠷᠢᠨ ᠳᠤ ᠠᠵᠦ ᠲᠦᠷᠦᠨ ᠠᠮᠢᠳᠤᠷᠠᠵᠦ ᠪᠠᠶᠢᠳᠠᠭ᠃ ᠤᠶᠢᠷ᠎ᠠ ᠶᠢᠨ ᠵᠢᠯ ᠠᠴᠠ ᠲᠤᠰ ᠭᠠᠴᠠᠭ᠎ᠠ ᠨᠢ《 ᠬᠦᠳᠡᠭᠡ ᠳᠤᠰᠬᠤᠨ ᠢ ᠬᠦᠭᠵᠢᠭᠦᠯᠦᠨ ᠮᠠᠨᠳᠤᠭᠤᠯᠬᠤ 》 ᠪᠠᠶᠢᠯᠳᠤᠬᠤ ᠪᠤᠳᠤᠯᠭ᠎ᠠ ᠶᠢᠨ  ᠲᠤᠭᠤᠷᠢᠨ ᠳᠤ ᠬᠠᠮᠲᠤ ᠶᠢᠨ ᠠᠵᠦ ᠠᠬᠤᠢ ᠶᠢ ᠪᠤᠵᠠᠭᠠᠶᠢᠷᠠᠭᠤᠯᠤᠨ᠂ ᠶᠠᠳᠠᠭᠤ ᠶᠢ ᠳᠡᠳᠭᠦᠵᠦ ᠪᠤᠭᠤᠮᠲᠠ ᠰᠢᠪᠲᠤᠯᠬᠤ ᠠᠵᠢᠯ ᠢ ᠡᠷᠴᠢᠮᠲᠡᠢ ᠬᠢᠵᠦ᠂ ᠠᠷᠠᠳ ᠤᠨ ᠠᠮᠢᠳᠤᠷᠠᠯ ᠤᠨ ᠳᠡᠭᠡᠭᠰᠢᠯᠡᠯᠲᠡ ᠶᠢ ᠠᠬᠢᠭᠤᠯᠤᠬᠰᠡᠨ ᠪᠠᠶᠢᠨ᠎ᠠ᠃     ᠮᠠᠯ ᠰᠦᠷᠦᠭ ᠤᠨ ᠡᠭᠦᠯᠳᠡᠷ ᠤᠬᠰᠠᠭ᠎ᠠ ᠶᠢ ᠰᠠᠶᠢᠵᠢᠷᠠᠭᠤᠯᠬᠤ ᠶᠠᠪᠤᠳᠠᠯ ᠨᠢ ᠵᠠᠬ᠎ᠠ ᠳᠡᠯᠭᠡᠭᠦᠷ ᠤᠨ ᠬᠡᠷᠡᠭᠴᠡᠭᠡᠨ  ᠳᠤ ᠵᠤᠬᠢᠴᠠᠵᠦ᠂ ᠴᠦᠭᠡᠨ ᠮᠠᠯ ᠠᠴᠠ  ᠢᠯᠡᠭᠦᠣ ᠠᠰᠢᠭ ᠭᠦᠷᠲᠡᠨ᠂ ᠮᠠᠯᠴᠢᠳ ᠤᠨ ᠤᠷᠤᠯᠭ᠎ᠠ ᠶᠢ ᠨᠡᠮᠡᠭᠳᠡᠭᠦᠯᠬᠦ ᠲᠦᠲᠡ ᠵᠠᠮ ᠪᠤᠯᠬᠤᠷ᠂  2011 ᠤᠨ ᠳᠤ《 ᠨᠢᠭᠡ ᠶᠠᠪᠤᠳᠠᠯ ᠢᠶᠠᠷ ᠨᠢᠭᠡ ᠶᠢ ᠵᠦᠪᠯᠡᠬᠦ 》 ᠡᠳ᠋ ᠤᠨ ᠵᠠᠰᠠᠭ ᠤᠨ ᠱᠠᠩᠨᠠᠯ ᠨᠦᠬᠦᠪᠦᠷᠢ ᠶᠢᠨ ᠲᠦᠷᠦᠯ ᠵᠦᠢᠯ ᠠᠴᠠ 100 ᠲᠦᠮᠡᠨ ᠲᠦᠭᠦᠷᠢᠭ ᠤᠨ ᠪᠡᠯᠡ ᠮᠦᠩᠭᠦ  ᠤᠯᠵᠦ᠂ ᠦᠵᠦᠮᠦᠴᠢᠨ ᠡᠭᠦᠯᠳᠡᠷ ᠤᠨ ᠬᠤᠴᠠ ᠮᠠᠯᠵᠢᠬᠤ ᠬᠠᠮᠢᠶᠠᠷᠤᠯᠲᠠ ᠶᠢᠨ ᠰᠠᠭᠤᠷᠢᠨ ᠭᠠᠵᠠᠷ ᠪᠠᠶᠢᠭᠤᠯᠪᠠ᠃ ᠤᠳᠤ ᠪᠤᠯᠬᠤ ᠳᠤ ᠦᠷ᠎ᠡ ᠶᠢᠨ ᠮᠠᠯ ᠤᠨ ᠲᠤᠭ᠎ᠠ ᠨᠢ 180 ᠭᠠᠷᠴᠦ᠂ ᠦᠨ᠎ᠡ ᠲᠦᠯᠦᠪᠦᠷᠢ ᠦᠭᠡᠢ ᠪᠤᠶᠤ ᠵᠠᠬ᠎ᠠ ᠳᠡᠯᠭᠡᠭᠦᠷ ᠤᠨ ᠦᠨ᠎ᠡ ᠠᠴᠠ ᠳᠤᠤᠷ᠎ᠠ ᠦᠨ᠎ᠡ ᠪᠠᠷ ᠮᠠᠯᠴᠢᠳ ᠲᠤ ᠪᠠᠨ ᠵᠠᠷᠤᠭᠤᠯᠵᠦ᠂ ᠲᠡᠳᠡᠨ ᠤ ᠠᠵᠦ ᠠᠬᠤᠢ ᠶᠢᠨ ᠵᠠᠷᠤᠳᠠᠯ ᠢ ᠠᠷᠪᠢᠯᠠᠬᠰᠡᠨ ᠮᠦᠷᠲᠡᠭᠡᠨ ᠮᠠᠯ ᠰᠦᠷᠦᠭ ᠤᠨ ᠪᠦᠲᠦᠴᠡ ᠪᠠᠨ ᠳᠤᠬᠢᠷᠠᠭᠤᠯᠤᠨ᠂  ᠮᠠᠯ ᠤᠨ ᠡᠭᠦᠯᠳᠡᠷ ᠤᠬᠰᠠᠭ᠎ᠠ ᠪᠠᠨ ᠰᠠᠶᠢᠵᠢᠷᠠᠭᠤᠯᠬᠤ   ᠳᠤ ᠨᠢ ᠳᠤᠰᠠᠯᠠᠵᠠᠢ᠃ 2017 ᠤᠨ ᠳᠤ ᠪᠠᠰᠠ ᠲᠦᠷᠦᠯ ᠵᠦᠢᠯ ᠤᠨ ᠪᠡᠯᠡ ᠮᠦᠩᠭᠦ ᠳᠡᠭᠡᠷ᠎ᠡ ᠭᠠᠴᠠᠭ᠎ᠠ ᠠᠴᠠ ᠪᠠᠨ ᠪᠡᠯᠡ ᠨᠡᠮᠡᠵᠦ᠂  ᠮᠢᠩᠭᠠᠭᠠᠳ ᠬᠠᠪᠲᠠᠭᠠᠢ ᠳᠦᠷᠪᠡᠯᠵᠢᠨ ᠮᠧᠲᠷ ᠤᠨ ᠤᠳᠤᠬᠢᠴᠢᠯᠠᠬᠰᠡᠨ ᠫᠧᠩ ᠬᠤᠷᠤᠭ᠎ᠠ ᠪᠦᠲᠦᠭᠡᠨ ᠪᠠᠶᠢᠭᠤᠯᠵᠦ᠂ 51 ᠰᠠᠶᠢᠨ ᠡᠭᠦᠯᠳᠡᠷ ᠤᠨ ᠦᠨᠢᠶ᠎ᠡ᠂  ᠬᠤᠶᠠᠷ ᠪᠤᠬ᠎ᠠ ᠬᠤᠳᠠᠯᠳᠤᠨ ᠠᠪᠤᠬᠰᠡᠨ ᠢᠶᠠᠷ ᠭᠠᠴᠠᠭᠠᠨ ᠤ ᠪᠠᠨ ᠬᠠᠮᠲᠤ ᠶᠢᠨ ᠠᠵᠦ ᠠᠬᠤᠢ ᠳᠤ《ᠠᠮᠢᠳᠤ ᠪᠠᠩᠭᠢ 》 ᠲᠠᠢ ᠪᠤᠯᠤᠭᠠᠳ  ᠂  ᠬᠠᠮᠲᠤ ᠶᠢᠨ ᠠᠵᠦ ᠠᠬᠤᠢ ᠪᠠᠨ ᠬᠦᠭᠵᠢᠭᠦᠯᠵᠦ᠂ ᠮᠠᠯᠴᠢᠳ   ᠲᠤ ᠪᠠᠨ ᠠᠰᠢᠭ ᠭᠦᠷᠲᠡᠭᠡᠬᠦ ᠰᠠᠶᠢᠨ ᠰᠠᠭᠤᠷᠢ ᠲᠠᠢ ᠪᠤᠯᠤᠬᠰᠡᠨ ᠪᠠᠶᠢᠨ᠎ᠠ᠃     2018 ᠤᠨ ᠳᠤ ᠰᠢᠷᠠᠲᠠᠯ᠎ᠠ ᠭᠠᠴᠠᠭ᠎ᠠ ᠨᠢ ᠪᠦᠬᠦ ᠤᠷᠤᠨ ᠤ ᠮᠠᠯᠵᠢᠬᠤ ᠤᠷᠤᠨ ᠬᠦᠳᠡᠭᠡ ᠳᠤᠰᠬᠤᠨ ᠤ ᠬᠠᠮᠲᠤ ᠶᠢᠨ ᠦᠮᠴᠢᠯᠡᠯ ᠤᠨ ᠡᠷᠬᠡ ᠶᠢᠨ ᠳᠦᠷᠢᠮ ᠤᠨ ᠦᠭᠡᠷᠡᠴᠢᠯᠡᠯᠲᠠ ᠶᠢᠨ ᠠᠵᠢᠯ ᠤᠨ ᠳᠤᠷᠰᠢᠯᠲᠠ ᠶᠢᠨ ᠭᠠᠴᠠᠭ᠎ᠠ  ᠪᠠᠷ ᠳᠤᠬᠲᠠᠭᠠᠬᠳᠠᠵᠠᠢ᠃ ᠢᠩᠭᠢᠭᠡᠳ ᠭᠠᠴᠠᠭᠠᠨ ᠤ ᠬᠤᠶᠠᠷ ᠵᠦᠪᠯᠡᠯ ᠨᠢ ᠲᠦᠷᠦ ᠶᠢᠨ ᠪᠤᠳᠤᠯᠭ᠎ᠠ ᠶᠢᠨ ᠲᠤᠭᠤᠷᠢᠨ  ᠳᠤ᠂ ᠮᠠᠯᠴᠢᠨ ᠲᠦᠮᠡᠨ ᠢᠶᠠᠨ ᠤᠬᠠᠭᠤᠯᠤᠨ ᠳᠠᠶᠢᠴᠢᠯᠠᠬᠤ ᠠᠵᠢᠯ ᠢ ᠰᠠᠶᠢᠳᠤᠷ ᠬᠢᠵᠦ᠂  ᠬᠡᠳᠦᠨ ᠰᠠᠷ᠎ᠠ ᠶᠢᠨ ᠳᠤᠷᠰᠢᠬᠢ ᠢᠳᠡᠪᠬᠢᠲᠡᠢ ᠰᠦᠪᠡᠭᠴᠢᠯᠡᠯᠲᠡ ᠪᠠ ᠵᠤᠷᠢᠬᠲᠠᠢ ᠳᠤᠷᠰᠢᠨ ᠠᠵᠢᠯᠯᠠᠬᠤ ᠪᠠᠷ ᠳᠠᠮᠵᠢᠭᠠᠳ ᠦᠭᠡᠷᠡᠴᠢᠯᠡᠯᠲᠡ ᠶᠢᠨ ᠠᠵᠢᠯ ᠢᠶᠠᠨ ᠠᠮᠵᠢᠯᠲᠠ ᠲᠠᠢ  ᠳᠠᠭᠤᠰᠬᠠᠪᠠ᠃ ᠡᠭᠦᠨ ᠤ ᠪᠠᠨ ᠰᠠᠭᠤᠷᠢᠨ ᠳᠡᠭᠡᠷ᠎ᠡ ᠬᠤᠪᠢᠴᠠᠭᠠᠲᠦ ᠠᠵᠦ ᠠᠬᠤᠢ ᠶᠢᠨ ᠬᠤᠷᠰᠢᠶᠠᠵᠢᠯ ᠪᠠᠶᠢᠭᠤᠯᠵᠦ᠂ ᠬᠠᠮᠲᠤ ᠶᠢᠨ ᠬᠦᠷᠦᠩᠭᠡ ᠪᠠᠨ ᠵᠠᠬ᠎ᠠ ᠳᠡᠯᠭᠡᠭᠦᠷ ᠤᠨ ᠠᠷᠭ᠎ᠠ ᠪᠠᠷᠢᠯ ᠢᠶᠠᠷ ᠡᠵᠡᠩᠨᠡᠵᠦ᠂ ᠬᠠᠮᠲᠤ ᠶᠢᠨ ᠠᠵᠦ ᠠᠬᠤᠢ ᠶᠢ ᠪᠤᠵᠠᠭᠠᠶᠢᠷᠠᠭᠤᠯᠵᠠᠢ᠃  ᠡᠭᠦᠨ ᠳᠤ 51 ᠦᠨᠢᠶ᠎ᠡ  ᠪᠠᠨ ᠮᠠᠯᠵᠢᠬᠤ ᠡᠷᠦᠬᠡ ᠲᠠᠢ ᠭᠤᠷᠪᠠᠨ ᠵᠢᠯ ᠤᠨ ᠭᠡᠷ᠎ᠡ ᠳᠤᠬᠲᠠᠨ ᠨᠢᠭᠡ  ᠵᠢᠯ ᠢᠶᠠᠷ ᠳᠠᠭᠠᠴᠢᠯᠠᠭᠤᠯᠬᠤ ᠬᠡᠯᠪᠡᠷᠢ ᠪᠠᠷ ᠭᠠᠴᠠᠭᠠᠨ ᠤ ᠪᠠᠨ 4000 ᠭᠠᠷᠤᠢ ᠮᠤ᠋ ᠪᠡᠯᠴᠢᠭᠡᠷ ᠳᠡᠭᠡᠷ᠎ᠡ ᠮᠠᠯᠵᠢᠬᠤ ᠡᠷᠦᠬᠡ ᠲᠦᠯ ᠢ ᠨᠢ ᠦᠯᠡᠳᠡᠭᠡᠵᠦ᠂ ᠰᠦᠢᠳᠭᠡᠯ ᠢᠶᠠᠨ ᠦᠪᠡᠷ ᠢᠶᠠᠨ ᠬᠠᠷᠢᠭᠤᠴᠠᠬᠤ ᠠᠷᠭ᠎ᠠ ᠪᠠᠷ ᠳᠠᠭᠠᠭᠠᠴᠢᠯᠠᠭᠤᠯᠤᠨ ᠮᠠᠯᠵᠢᠭᠤᠯᠵᠦ᠂ ᠭᠠᠴᠠᠭ᠎ᠠ ᠪᠤᠯᠤᠨ ᠮᠠᠯᠴᠢᠳ ᠬᠠᠮᠲᠤ ᠪᠠᠷ ᠠᠰᠢᠭ ᠭᠦᠷᠲᠡᠬᠦ ᠠᠷᠭ᠎ᠠ ᠵᠠᠮ ᠢᠶᠠᠷ ᠵᠠᠮᠨᠠᠪᠠ᠃ ᠭᠡᠷ᠎ᠡ  ᠶᠢᠨ ᠬᠤᠭᠤᠴᠠᠭ᠎ᠠ ᠳᠠᠭᠤᠰᠬᠤ ᠳᠤ ᠭᠠᠴᠠᠭᠠᠨ ᠤ ᠤᠷᠤᠯᠭ᠎ᠠ 24 ᠲᠦᠮᠡᠨ ᠲᠦᠭᠦᠷᠢᠭ ᠨᠡᠮᠡᠭᠳᠡᠬᠦ ᠪᠤᠯᠤᠨ᠎ᠠ᠃ ᠡᠭᠦᠨ ᠠᠴᠠ ᠭᠠᠳᠠᠨ᠎ᠠ  ᠂ ᠬᠠᠳᠤᠯᠠᠩ ᠤᠨ ᠦᠶ᠎ᠡ ᠪᠤᠯᠬᠤ ᠪᠠᠷ  ᠭᠠᠴᠠᠭᠠᠨ ᠤ ᠲᠷᠠᠺᠲ᠋ᠤᠷ ᠪᠤᠯᠤᠨ ᠡᠪᠡᠰᠦ ᠪᠤᠭᠤᠵᠢᠯᠠᠬᠤ ᠮᠠᠰᠢᠨ ᠢᠶᠠᠨ ᠲᠦᠷᠢᠶᠡᠰᠦᠯᠡᠬᠦ᠂ ᠬᠤᠲᠠ  ᠳᠤ ᠪᠠᠶᠢᠭ᠎ᠠ ᠭᠠᠴᠠᠭᠠᠨ ᠤ ᠵᠡᠭᠡᠯᠢ ᠨᠢᠭᠤᠷᠯᠠᠬᠰᠡᠨ ᠠᠰᠠᠷ ᠢᠶᠠᠨ ᠲᠦᠷᠢᠶᠡᠰᠦᠯᠡᠬᠦ ᠵᠡᠷᠭᠡ ᠪᠠᠷ ᠬᠠᠮᠲᠤ ᠶᠢᠨ ᠠᠵᠦ ᠠᠬᠤᠢ ᠶᠢᠨ ᠤᠷᠤᠯᠭ᠎ᠠ ᠪᠠᠨ ᠨᠡᠮᠡᠭᠳᠡᠭᠦᠯᠳᠡᠭ᠃ ᠪᠠᠰᠠ ᠵᠤᠯᠠ ᠠᠭᠤᠯᠠ ᠰᠤᠶᠤᠯ ᠵᠠᠭᠤᠴᠢ ᠶᠢᠨ ᠬᠢᠵᠠᠭᠠᠷᠲᠤ ᠺᠤᠮᠫᠠᠨᠢ ᠪᠠᠶᠢᠭᠤᠯᠵᠦ᠂  ᠨᠤᠲᠤᠭ  ᠲᠤ ᠪᠠᠨ ᠪᠤᠴᠠᠬᠰᠡᠨ ᠬᠤᠶᠠᠷ ᠶᠡᠭᠡ ᠰᠤᠷᠭᠠᠭᠤᠯᠢ ᠶᠢᠨ ᠤᠶᠤᠲᠠᠨ ᠪᠠ ᠨᠢᠭᠡ ᠴᠡᠷᠢᠭ  ᠠᠴᠠ ᠬᠠᠯᠠᠬᠳᠠᠬᠰᠡᠳ ᠲᠤ ᠠᠵᠢᠯ ᠤᠨ ᠪᠠᠶᠢᠷᠢ ᠤᠯᠭᠤᠪᠠ᠃ ᠲᠤᠰ ᠺᠤᠮᠫᠠᠨᠢ ᠨᠢ ᠤᠳᠤ ᠬᠤᠷᠠᠯ ᠴᠤᠬᠯᠠᠭᠠᠨ ᠤ ᠦᠢᠯᠡᠴᠢᠯᠡᠭᠡ ᠬᠠᠩᠭᠠᠬᠤ᠂  ᠳᠦᠰᠦᠪ ᠲᠦᠯᠦᠪᠯᠡᠭᠡ ᠭᠠᠷᠭᠠᠬᠤ᠂  ᠤᠬᠠᠭᠠᠯᠠᠵᠣ ᠰᠡᠳᠦᠬᠦ ᠵᠡᠷᠭᠡ ᠲᠦᠷᠦᠯ ᠵᠦᠢᠯ ᠢ ᠡᠵᠡᠩᠨᠡᠵᠦ ᠤᠷᠤᠯᠭ᠎ᠠ ᠡᠭᠦᠳᠴᠦ ᠪᠠᠶᠢᠨ᠎ᠠ᠃     ᠮᠠᠯᠴᠢᠳ ᠤᠨ ᠤᠤᠭᠤᠬᠤ ᠤᠰᠤᠨ ᠤ ᠠᠮᠤᠷ ᠳᠦᠪᠰᠢᠨ ᠤ ᠠᠰᠠᠭᠤᠳᠠᠯ ᠢ ᠴᠢᠬᠤᠯᠠᠴᠢᠯᠠᠨ᠂ ᠮᠠᠯᠴᠢᠨ ᠲᠦᠮᠡᠨ ᠢᠶᠠᠨ ᠲᠠᠶᠢᠴᠢᠯᠠᠨ ᠭᠡᠷ ᠤᠷᠤᠨ ᠤ ᠪᠠᠨ ᠠᠷᠢᠭᠤᠨ ᠴᠡᠪᠡᠷ ᠢ ᠡᠷᠬᠢᠮᠯᠡᠵᠦ᠂ ᠵᠠᠮ ᠤᠨ ᠬᠤᠶᠠᠷ ᠲᠠᠯ᠎ᠠ ᠶᠢᠨ ᠬᠤᠭ ᠨᠤᠪᠰᠢ ᠶᠢ ᠴᠡᠪᠡᠷᠯᠡᠵᠦ᠂ ᠤᠷᠴᠢᠨ ᠲᠤᠭᠤᠷᠢᠨ ᠢᠶᠠᠨ ᠬᠠᠶᠢᠷᠠᠯᠠᠨ ᠬᠠᠮᠠᠭᠠᠯᠠᠬᠤ ᠦᠵᠡᠯ ᠤᠬᠠᠮᠰᠠᠷ ᠢ ᠨᠢ ᠳᠡᠭᠡᠭᠰᠢᠯᠡᠭᠦᠯᠪᠡ᠃ ᠦᠨᠦ ᠵᠢᠯ ᠭᠠᠴᠠᠭ᠎ᠠ ᠨᠢ 66 ᠡᠷᠦᠬᠡ ᠳᠤ ᠲᠦᠷᠦᠯ ᠵᠦᠢᠯ ᠤᠨ ᠤᠰᠤ ᠴᠡᠪᠡᠷᠰᠢᠭᠦᠯᠬᠦ ᠮᠠᠰᠢᠨ ᠤᠬᠰᠠᠷᠠᠵᠦ᠂ 41 ᠡᠷᠦᠬᠡ ᠳᠤ ᠬᠦᠳᠡᠭᠡ ᠳᠤᠰᠬᠤᠨ ᠤ ᠰᠢᠨ᠎ᠡ ᠮᠠᠶ᠋ᠢᠭ ᠤᠨ ᠵᠤᠷᠯᠤᠩ ᠤᠬᠰᠠᠷᠠᠵᠦ ᠦᠭᠴᠡᠢ᠃ ᠭᠠᠴᠠᠭᠠᠨ ᠤ ᠪᠠᠨ ᠲᠤᠮᠤ ᠬᠡᠯᠪᠡᠷᠢ ᠶᠢᠨ ᠰᠢᠷᠤᠢ ᠳᠦᠯᠬᠢᠬᠦ ᠮᠠᠰᠢᠨ ᠢᠶᠠᠷ  ᠦᠩᠭᠡᠷᠡᠬᠦ ᠵᠤᠨ ᠤ ᠦᠶᠡᠷ ᠤᠨ ᠤᠰᠤᠨ  ᠳᠤ ᠡᠪᠳᠡᠭᠳᠡᠭᠰᠡᠨ ᠵᠠᠮ᠂ ᠬᠦᠭᠦᠷᠭᠡ ᠶᠢ ᠵᠠᠰᠠᠵᠦ᠂ ᠤᠷᠴᠢᠮ ᠪᠠᠰᠠ ᠴᠠᠰᠦ ᠬᠤᠷᠠᠭᠠᠳ ᠪᠦᠭᠯᠡᠭᠳᠡᠭᠰᠡᠨ ᠵᠠᠮ ᠱᠤᠭᠤᠮ ᠢ ᠴᠡᠪᠡᠷᠯᠡᠨ ᠨᠡᠭᠡᠭᠡᠵᠦ᠂ ᠮᠠᠯᠴᠢᠳ ᠤᠨ ᠶᠠᠪᠤᠵᠦ ᠰᠠᠭᠤᠬᠤ᠂ ᠡᠪᠡᠰᠦ ᠪᠤᠷᠳᠤᠭ᠎ᠠ ᠪᠠᠨ  ᠵᠦᠭᠡᠭᠡᠵᠦ  ᠨᠦᠭᠡᠴᠡᠯᠡᠬᠦ   ᠳᠤ ᠳᠦᠭᠦᠮ ᠦᠵᠡᠭᠦᠯᠦᠭᠰᠡᠨ ᠪᠠᠶᠢᠨ᠎ᠠ᠃     ᠶᠠᠳᠠᠭᠤ ᠶᠢ ᠲᠡᠳᠭᠦᠵᠦ ᠪᠤᠭᠤᠮᠲᠠ ᠰᠢᠪᠲᠤᠯᠬᠤ ᠠᠵᠢᠯ ᠳᠤ ᠠᠯᠢ ᠤᠯᠠᠨ ᠪᠤᠳᠠᠲᠠᠢ ᠠᠷᠭ᠎ᠠ ᠬᠡᠮᠵᠢᠶ᠎ᠡ ᠠᠪᠴᠦ᠂ ᠠᠮᠢᠳᠤᠷᠠᠯ ᠨᠢ ᠶᠠᠳᠠᠭᠤ ᠬᠦᠴᠢᠷᠳᠡᠯᠲᠠᠢ ᠠᠶᠢᠯ ᠡᠷᠦᠬᠡ ᠪᠠᠨ ᠳᠤᠰᠠᠯᠠᠨ ᠳᠡᠮᠵᠢᠵᠦ᠂ ᠲᠡᠳᠡᠨ ᠤ ᠶᠠᠳᠠᠭᠤ ᠠᠴᠠ ᠠᠩᠭᠢᠵᠢᠷᠠᠵᠦ ᠴᠢᠨᠡᠭᠡᠯᠢᠭ ᠠᠮᠢᠳᠤᠷᠠᠯ  ᠲᠡᠶᠢᠰᠢ ᠵᠤᠷᠢᠬᠤ   ᠳᠤ ᠨᠢ ᠰᠠᠶᠢᠨ ᠰᠠᠭᠤᠷᠢ  ᠲᠠᠯᠪᠢᠵᠠᠢ᠃ ᠭᠠᠴᠠᠭᠠᠨ ᠳᠤ ᠰᠠᠭᠤᠭ᠎ᠠ ᠶᠠᠳᠠᠭᠤ ᠶᠢ ᠳᠡᠳᠭᠦᠬᠦ ᠠᠵᠢᠯᠯᠠᠬᠤ ᠠᠩᠭᠢ ᠪᠤᠯᠤᠨ ᠭᠠᠴᠠᠭᠠᠨ ᠤ ᠬᠤᠶᠠᠷ ᠵᠦᠪᠯᠡᠯ ᠵᠢᠴᠢ ᠶᠠᠳᠠᠭᠤ ᠶᠢ ᠳᠡᠳᠭᠦᠬᠦ ᠬᠤᠯᠪᠤᠬᠳᠠᠬᠰᠡᠨ ᠪᠠᠶᠢᠭᠤᠯᠭ᠎ᠠ  ᠨᠢᠭᠡᠴᠡ ᠶᠢᠨ ᠬᠢᠨ ᠦᠷᠭᠦᠯᠵᠢ ᠶᠠᠳᠠᠭᠤ ᠬᠦᠴᠢᠷᠳᠡᠯᠲᠡᠢ ᠡᠷᠦᠬᠡ ᠪᠠᠷ ᠭᠦᠨᠵᠡᠭᠡᠶᠢᠷᠡᠵᠦ᠂ ᠲᠡᠳᠡᠨ ᠲᠠᠢ ᠰᠡᠳᠬᠢᠯ ᠰᠠᠨᠠᠭ᠎ᠠ ᠪᠠᠨ ᠰᠤᠯᠢᠯᠴᠠᠨ᠂ ᠦᠢᠯᠡᠳᠪᠦᠷᠢᠯᠡᠯ ᠠᠮᠢᠳᠤᠷᠠᠯ ᠤᠨ ᠬᠢᠨᠢ ᠪᠠᠶᠢᠳᠠᠯ ᠢ ᠤᠶᠢᠯᠠᠭᠠᠵᠦ᠂  ᠬᠦᠰᠡᠯ ᠱᠠᠭᠠᠷᠳᠠᠯᠭ᠎ᠠ ᠶᠢ ᠨᠢ ᠠᠰᠠᠭᠤᠨ ᠰᠤᠷᠠᠵᠦ᠂ ᠰᠠᠨᠠᠯ ᠵᠦᠪᠯᠡᠯᠭᠡ ᠪᠠᠨ ᠦᠭᠭᠦᠨ ᠤᠨᠴᠠᠯᠢᠭ   ᠲᠤ ᠨᠢ ᠳᠤᠬᠢᠷᠠᠭᠤᠯᠵᠦ ᠶᠠᠳᠠᠭᠤ ᠠᠴᠠ ᠠᠩᠭᠢᠵᠢᠷᠠᠬᠤ ᠪᠤᠳᠠᠲᠠᠢ ᠠᠷᠭ᠎ᠠ ᠬᠡᠮᠵᠢᠶ᠎ᠡ ᠠᠪᠳᠠᠭ᠃ ᠬᠤᠶᠠᠷ ᠵᠢᠯ ᠤᠨ ᠡᠮᠦᠨ᠎ᠡ ᠳᠠᠩᠰᠠᠯᠠᠵᠦ ᠺᠠᠷᠲᠯᠠᠬᠰᠡᠨ ᠶᠠᠳᠠᠭᠤ ᠡᠷᠦᠬᠡ ᠬᠤᠪᠢᠰᠬᠠᠯᠲᠤ ᠶᠢᠨ ᠦᠬᠢᠨ ᠨᠢ ᠰᠢᠯᠢᠳᠡᠭ ᠬᠢᠷᠢ ᠪᠦᠲᠦᠮᠵᠢ ᠪᠠᠷ  ᠦᠪᠦᠷ ᠮᠤᠩᠭᠤᠯ ᠤᠨ ᠡᠳ᠋ ᠤᠨ ᠵᠠᠰᠠᠭ ᠤᠨ ᠳᠡᠭᠡᠳᠦ ᠰᠤᠷᠭᠠᠭᠤᠯᠢ ᠳᠤ ᠰᠢᠯᠭᠠᠵᠦ ᠤᠷᠤᠭᠠᠳ ᠰᠤᠷᠤᠯᠭ᠎ᠠ ᠶᠢᠨ ᠰᠦᠢᠳᠭᠡᠯ ᠢᠶᠠᠨ ᠳᠤᠰᠢᠶᠠᠬᠤ ᠶᠠᠪᠤᠳᠠᠯ ᠳᠤ ᠬᠦᠴᠢᠷᠳᠡᠵᠦ ᠪᠠᠶᠢᠬᠤ ᠶᠢ ᠤᠶᠢᠯᠠᠭᠠᠬᠰᠡᠨ ᠤ ᠳᠠᠷᠠᠭ᠎ᠠ᠂ ᠰᠤᠷᠭᠠᠨ ᠬᠦᠮᠦᠵᠢᠯ ᠢᠶᠠᠷ ᠶᠠᠳᠠᠭᠤ ᠶᠢ ᠳᠡᠳᠭᠦᠬᠦ ᠲᠦᠷᠦ ᠶᠢᠨ ᠪᠤᠳᠤᠯᠭ᠎ᠠ ᠶᠢᠨ ᠲᠤᠭᠤᠷᠢᠨ ᠳᠤ ᠰᠤᠷᠤᠯᠭ᠎ᠠ ᠳᠡᠳᠭᠦᠬᠦ ᠰᠠᠭᠤᠷᠢ ᠮᠦᠩᠭᠦ ᠶᠢ  ᠡᠷᠡᠮᠡᠯᠵᠡᠨ ᠤᠯᠵᠦ ᠦᠭᠭᠦᠭᠰᠡᠨ ᠪᠠᠶᠢᠨ᠎ᠠ᠃  ᠶᠠᠳᠠᠭᠤ ᠶᠢ ᠳᠡᠳᠭᠦᠬᠦ ᠪᠠᠶᠢᠭᠤᠯᠭ᠎ᠠ ᠪᠠ ᠠᠵᠦ ᠠᠬᠤᠶᠢᠯᠠᠯ ᠲᠠᠢ ᠬᠠᠮᠵᠢᠯᠴᠠᠨ ᠠᠮᠢᠳᠤᠷᠠᠯ ᠨᠢ ᠶᠠᠳᠠᠭᠤ ᠬᠦᠴᠢᠷᠳᠡᠯᠲᠡᠢ ᠡᠷᠦᠬᠡ ᠳᠤ  ᠲᠦᠷᠦᠯ ᠵᠦᠢᠯ ᠤᠨ ᠪᠡᠯᠡ ᠮᠦᠩᠭᠦ ᠳᠡᠭᠡᠷ᠎ᠡ ᠭᠠᠴᠠᠭ᠎ᠠ᠂ ᠬᠤᠪᠢ ᠬᠦᠮᠦᠨ ᠨᠡᠮᠡᠵᠦ ᠭᠠᠷᠭᠠᠬᠤ ᠵᠡᠷᠭᠡ ᠠᠷᠭ᠎ᠠ ᠪᠠᠷ ᠭᠡᠷ ᠪᠠᠶᠢᠰᠢᠩ᠂ ᠫᠧᠩ ᠬᠤᠷᠤᠭ᠎ᠠ ᠪᠠᠷᠢᠵᠦ᠂ ᠬᠤᠳᠳᠤᠭ ᠤᠰᠤ ᠭᠠᠷᠭᠠᠵᠦ ᠦᠭᠭᠦᠭᠰᠡᠨ ᠪᠦᠭᠡᠳ ᠡᠬᠡ ᠮᠠᠯ᠂ ᠤᠰᠤ ᠴᠡᠪᠡᠷᠰᠢᠭᠦᠯᠬᠦ ᠮᠠᠰᠢᠨ ᠠᠪᠴᠦ ᠦᠭᠭᠦ  ᠂ ᠬᠦᠦ ᠮᠦᠩᠭᠦ ᠦᠭᠡᠢ ᠵᠢᠭᠡᠯᠡᠯᠭᠡ ᠤᠯᠭᠤᠵᠦ ᠦᠭᠬᠦ ᠪᠠ ᠰᠤᠷᠤᠬᠴᠢ   ᠳᠤ ᠨᠢ ᠳᠡᠮᠵᠢᠯᠭᠡ ᠦᠵᠡᠭᠦᠯᠬᠦ ᠵᠡᠷᠭᠡ ᠠᠷᠭ᠎ᠠ ᠪᠠᠷᠢᠯ ᠢᠶᠠᠷ ᠳᠤᠰᠠᠯᠠᠨ ᠳᠡᠮᠵᠢᠵᠦ᠂ ᠦᠢᠯᠡᠳᠪᠦᠷᠢᠯᠡᠯ ᠠᠮᠢᠳᠤᠷᠠᠯ ᠳᠤᠮᠳᠠᠬᠢ ᠪᠤᠳᠠᠲᠦ ᠬᠦᠴᠢᠷᠳᠡᠯ ᠢ ᠨᠢ ᠰᠢᠢᠳᠪᠦᠷᠢᠯᠡᠵᠡᠢ᠃     ᠰᠢᠷᠠᠲᠠᠯ᠎ᠠ ᠭᠠᠴᠠᠭᠠᠨ ᠤ ᠬᠤᠶᠠᠷ ᠵᠦᠪᠯᠡᠯ ᠨᠢ ᠠᠷᠭ᠎ᠠ ᠪᠦᠬᠦᠨ ᠢ ᠰᠦᠪᠡᠭᠴᠢᠯᠡᠨ ᠠᠷᠠᠳ ᠤᠯᠠᠨ ᠤ ᠪᠠᠨ ᠬᠦᠴᠢᠷᠳᠡᠯ ᠢ ᠠᠯᠢ ᠪᠤᠯᠬᠤ ᠪᠠᠷ ᠰᠢᠢᠳᠪᠦᠷᠢᠯᠡᠨ ᠦᠭᠴᠦ᠂ ᠮᠠᠯᠴᠢᠨ ᠲᠦᠮᠡᠨ ᠤ ᠪᠠᠨ ᠲᠦᠯᠦᠭᠡ ᠬᠤᠶᠢᠰᠢ ᠦᠭᠡᠢ ᠵᠢᠳᠭᠦᠵᠦ ᠠᠵᠢᠯᠯᠠᠬᠰᠡᠨ ᠢᠶᠠᠷ᠂ ᠵᠢᠯ ᠪᠤᠯᠭᠠᠨ ᠤ ᠵᠢᠯ ᠤᠨ ᠡᠴᠦᠰ ᠤᠨ ᠬᠢᠨᠠᠨ ᠰᠢᠯᠭᠠᠯᠲᠠ ᠳᠤ ᠤᠯᠠᠨ ᠲᠦᠮᠡᠨ ᠤ ᠬᠠᠨᠤᠮᠵᠢ ᠶᠢᠨ ᠨᠤᠷᠮ᠎ᠠ 97% ᠠᠴᠠ ᠳᠡᠭᠡᠭᠰᠢ ᠳᠤ ᠬᠦᠷᠳᠡᠭ᠃ ᠲᠤᠰ ᠭᠠᠴᠠᠭ᠎ᠠ ᠨᠢ ᠤᠷᠢᠳ ᠬᠤᠵᠢᠳ ᠪᠦᠬᠦ ᠠᠶᠢᠮᠠᠭ ᠤᠨ ᠦᠨᠳᠦᠰᠦᠨ ᠱᠠᠲᠤᠨ ᠤ ᠲᠡᠷᠢᠭᠦᠨ ᠤ ᠵᠤᠬᠢᠶᠠᠨ ᠪᠠᠶᠢᠭᠤᠯᠤᠯᠲᠠ᠂ ᠪᠦᠬᠦ ᠠᠶᠢᠮᠠᠭ ᠤᠨ ᠪᠤᠯᠪᠠᠰᠤᠨ ᠭᠠᠴᠠᠭ᠎ᠠ ᠳᠤᠰᠬᠤᠨ᠂ ᠠᠶᠢᠮᠠᠭ ᠤᠨ ᠳᠡᠰ ᠤᠨ ᠡᠷᠡᠭᠦᠯ ᠬᠠᠮᠠᠭᠠᠯᠠᠯ ᠤᠨ ᠭᠠᠴᠠᠭ᠎ᠠ᠂ ᠠᠷᠪᠠᠨ ᠤᠳᠤᠨ ᠳᠡᠰ ᠤᠨ ᠨᠢᠭᠡᠳᠦᠭᠡᠷ ᠲᠦᠷᠦᠯ ᠤᠨ ᠭᠠᠴᠠᠭ᠎ᠠ ᠵᠡᠷᠭᠡ ᠢᠷᠠᠭᠤ ᠠᠯᠳᠠᠷ ᠢ ᠭᠦᠷᠲᠡᠵᠡᠢ᠃ ᠤᠷᠴᠢᠮᠬᠠᠨ ᠭᠠᠴᠠᠭᠠᠨ ᠤ  ᠱᠦᠵᠢ᠂ ᠭᠠᠴᠠᠭᠠᠨ ᠳᠠᠷᠤᠭ᠎ᠠ  ᠪᠠᠶᠠᠷᠲᠤ 《ᠦᠪᠡᠷᠳᠡᠭᠡᠨ ᠵᠠᠰᠠᠬᠤ ᠤᠷᠤᠨ ᠤ ᠬᠦᠳᠡᠯᠮᠦᠷᠢ ᠶᠢᠨ ᠵᠢᠱᠢᠶᠡᠴᠢ 》 ᠶᠢᠨ ᠱᠠᠩᠨᠠᠯ ᠭᠦᠷᠲᠡᠭᠰᠡᠨ ᠪᠠᠶᠢᠨ᠎ᠠ᠃     ᠰᠢᠯᠢ ᠶᠢᠨ ᠬᠤᠳᠠ ᠶᠢᠨ ᠪᠤᠯᠠᠭᠠᠨ ᠰᠤᠮᠤᠨ ᠤ ᠰᠢᠷᠠᠲᠠᠯ᠎ᠠ ᠭᠠᠴᠠᠭ᠎ᠠ ᠨᠢ ᠬᠠᠮᠲᠤ ᠶᠢᠨ ᠠᠵᠦ ᠠᠬᠤᠢ ᠶᠢ ᠬᠦᠭᠵᠢᠭᠦᠯᠦᠨ  ᠂ ᠮᠠᠯᠴᠢᠳ ᠤᠨ ᠤᠷᠤᠯᠭ᠎ᠠ ᠶᠢ ᠨᠡᠮᠡᠭᠳᠡᠭᠦᠯᠬᠦ ᠶᠢ ᠵᠤᠷᠢᠵᠦ ᠠᠵᠢᠯᠯᠠᠬᠰᠡᠨ ᠢᠶᠠᠷ᠂  ᠮᠠᠯᠴᠢᠳ ᠤᠨ ᠬᠦᠮᠦᠨ ᠳᠤᠮᠳᠠᠴᠢ ᠶᠢᠨ ᠴᠡᠪᠡᠷ ᠤᠷᠤᠯᠭ᠎ᠠ ᠨᠢ 22000 ᠭᠠᠷᠤᠢ ᠲᠦᠭᠦᠷᠢᠭ ᠢ ᠳᠠᠪᠠᠵᠠᠢ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号