ᠮᠠᠯᠴᠢᠨ ᠲᠦᠮᠡᠨ ᠤ ᠪᠠᠨ ᠡᠷᠡᠭᠦᠯ ᠮᠡᠨᠳᠦ ᠶᠢᠨ ᠲᠦᠯᠦᠭᠡ ᠭᠤᠶᠠᠴᠢ ᠦᠭᠡᠢ ᠵᠢᠳᠭᠦᠨᠡᠮ
ᠨᠡᠶᠢᠲᠡᠯᠡᠭᠰᠡᠨ ᠴᠠᠭ᠄
2021/1/6
  —— ᠳᠤᠯᠤᠳᠤᠭᠠᠷ ᠬᠤᠭᠤᠴᠠᠭᠠᠨ ᠤ ᠪᠦᠬᠦ ᠤᠷᠤᠨ ᠤ ᠶᠤᠰᠤ ᠮᠤᠷᠠᠯ ᠤᠨ ᠵᠢᠱᠢᠶᠡᠴᠢ ᠶᠢᠨ ᠨᠡᠷ᠎ᠡ ᠳᠤᠷᠠᠳᠤᠬᠰᠡᠨ ᠱᠠᠩᠨᠠᠯ ᠭᠦᠷᠲᠡᠭᠰᠡᠨ ᠤᠷᠠᠨᠪᠢᠯᠢᠭ᠌ ᠤᠨ ᠦᠢᠯᠡ ᠠᠵᠢᠯᠯᠠᠭ᠎ᠠ ᠶᠢ ᠲᠡᠮᠳᠡᠭᠯᠡᠪᠡ     ᠦᠪᠦᠷ ᠮᠤᠩᠭᠤᠯ ᠤᠨ  ᠰᠢᠯᠢ ᠶᠢᠨ ᠬᠤᠳᠠ ᠶᠢᠨ ᠴᠤᠬᠠᠭᠤᠯᠠ ᠰᠤᠮᠤᠨ ᠤ ᠲᠦᠭᠦᠷᠢᠭ ᠭᠠᠴᠠᠭᠠᠨ ᠳᠤ ᠤᠷᠠᠨᠪᠢᠯᠢᠭ᠌ ᠭᠡᠳᠡᠭ ᠨᠢᠭᠡ ᠪᠦᠰᠡᠭᠦᠢ ᠨᠤᠲᠤᠭ ᠤᠨ ᠡᠮᠴᠢ ᠪᠠᠶᠢᠳᠠᠭ᠃ ᠲᠡᠷᠡ 1995 ᠤᠨ ᠳᠤ ᠦᠪᠦᠷ ᠮᠤᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ ᠠᠴᠠ ᠮᠤᠩᠭᠤᠯ ᠡᠮ ᠡᠮᠨᠡᠯᠭᠡ ᠶᠢᠨ ᠳᠤᠰᠬᠠᠢ ᠮᠡᠷᠭᠡᠵᠢᠯ ᠰᠤᠷᠴᠦ ᠲᠡᠭᠦᠰᠦᠭᠡᠳ ᠨᠤᠲᠤᠭ   ᠲᠤ ᠪᠠᠨ ᠬᠠᠷᠢᠵᠦ᠂ ᠦᠨᠳᠦᠰᠦᠨ ᠱᠠᠲᠤᠨ ᠤ ᠡᠮᠴᠢ ᠶᠢᠨ ᠠᠵᠢᠯ ᠢ ᠡᠭᠦᠷᠭᠡᠯᠡᠵᠦ ᠬᠢᠭᠡᠳ 25 ᠵᠢᠯ ᠤᠨ ᠬᠠᠪᠤᠷ ᠨᠠᠮᠤᠷ ᠢ ᠲᠤᠭᠤᠯᠵᠠᠢ᠃ ᠤᠷᠠᠨᠪᠢᠯᠢᠭ᠌ ᠭᠡᠷ ᠲᠡᠭᠡᠨ ᠭᠤᠷᠪᠠᠭᠤᠯᠠ᠂ ᠨᠦᠬᠦᠷ ᠨᠢ ᠭᠠᠩᠲᠡᠮᠤᠷ ᠭᠠᠴᠠᠭᠠᠨ ᠤ ᠪᠠᠨ ᠮᠠᠯ ᠡᠮᠨᠡᠯᠭᠡ ᠶᠢᠨ ᠠᠵᠢᠯ ᠢ ᠭᠠᠷᠳᠠᠨ ᠬᠢᠵᠦ᠂ ᠬᠦᠦ ᠨᠢ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠨ᠎ᠠ᠃     ᠬᠤᠷᠢᠭᠠᠳ ᠵᠢᠯ ᠤᠨ ᠳᠤᠷᠰᠢ᠂ ᠮᠠᠯᠴᠢᠳ ᠳᠠᠬᠰᠢᠭᠤᠷ ᠲᠤᠮᠤᠭᠤ ᠬᠦᠷᠬᠦ᠂ ᠠᠷᠬᠠᠭ ᠬᠠᠭᠤᠴᠢᠨ ᠨᠢ ᠬᠦᠳᠡᠯᠬᠦ ᠪᠤᠶᠤ  ᠭᠡᠮᠲᠦᠵᠦ ᠰᠢᠷᠠᠬᠳᠠᠬᠰᠡᠨ ᠴᠤ ᠤᠷᠠᠨᠪᠢᠯᠢᠭ᠌ ᠢ ᠳᠠᠭᠤᠳᠠᠳᠠᠭ᠃ ᠡᠨᠡ ᠦᠶᠡᠰ ᠲᠡᠷᠡ ᠶᠡᠷᠦᠨᠢ ᠡᠪᠦᠯ ᠵᠤᠨ᠂ ᠡᠳᠦᠷ ᠰᠦᠨᠢ᠂  ᠴᠠᠰᠦ ᠪᠤᠷᠤᠭᠠᠨ ᠢ ᠬᠠᠶᠢᠬᠤᠷᠤᠯ ᠦᠭᠡᠢ ᠳᠠᠷᠤᠢ   ᠳᠤ ᠨᠢ ᠤᠴᠢᠭᠠᠳ ᠡᠮᠴᠢᠯᠡᠭᠡ ᠬᠢᠵᠦ ᠦᠭᠳᠡᠭ ᠪᠤᠯᠬᠤᠷ᠂ ᠮᠠᠯᠴᠢᠳ ᠲᠡᠭᠦᠨ ᠢ ᠮᠠᠨ ᠤ ᠮᠠᠯᠴᠢᠳ ᠤᠨ《120》 ᠲᠦᠷᠭᠡᠨ ᠠᠪᠤᠷᠠᠯᠲᠠ ᠶᠢᠨ ᠡᠮᠴᠢ ᠭᠡᠵᠦ ᠳᠤᠲᠤᠨᠤᠴᠢᠯᠠᠨ ᠨᠡᠷᠡᠯᠡᠳᠡᠭ ᠪᠢᠯᠡ᠃ ᠲᠡᠭᠦᠨ ᠤ ᠤᠳᠠᠭᠠᠨ ᠵᠢᠯ ᠮᠠᠯᠴᠢᠨ ᠲᠦᠮᠡᠨ ᠤ ᠪᠠᠨ ᠡᠷᠡᠭᠦᠯ ᠮᠡᠨᠳᠦ ᠶᠢᠨ ᠲᠦᠯᠦᠭᠡ ᠭᠤᠶᠠᠴᠢ ᠦᠭᠡᠢ ᠵᠢᠳᠭᠦᠭᠰᠡᠨ ᠦᠢᠯᠡ ᠠᠵᠢᠯᠠᠯᠭ᠎ᠠ ᠶᠢ ᠨᠢ ᠨᠠᠮ ᠵᠠᠰᠠᠭ᠂ ᠠᠷᠠᠳ ᠤᠯᠠᠨ ᠨᠢ  ᠬᠦᠨᠳᠦᠳᠭᠡᠨ  ᠦᠨᠡᠯᠡᠵᠦ᠂ 2010 ᠤᠨ   ᠳᠤ  ᠪᠦᠬᠦ  ᠤᠯᠤᠰ ᠤᠨ《  ᠬᠦᠳᠡᠭᠡ ᠳᠤᠰᠬᠤᠨ ᠤ ᠰᠢᠯᠢᠳᠡᠭ ᠡᠮᠴᠢ 》 ᠶᠢᠨ ᠢᠷᠠᠭᠤ ᠠᠯᠳᠠᠷ ᠢ ᠭᠦᠷᠲᠡᠭᠡᠵᠦ᠂ ᠤᠷᠢᠳ ᠬᠤᠵᠢᠳ ᠪᠦᠬᠦ ᠤᠷᠤᠨ ᠤ《 ᠠᠵᠢᠯ ᠤᠨ ᠪᠠᠶᠢᠷᠢ  ᠳᠤ  ᠪᠠᠨ ᠯᠸᠢ ᠹᠧᠩ ᠠᠴᠠ ᠰᠤᠷᠤᠯᠴᠠᠬᠰᠡᠨ ᠵᠢᠱᠢᠶᠡᠴᠢ 》᠂《 ᠰᠢᠨ᠎ᠡ ᠡᠷᠡᠨ ᠤ ᠤᠮᠠᠷᠠᠲᠤ ᠬᠢᠯᠢ ᠶᠢᠨ ᠰᠤᠳᠤᠨ ᠡᠮᠡᠭᠲᠡᠢ》᠂《 ᠰᠢᠯᠢᠳᠡᠭ ᠨᠠᠮ ᠤᠨ ᠭᠡᠰᠢᠭᠦᠨ 》ᠵᠡᠷᠭᠡ ᠪᠠᠷ ᠰᠤᠩᠭᠤᠬᠳᠠᠵᠦ᠂  ᠤᠷᠴᠢᠮᠬᠠᠨ ᠪᠠᠰᠠ ᠳᠤᠯᠤᠳᠤᠭᠠᠷ ᠬᠤᠭᠤᠴᠠᠭᠠᠨ ᠤ ᠦᠪᠦᠷ ᠮᠤᠩᠭᠤᠯ ᠤᠨ  ᠦᠪᠡᠷᠳᠡᠭᠡᠨ  ᠵᠠᠰᠠᠬᠤ  ᠤᠷᠤᠨ ᠤ《 ᠶᠤᠰᠤ  ᠮᠤᠷᠠᠯ  ᠤᠨ  ᠵᠢᠱᠢᠶᠡᠴᠢ 》 ᠶᠢᠨ ᠨᠡᠷ᠎ᠡ ᠳᠤᠷᠠᠳᠤᠬᠰᠡᠨ ᠱᠠᠩᠨᠠᠯ  ᠬᠦᠷᠲᠡᠵᠡᠢ᠃     ᠦᠢᠯᠡᠰ ᠢᠶᠠᠨ ᠳᠡᠭᠡᠳᠦᠯᠡᠭᠰᠡᠨ ᠦᠨᠡᠨᠴᠢᠬᠡᠨ ᠵᠢᠳᠭᠦᠯ     ᠤᠷᠠᠨᠪᠢᠯᠢᠭ᠌ ᠭᠠᠴᠠᠭᠠᠨ ᠤ ᠪᠠᠨ ᠡᠮᠴᠢ ᠶᠢᠨ ᠠᠵᠢᠯ ᠢ ᠡᠭᠦᠷᠭᠡᠯᠡᠭᠰᠡᠨ ᠡᠳᠦᠷ ᠠᠴᠠ ᠪᠠᠨ ᠠᠪᠤᠭᠠᠳ ᠡᠮᠴᠢᠯᠡᠬᠦ ᠠᠵᠢᠯ ᠳᠤ ᠡᠬᠢᠨ  ᠳᠤ ᠪᠠᠨ ᠮᠤᠷᠢ ᠲᠠᠢ ᠳᠠᠪᠬᠢᠭᠤᠯᠵᠦ᠂ ᠳᠠᠷᠠᠭ᠎ᠠ ᠨᠢ ᠮᠤᠲ᠋ᠤᠷ ᠢᠶᠠᠷ ᠭᠦᠶᠦᠯᠭᠡᠨ᠂ ᠤᠳᠤ ᠪᠤᠯ ᠮᠠᠰᠢᠨ ᠲᠡᠷᠭᠡ ᠪᠠᠷ ᠬᠠᠮᠢᠭ᠎ᠠ ᠳᠠᠭᠤᠳᠠᠪᠠᠯ ᠲᠡᠨᠳᠡ ᠰᠠᠭᠠᠳᠠᠯ ᠦᠭᠡᠢ ᠬᠦᠷᠴᠦ ᠦᠢᠯᠡᠴᠢᠯᠡᠭᠰᠡᠭᠡᠷ ᠪᠠᠶᠢᠨ᠎ᠠ᠃ ᠡᠳᠡᠨ ᠤ ᠭᠡᠷ ᠨᠢ ᠭᠠᠴᠠᠭᠠᠨ ᠤ ᠪᠠᠨ ᠤᠷᠢᠳᠦ ᠪᠡᠶ᠎ᠡ ᠪᠠᠷ ᠰᠠᠭᠤᠷᠢᠰᠢᠳᠠᠭ᠂ ᠤᠶᠢᠷ᠎ᠠ ᠵᠡᠷᠭᠡᠯᠡᠳᠡᠭᠡ ᠠᠶᠢᠯ ᠨᠢ ᠲᠠᠪᠤ ᠭᠤᠷᠪᠠᠨ ᠭᠠᠵᠠᠷ ᠤᠨ ᠵᠠᠢ ᠲᠠᠢ ᠪᠠᠶᠢᠬᠤ ᠳᠤ᠂ ᠬᠤᠯᠠ ᠨᠢ ᠪᠦᠷ ᠵᠠᠭᠤᠭᠠᠳ ᠭᠠᠵᠠᠷ ᠤᠨ ᠴᠠᠭᠠᠨ᠎ᠠ ᠪᠠᠶᠢᠳᠠᠭ᠃ ᠲᠡᠷᠡ  ᠮᠠᠯᠴᠢᠳ ᠲᠠᠭᠠᠨ ᠡᠪᠡᠳᠴᠢᠨ ᠦᠵᠡᠬᠦ᠂ ᠵᠡᠭᠦᠦ ᠲᠠᠯᠪᠢᠬᠤ᠂ ᠡᠮ ᠶᠡᠭᠦᠯᠡᠬᠦ᠂ ᠡᠮ ᠬᠦᠷᠭᠡᠬᠦ᠂ ᠡᠷᠡᠭᠦᠯ ᠮᠡᠨᠳᠦ ᠶᠢᠨ ᠤᠬᠠᠭᠤᠯᠭ᠎ᠠ  ᠰᠣᠷᠳᠠᠯᠴᠢᠯᠠᠭ᠎ᠠ ᠬᠢᠵᠦ ᠠᠰᠠᠭᠤᠨ ᠯᠠᠪᠯᠠᠭ᠎ᠠ ᠬᠢᠬᠦ᠂ ᠡᠷᠡᠭᠦᠯ ᠮᠡᠨᠳᠦ ᠶᠢᠨ ᠪᠠᠶᠢᠳᠠᠯ ᠢ ᠨᠢ ᠲᠡᠮᠳᠡᠭᠯᠡᠵᠦ ᠳᠠᠩᠰᠠ ᠡᠪᠬᠡᠮᠡᠯ ᠪᠠᠶᠢᠭᠤᠯᠬᠤ ᠵᠡᠷᠭᠡ ᠪᠠᠷ ᠦᠢᠯᠡᠴᠢᠯᠡᠵᠦ ᠪᠠᠶᠢᠳᠠᠭ᠃ ᠡᠭᠦᠨ ᠢᠶᠠᠷ ᠪᠠᠷᠠᠬᠤ ᠦᠭᠡᠢ᠂ ᠵᠡᠷᠭᠡᠯᠡᠳᠡᠭᠡ ᠪᠠᠶᠢᠭ᠎ᠠ  ᠪᠠᠶᠠᠨᠪᠤᠯᠠᠭ ᠰᠤᠮᠤᠨ ᠤ ᠪᠠᠶᠠᠨᠬᠠᠷᠠᠭᠠᠲᠦ ᠭᠠᠴᠠᠭ᠎ᠠ᠂ ᠲᠤᠰ ᠰᠤᠮᠤᠨ ᠤ ᠪᠠᠨ  ᠠᠷᠤᠭᠤᠤᠯ ᠭᠠᠴᠠᠭᠠᠨ ᠤ ᠮᠠᠯᠴᠢᠳ ᠲᠤ ᠴᠦ ᠡᠮᠴᠢᠯᠡᠭᠡ ᠶᠢᠨ ᠦᠢᠯᠡᠴᠢᠯᠡᠭᠡ ᠬᠠᠩᠭᠠᠵᠦ ᠪᠠᠶᠢᠳᠠᠭ ᠪᠢᠯᠡ᠃     ᠤᠷᠠᠨᠪᠢᠯᠢᠭ᠌ ᠮᠠᠯᠴᠢᠳ ᠲᠠᠭᠠᠨ ᠨᠡᠩ ᠰᠠᠶᠢᠨ ᠳᠦᠭᠦᠮ ᠦᠢᠯᠡᠴᠢᠯᠡᠭᠡ ᠬᠠᠩᠭᠠᠬᠤ ᠶᠢᠨ ᠳᠤᠰᠠᠳᠠ  ᠂ ᠨᠦᠬᠦᠷ ᠤᠨ ᠢᠶᠠᠨ ᠬᠠᠪᠰᠤᠷᠤᠯᠭ᠎ᠠ ᠪᠠᠷ ᠮᠤᠲ᠋ᠤᠷ ᠤᠨᠤᠵᠦ ᠰᠤᠷᠤᠬᠰᠡᠨ ᠨᠢ ᠬᠤᠷᠢ ᠰᠢᠬᠠᠮ ᠵᠢᠯ ᠤᠨ ᠡᠮᠦᠨᠡᠬᠢ ᠤᠴᠢᠷ ᠪᠤᠯᠪᠠ᠃ ᠢᠩᠭᠢᠭᠡᠳ  ᠡᠮᠴᠢᠯᠡᠭᠡ ᠬᠢᠵᠦ ᠶᠠᠪᠤᠬᠤ   ᠳᠤ ᠨᠢ ᠶᠡᠭᠡ ᠳᠦᠭᠦᠮ ᠲᠦᠳᠡ ᠪᠤᠯᠵᠦ᠂ ᠨᠤᠲᠤᠭ ᠤᠨ ᠰᠢᠷ᠎ᠠ ᠵᠠᠮ ᠢᠶᠠᠷ ᠢᠶᠠᠨ ᠦᠭᠡᠳᠠ ᠤᠷᠤᠭᠤ ᠡᠮᠴᠢᠯᠡᠭᠡ ᠬᠢᠵᠦ ᠶᠠᠪᠤᠬᠰᠠᠭᠠᠷ ᠪᠠᠶᠢᠵᠦ ᠭᠤᠷᠪᠠᠨ ᠮᠤᠲ᠋ᠤᠷ ᠡᠯᠡᠭᠡᠭᠰᠡᠨ ᠨᠢ ᠦᠯᠢᠭᠡᠷ ᠤᠨ ᠰᠢᠭ ᠶᠠᠪᠤᠳᠠᠯ ᠪᠤᠯᠵᠠᠢ᠃ ᠤᠷᠠᠨᠪᠢᠯᠢᠭ᠌᠄《 ᠤᠶᠢᠷ᠎ᠠ ᠶᠢᠨ ᠵᠢᠯ ᠤᠳ ᠲᠤ ᠠᠶᠢᠯ ᠤᠳ ᠪᠦᠷ ᠮᠠᠰᠢᠨ ᠲᠡᠷᠭᠡ ᠲᠠᠢ ᠪᠤᠯᠤᠬᠰᠡᠨ ᠪᠤᠯᠬᠤᠷ ᠵᠠᠷᠢᠮ ᠨᠢ ᠳᠤᠰᠤᠨ᠎ᠠ᠂ ᠵᠠᠷᠢᠮ ᠳᠤ ᠪᠠᠨ ᠮᠠᠨ ᠤ ᠨᠦᠬᠦᠷ ᠪᠤᠶᠤ ᠬᠦᠦ ᠬᠦᠷᠭᠡᠨ᠎ᠠ᠂ ᠤᠤᠯ ᠠᠴᠠ ᠪᠠᠨ ᠬᠤᠯᠠ ᠳᠦᠭᠦᠮ ᠪᠤᠯᠤᠬᠰᠡᠨ᠃ ᠮᠤᠲ᠋ᠤᠷ ᠢᠶᠠᠷ ᠶᠠᠪᠤᠵᠦ ᠪᠠᠶᠢᠬᠤ ᠳᠤ ᠡᠪᠦᠯ ᠬᠠᠪᠤᠷ ᠤᠨ ᠴᠠᠰᠦ ᠰᠢᠭᠤᠷᠭᠠᠨ ᠲᠠᠢ ᠡᠳᠦᠷ ᠪᠤᠯ ᠭᠡᠴᠡᠭᠦᠦ ᠪᠠᠶᠢᠳᠠᠭ ᠶᠤᠮ 》 ᠭᠡᠳ ᠨᠢᠭᠡ ᠤᠳᠠᠭᠠᠨ ᠤ ᠰᠢᠭᠤᠷᠭᠠᠨ ᠳᠤᠮᠳᠠᠭᠤᠷ ᠡᠮ ᠶᠡᠭᠦᠯᠡᠬᠦ ᠪᠠᠷ ᠶᠠᠪᠤᠬᠰᠡᠨ ᠵᠤᠭᠤᠭ ᠢᠶᠠᠨ ᠶᠠᠷᠢᠯ᠎ᠠ᠃ ᠨᠢᠭᠡ ᠬᠠᠪᠤᠷ ᠤᠷᠠᠨᠪᠢᠯᠢᠭ᠌ ᠤᠨ ᠭᠡᠷ ᠠᠴᠠ ᠬᠤᠶᠢᠨ᠎ᠠ ᠪᠠᠶᠢᠳᠠᠭ ᠨᠠᠶᠠ ᠭᠠᠷᠤᠬᠰᠡᠨ ᠳᠤᠯᠮ᠎ᠠ ᠨᠠᠰᠤᠲᠠᠨ ᠳᠤ  ᠳᠤᠯᠤᠭᠠᠨ ᠡᠳᠦᠷ ᠤᠨ ᠡᠮ  ᠶᠡᠭᠦᠯᠡᠬᠦ ᠪᠤᠯᠤᠬᠰᠡᠨ ᠠᠴᠠ ᠡᠳᠦᠷ ᠡᠳᠦᠷ ᠭᠡᠷ   ᠲᠤ ᠨᠢ ᠤᠴᠢᠬᠤ  ᠬᠡᠷᠡᠭᠲᠠᠢ ᠲᠠᠢ ᠪᠤᠯᠵᠠᠢ᠃ ᠨᠢᠭᠡ ᠡᠳᠦᠷ ᠲᠡᠭᠦᠨ ᠤ ᠨᠦᠬᠦᠷ ᠨᠢ ᠮᠠᠯ ᠤᠨ ᠬᠢᠵᠢᠭ ᠤᠨ ᠲᠠᠷᠢᠯᠭ᠎ᠠ ᠬᠢᠬᠦ ᠪᠠᠷ ᠶᠠᠪᠤᠵᠦ᠂ ᠬᠦᠦ ᠨᠢ ᠪᠠᠰᠠ ᠰᠤᠷᠭᠠᠭᠤᠯᠢ  ᠳᠠᠭᠠᠨ ᠪᠠᠶᠢᠬᠰᠡᠨ ᠳᠤᠯᠠ ᠲᠡᠷᠡ ᠮᠠᠯ ᠤᠨᠤᠭ᠎ᠠ ᠪᠠᠨ ᠡᠪᠡᠰᠦᠯᠡᠵᠦ  ᠣᠰᠤᠯᠠᠴᠢᠬᠠᠭᠠᠳ᠂ ᠦᠳᠡ ᠶᠢᠨ ᠴᠢᠯᠦᠭᠡᠨ ᠳᠤ  ᠳᠤᠯᠮ᠎ᠠ ᠨᠠᠰᠤᠲᠠᠨ ᠳᠤ ᠡᠮ  ᠶᠡᠭᠦᠯᠡᠬᠦ ᠪᠠᠷ ᠭᠠᠭᠴᠠᠭᠠᠷ  ᠮᠤᠲ᠋ᠤᠷ ᠲᠠᠢ ᠶᠠᠪᠤᠯ᠎ᠠ᠃ ᠬᠠᠪᠤᠷ ᠤᠨ ᠡᠳᠦᠷ ᠤᠨ ᠲᠡᠭᠷᠢ ᠬᠠᠭᠠᠰ ᠲᠠᠢ ᠬᠤᠭᠤᠰ ᠲᠠᠢ ᠭᠡᠳᠡᠭ ᠢᠶᠠᠷ᠂ ᠲᠡᠭᠦᠨ ᠢ ᠭᠡᠷ ᠠᠴᠠ ᠪᠠᠨ ᠭᠠᠷᠬᠤ ᠳᠤ ᠪᠠᠭ᠎ᠠ ᠰᠠᠭ᠎ᠠ ᠴᠠᠰᠦ ᠬᠠᠶᠠᠯᠠᠵᠦ ᠪᠠᠶᠢᠬᠰᠡᠨ ᠢᠶᠠᠨ ᠬᠠᠭᠠᠰ ᠵᠠᠮ ᠬᠦᠷᠬᠦ ᠳᠤ ᠴᠠᠰᠦ ᠰᠢᠭᠤᠷᠭ᠎ᠠ ᠶᠡᠬᠡᠳᠦᠭᠡᠳ ᠨᠢᠳᠦ ᠨᠢᠭᠤᠷ ᠦᠭᠡᠢ ᠭᠤᠶᠠᠳᠠᠯᠠᠨ᠂ ᠵᠠᠮ ᠴᠤ ᠦᠵᠡᠭᠳᠡᠬᠦ ᠪᠠᠨ ᠪᠤᠯᠢᠯ᠎ᠠ᠃ ᠢᠩᠭᠢᠭᠡᠳ ᠠᠷᠭ᠎ᠠ ᠪᠤᠰᠤ ᠵᠠᠮ ᠤᠨ ᠬᠠᠵᠠᠭᠤ ᠳᠤ ᠵᠤᠬᠰᠤᠵᠦ ᠪᠠᠶᠢᠬᠰᠡᠨ ᠳᠤ ᠨᠤᠲᠤᠭ ᠤᠨ  ᠨᠢᠭᠡ ᠳᠡᠭᠦᠨᠡᠷ ᠮᠠᠰᠢᠨ ᠲᠡᠷᠭᠡ ᠲᠠᠢ ᠭᠠᠷᠬᠤ ᠲᠠᠭᠠᠷᠠᠭᠠᠳ ᠮᠠᠰᠢᠨ ᠳᠡᠭᠡᠷ᠎ᠡ ᠨᠢ ᠶᠠᠪᠤᠵᠦ ᠨᠠᠰᠤᠲᠠᠨ ᠳᠤ ᠡᠮ  ᠶᠡᠭᠦᠯᠡᠵᠦ ᠦᠭᠪᠡ᠃ ᠬᠤᠷᠢᠭᠠᠳ ᠵᠢᠯ ᠤᠨ ᠳᠤᠷᠰᠢ ᠡᠶᠢᠮᠦᠷᠬᠦᠦ ᠶᠠᠪᠤᠳᠠᠯ ᠤᠯᠠᠨ ᠳᠤᠬᠢᠶᠠᠯᠳᠤᠵᠦ ᠪᠠᠶᠢᠵᠠᠢ᠃     ᠪᠤᠰᠤᠳ ᠢ ᠳᠤᠰᠠᠯᠠᠳᠠᠭ ᠡᠨᠡᠷᠢᠩᠭᠦᠢ ᠴᠠᠶᠢᠯᠭᠠᠨ ᠰᠡᠳᠬᠢᠯ       ᠡᠮᠴᠢ ᠬᠦᠮᠦᠨ ᠵᠢᠷᠭᠠᠯ ᠤᠨ ᠡᠵᠢ ᠭᠡᠳᠡᠭ ᠢᠶᠠᠷ᠂ ᠤᠷᠠᠨᠪᠢᠯᠢᠭ᠌ ᠶᠡᠷᠦᠳᠡᠭᠡᠨ ᠦᠷᠦ ᠵᠦᠭᠡᠯᠡᠨ᠂ ᠰᠠᠨᠠᠭ᠎ᠠ ᠴᠠᠶᠢᠯᠭᠠᠨ ᠬᠦᠮᠦᠨ᠃ ᠮᠠᠯᠴᠢᠳ ᠤᠨ ᠢᠶᠠᠨ ᠡᠷᠡᠭᠦᠯ ᠮᠡᠨᠳᠦ ᠶᠢᠨ ᠲᠦᠯᠦᠭᠡ ᠬᠤᠶᠢᠰᠢ ᠦᠭᠡᠢ ᠵᠢᠳᠭᠦᠳᠡᠭ ᠢᠶᠠᠷ ᠪᠠᠷᠠᠬᠤ ᠦᠭᠡᠢ᠂ ᠠᠶᠢᠯ ᠰᠠᠭᠠᠬᠠᠯᠲᠠ ᠶᠢᠨ ᠬᠦᠴᠢᠷᠳᠡᠵᠦ ᠲᠡᠪᠡᠳᠡᠭᠰᠡᠨ ᠨᠢᠭᠡᠨ  ᠳᠤ ᠪᠠᠨ ᠴᠦ ᠬᠠᠶᠢᠷ᠎ᠠ ᠶᠢᠨ ᠬᠠᠯᠠᠭᠤᠨ ᠭᠠᠷ ᠢᠶᠠᠨ  ᠰᠣᠩᠭᠠᠵᠤ ᠬᠠᠷᠠᠮ ᠦᠭᠡᠢ ᠳᠡᠮᠵᠢᠯᠭᠡ ᠦᠵᠡᠭᠦᠯᠳᠡᠭ᠃ 2010 ᠤᠨ ᠠᠴᠠ ᠲᠡᠷᠡ ᠭᠠᠴᠠᠭᠠᠨ ᠤ ᠪᠠᠨ  ᠶᠠᠳᠠᠭᠤ ᠬᠦᠴᠢᠷᠳᠡᠯᠲᠡᠢ ᠡᠷᠦᠬᠡ ᠡᠦ ᠶᠦᠩ ᠵᠧᠩ ᠤᠨ ᠬᠢ ᠶᠢ ᠳᠠᠭᠠᠭᠠᠴᠢᠯᠠᠵᠦ᠂ ᠲᠡᠳᠡᠨ ᠤ ᠰᠠᠭᠤᠬᠤ ᠭᠡᠷ ᠦᠭᠡᠢ ᠪᠠᠶᠢᠬᠤ ᠶᠢ ᠮᠡᠳᠡᠭᠡᠳ᠂ ᠦᠪᠡᠷ ᠤᠨ ᠢᠯᠡᠭᠦᠦ ᠭᠡᠷ ᠲᠡᠭᠡᠨ ᠦᠨ᠎ᠡ ᠲᠦᠯᠦᠪᠦᠷᠢ ᠦᠭᠡᠢ ᠰᠠᠭᠤᠯᠭᠠᠵᠦ  ᠂ ᠪᠠᠰᠠ ᠭᠤᠷᠪᠠᠨ ᠳᠤᠨ ᠨᠡᠭᠦᠷᠡᠰᠦ ᠬᠤᠳᠠᠯᠳᠤᠨ ᠠᠪᠴᠦ ᠦᠭᠴᠡᠢ᠃ 2012 ᠤᠨ ᠠᠴᠠ ᠲᠡᠷᠡ ᠭᠠᠴᠠᠭᠠᠨ ᠤ ᠪᠠᠨ ᠶᠠᠳᠠᠭᠤ ᠡᠷᠦᠬᠡ ᠠᠯᠲᠠ ᠳᠤ ᠬᠤᠶᠠᠷ ᠵᠢᠯ ᠳᠠᠷᠠᠭᠠᠯᠠᠨ ᠵᠢᠯ ᠤᠨ ᠲᠠᠪᠤᠨ ᠬᠤᠨᠢ ᠠᠪᠴᠦ ᠦᠭᠭᠦᠭᠡᠳ᠂ ᠶᠠᠳᠠᠭᠤ ᠠᠴᠠ ᠠᠩᠭᠢᠵᠢᠷᠠᠬᠤ   ᠳᠤ ᠨᠢ ᠶᠡᠬᠡᠬᠡᠨ ᠳᠤᠰᠠ ᠪᠤᠯᠪᠠ᠃ ᠤᠳᠤ ᠡᠦ ᠶᠦᠩ ᠵᠧᠩ  ᠰᠢᠯᠢ  ᠶᠢᠨ ᠬᠤᠳᠠ ᠶᠢᠨ ᠠᠴᠢᠯᠠᠯ ᠨᠠᠰᠤᠲᠠᠨ ᠢ ᠠᠰᠠᠷᠠᠬᠤ ᠬᠦᠷᠢᠶᠡᠯᠡᠩ ᠳᠤ ᠦᠲᠡᠯᠦᠭᠡ ᠨᠠᠰᠦ ᠪᠠᠨ ᠠᠮᠤᠷ ᠵᠢᠷᠭᠠᠯᠲᠠᠢ ᠦᠩᠭᠡᠷᠡᠭᠦᠯᠵᠦ᠂ ᠠᠯᠲᠠ ᠴᠦ ᠶᠠᠳᠠᠭᠤ ᠠᠴᠠ ᠠᠩᠭᠢᠵᠢᠷᠠᠵᠦ ᠠᠮᠢᠳᠤᠷᠠᠯ ᠨᠢ ᠳᠡᠭᠵᠢᠷᠡᠭᠰᠡᠨ ᠪᠠᠶᠢᠨ᠎ᠠ᠃ ᠤᠷᠠᠨᠪᠢᠯᠢᠭ᠌ ᠶᠠᠳᠠᠭᠤ ᠬᠦᠴᠢᠷᠳᠡᠯᠲᠡᠢ ᠠᠷᠠᠳ ᠢᠶᠠᠨ ᠢᠩᠭᠢᠵᠦ ᠳᠡᠮᠵᠢᠳᠡᠭ ᠢᠶᠠᠷ ᠪᠠᠷᠠᠬᠤ ᠦᠭᠡᠢ᠂ ᠦᠨᠦᠴᠢᠨ ᠦᠷᠦᠭᠡᠰᠦᠨ ᠢ ᠴᠦ ᠡᠨᠡᠷᠢᠨ ᠳᠤᠰᠠᠯᠠᠳᠠᠭ᠃ ᠲᠡᠳᠡᠨ ᠤ ᠵᠡᠷᠭᠡᠯᠡᠳᠡᠭᠡ ᠭᠠᠴᠠᠭᠠᠨ ᠤ ᠨᠢᠭᠡ ᠲᠠᠨᠢᠯ ᠳᠡᠭᠦᠨᠡᠷ ᠤᠨ ᠬᠢᠨᠢ ᠭᠡᠷᠭᠡᠢ ᠨᠢ ᠪᠤᠬᠢᠨᠢᠳᠤᠬᠤ ᠡᠪᠡᠳᠴᠢᠨ ᠢᠶᠠᠷ ᠪᠡᠶ᠎ᠡ ᠪᠠᠨ ᠬᠤᠤᠷᠯᠠᠵᠦ᠂ ᠨᠦᠬᠦᠷ ᠨᠢ ᠦᠨᠳᠦᠷ ᠳᠤᠮᠳᠠᠳᠦ ᠳᠤ ᠪᠠᠶᠢᠭ᠎ᠠ ᠦᠬᠢᠨ ᠪᠤᠯᠤᠨ ᠪᠠᠭ᠎ᠠ ᠰᠤᠷᠭᠠᠭᠤᠯᠢ ᠶᠢᠨ ᠬᠤᠶᠠᠳᠤᠭᠠᠷ ᠤᠨ ᠳᠤ ᠰᠤᠷᠤᠯᠴᠠᠵᠦ ᠪᠠᠶᠢᠭ᠎ᠠ ᠬᠦᠦ ᠲᠠᠢ ᠪᠠᠨ ᠦᠯᠡᠳᠡᠵᠡᠢ᠃ ᠡᠨᠡ ᠤᠴᠢᠷ ᠭᠠᠷᠤᠬᠰᠡᠨ ᠤ ᠳᠠᠷᠠᠭ᠎ᠠ  ᠂ ᠲᠡᠷᠡ ᠨᠦᠬᠦᠷ ᠲᠠᠢ ᠪᠠᠨ ᠬᠤᠶᠠᠭᠤᠯᠠ ᠡᠨᠡ ᠠᠶᠢᠯ ᠤᠨ ᠲᠦᠯᠦᠭᠡ᠂ ᠦᠨᠦᠴᠢᠨ ᠬᠤᠶᠠᠷ ᠬᠡᠤᠬᠡᠳ ᠤᠨ ᠬᠢᠨᠢ ᠲᠦᠯᠦᠭᠡ ᠲᠤᠩ ᠵᠤᠪᠠᠵᠦ ᠰᠠᠨᠳᠤᠷᠴᠠᠢ᠃ ᠡᠨᠡ ᠳᠤᠬᠠᠢ ᠪᠠᠨ ᠲᠡᠷᠡ᠄《 ᠰᠤᠷᠭᠠᠭᠤᠯᠢ ᠳᠤ ᠪᠠᠶᠢᠭ᠎ᠠ ᠦᠨᠦᠴᠢᠨ ᠦᠷᠦᠭᠡᠰᠦᠨ ᠬᠤᠶᠠᠷ ᠬᠡᠤᠬᠡᠳ ᠨᠢ ᠭᠡᠴᠡᠭᠦᠦ ᠪᠠᠶᠢᠨ᠎ᠠ ᠰᠢᠲᠡ᠂ ᠭᠠᠩᠲᠡᠮᠤᠷ ᠮᠠᠨ ᠤ ᠬᠤᠶᠠᠷ ᠡᠭᠦᠨ ᠤ ᠲᠦᠯᠦᠭᠡ ᠶᠡᠭᠡ ᠵᠤᠪᠠᠵᠦ᠂ ᠵᠦᠪᠳᠡᠵᠦ ᠪᠠᠶᠢᠭᠠᠳ ᠨᠢᠳᠤᠨᠤᠨ ᠤ 3 ᠰᠠᠷ᠎ᠠ ᠠᠴᠠ ᠦᠬᠢᠨ   ᠳᠤ ᠨᠢ ᠨᠢᠭᠡ ᠪᠠᠩᠭᠢ ᠶᠢᠨ ᠺᠠᠷᠲ ᠪᠡᠯᠡᠳᠴᠦ ᠦᠭᠭᠦᠭᠡᠳ ᠰᠠᠷ᠎ᠠ ᠪᠤᠯᠭᠠᠨ ᠬᠤᠶᠠᠷ ᠵᠠᠭᠤᠨ ᠲᠦᠭᠦᠷᠢᠭ ᠦᠭᠴᠦ ᠪᠠᠶᠢᠨ᠎ᠠ᠂  ᠬᠡᠤᠬᠡᠨ ᠦᠬᠢᠨ ᠬᠦᠮᠦᠨ ᠶᠤᠮ ᠴᠢᠨᠢ ᠪᠠᠭ᠎ᠠ ᠰᠠᠭ᠎ᠠ ᠰᠤᠷᠤᠯᠭ᠎ᠠ ᠠᠮᠢᠳᠤᠷᠠᠯ ᠤᠨ ᠬᠡᠷᠡᠭᠰᠡᠯ ᠢᠶᠠᠨ ᠴᠦ ᠠᠪᠤᠭ ᠳ᠋ᠠ᠂ ᠰᠤᠷᠤᠯᠭ᠎ᠠ   ᠳᠤ ᠨᠢ ᠪᠠᠭ᠎ᠠ ᠴᠦ ᠭᠡᠰᠡᠨ ᠳᠤᠰᠠ ᠪᠤᠯᠪᠠᠯ ᠵᠦᠭᠡᠷ ᠶᠤᠮ 》 ᠭᠡᠵᠦ ᠦᠷᠦ ᠡᠪᠡᠳᠦᠨ ᠶᠠᠷᠢᠵᠦ ᠪᠠᠶᠢᠯ᠎ᠠ᠃     ᠳᠤᠯᠮ᠎ᠠ ᠨᠠᠰᠤᠲᠠᠨ ᠳᠤ ᠪᠠᠰᠠ ᠮᠡᠳᠡᠷᠡᠯ ᠤᠨ ᠡᠪᠡᠳᠴᠢᠨ ᠲᠠᠢ ᠬᠤᠶᠠᠷ ᠬᠡᠤᠬᠡᠳ ᠪᠠᠶᠢᠵᠦ᠂ ᠡᠪᠡᠳᠴᠢᠨ ᠨᠢ ᠬᠦᠳᠡᠯᠪᠡᠯ ᠠᠪᠤ ᠡᠵᠢ   ᠪᠠᠨ ᠴᠤᠬᠢᠵᠦ ᠵᠤᠳᠤᠬᠤ᠂ ᠭᠠᠷᠴᠦ ᠭᠦᠶᠦᠭᠡᠳ ᠶᠠᠭᠤᠮ᠎ᠠ  ᠰᠠᠮᠠᠭᠤᠷᠠᠭᠤᠯᠵᠤ᠂ ᠬᠦᠮᠦᠨ ᠠᠶᠤᠯᠭᠠᠬᠤ ᠵᠡᠷᠭᠡ ᠢᠯᠡᠷᠡᠯ ᠲᠠᠢ ᠪᠠᠶᠢᠳᠠᠭ᠃ ᠨᠢᠭᠡ ᠤᠳᠠᠭ᠎ᠠ ᠬᠦᠦ ᠲᠡᠮᠦᠷ ᠨᠢ ᠭᠠᠷᠴᠦ ᠭᠦᠶᠦᠴᠢᠭᠡᠭᠡᠳ ᠡᠷᠢᠵᠦ ᠤᠯᠬᠤ ᠦᠭᠡᠢ ᠰᠠᠨᠳᠤᠷᠴᠦ ᠤᠷᠠᠨᠪᠢᠯᠢᠭ᠌ ᠲᠤ ᠤᠲᠠᠰᠦ ᠢᠷᠡᠵᠡᠢ᠃ ᠲᠡᠷᠡ ᠨᠦᠬᠦᠷ ᠲᠠᠢ ᠪᠠᠨ ᠬᠤᠶᠠᠭᠤᠯᠠ ᠳᠠᠷᠤᠶᠢᠬᠠᠨ ᠬᠦᠷᠴᠦ᠂ ᠬᠠᠮᠵᠢᠵᠦ ᠡᠷᠢᠵᠦ ᠤᠯᠵᠦ ᠦᠭᠭᠦᠭᠡᠳ ᠲᠡᠳᠡᠨ   ᠳᠤ᠄《ᠬᠦᠦ ᠪᠠᠨ ᠮᠡᠳᠡᠷᠡᠯ ᠤᠨ ᠡᠪᠡᠳᠴᠢᠲᠡᠨ ᠤ ᠡᠮᠨᠡᠯᠭᠡ ᠶᠢᠨ ᠬᠤᠷᠢᠶᠠᠨ ᠳᠤ ᠬᠦᠷᠭᠡᠪᠡᠯ ᠳᠡᠭᠡᠷ᠎ᠡ᠂ ᠦᠭᠡᠢ ᠪᠤᠯ ᠡᠪᠡᠳᠴᠢᠨ ᠨᠢ ᠬᠦᠳᠡᠯᠵᠦ ᠭᠠᠷᠴᠦ ᠭᠦᠶᠦᠭᠡᠳ ᠭᠠᠭᠴᠠ ᠬᠤᠶᠠᠷ  ᠬᠦᠮᠦᠨ ᠲᠠᠢ ᠠᠶᠢᠯ ᠳᠤ ᠬᠦᠷᠴᠦ᠂ ᠬᠦᠮᠦᠨ ᠢ ᠠᠶᠤᠯᠭᠠᠵᠦ ᠰᠤᠴᠢᠭᠠᠬᠤ ᠪᠤᠶᠤ ᠲᠠᠮᠠᠬᠢ ᠳᠠᠲᠠᠭᠠᠳ ᠲᠦᠢᠮᠡᠷ ᠲᠠᠯᠪᠢᠴᠢᠬᠠᠪᠠᠯ ᠭᠡᠨᠡᠨ ᠰᠢᠳᠡ᠂ ᠡᠮᠨᠡᠯᠭᠡ ᠳᠤ ᠬᠦᠷᠭᠡᠴᠢᠬᠡᠪᠡᠯ ᠲᠠᠨᠠᠷ ᠲᠤ ᠪᠠᠰᠠ ᠠᠮᠠᠷ  ᠪᠢᠰᠢ ᠦᠦ 》 ᠭᠡᠵᠦ ᠵᠦᠪᠯᠡᠪᠡ᠃ ᠭᠡᠪᠡᠴᠦ ᠲᠡᠳᠡᠨ ᠤ ᠬᠦᠦ ᠪᠠᠨ ᠡᠮᠨᠡᠯᠭᠡ ᠳᠤ ᠬᠦᠷᠭᠡᠬᠦ ᠶᠢ ᠪᠤᠳᠤᠪᠠᠴᠦ ᠪᠠᠰᠠ ᠵᠤᠭᠤᠰ ᠮᠦᠩᠭᠦᠨ ᠤ ᠬᠦᠷᠦᠯᠴᠡᠭᠡ ᠮᠠᠭᠤ ᠲᠠᠢ ᠪᠠᠶᠢᠬᠰᠡᠨ ᠢ ᠤᠯᠵᠦ ᠮᠡᠳᠡᠭᠡᠳ᠂ ᠨᠦᠬᠦᠷ ᠲᠠᠢ ᠪᠠᠨ ᠬᠤᠶᠠᠭᠤᠯᠠ ᠤᠷᠢᠳᠠᠪᠠᠷ  ᠬᠤᠶᠠᠷ ᠮᠢᠩᠭᠠᠨ ᠲᠦᠭᠦᠷᠢᠭ ᠵᠢᠭᠡᠯᠡᠵᠦ ᠦᠭᠭᠦᠭᠡᠳ ᠡᠵᠢ ᠲᠠᠢ ᠨᠢ ᠬᠠᠮᠵᠢᠵᠦ ᠲᠡᠷᠭᠡ ᠤᠨᠤᠭ᠎ᠠ ᠤᠯᠵᠦ ᠲᠡᠮᠦᠷ ᠢ ᠡᠮᠨᠡᠯᠭᠡ ᠶᠢᠨ ᠬᠤᠷᠢᠶᠠᠨ ᠳᠤ ᠬᠦᠷᠭᠡᠵᠦ ᠦᠭᠴᠡᠢ᠃ ᠤᠷᠠᠨᠪᠢᠯᠢᠭ᠌ ᠨᠦᠬᠦᠷ ᠲᠠᠢ ᠪᠠᠨ ᠬᠤᠶᠠᠭᠤᠯᠠ ᠶᠤᠰᠤᠲᠠᠢ ᠨᠢᠭᠡ ᠪᠤᠰᠤᠳ ᠢ ᠬᠠᠪᠰᠤᠷᠬᠤ   ᠪᠠᠷ  ᠵᠢᠷᠭᠠᠯ  ᠢᠶᠠᠨ  ᠪᠤᠯᠭᠠᠳᠠᠭ  ᠤᠯᠤᠰ  ᠳ᠋ᠠ᠃ ᠲᠡᠷᠡ᠄《 ᠮᠠᠨ ᠤ ᠬᠤᠶᠠᠷ ᠪᠦᠷ ᠨᠠᠮ ᠤᠨ ᠭᠡᠰᠢᠭᠦᠨ᠂ ᠭᠠᠩᠲᠡᠮᠦᠷ ᠴᠡᠷᠢᠭ ᠤᠨ ᠠᠯᠪᠠ ᠬᠠᠭᠠᠵᠦ ᠪᠠᠶᠢᠬᠤ  ᠳᠤ ᠪᠠᠨ ᠨᠠᠮ ᠳᠤ ᠤᠷᠤᠬᠰᠡᠨ᠂ ᠪᠢᠳᠠ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠶᠢᠨ ᠦᠢᠯᠡᠳᠦᠯ ᠢᠶᠠᠨ ᠪᠠᠳᠠᠷᠠᠭᠤᠯᠬᠤ ᠶᠤᠰᠤᠲᠠᠢ᠃ ᠮᠠᠨ ᠤ ᠬᠤᠶᠠᠷ ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠨ᠂ ᠪᠤᠰᠤᠳ ᠢ  ᠲᠣᠰᠠᠯᠠᠬᠤ ᠠᠵᠢᠯ ᠢ ᠦᠷᠭᠦᠯᠵᠢ ᠬᠢᠵᠦ᠂ ᠡᠨᠡ ᠲᠠᠯ᠎ᠠ ᠪᠠᠷ ᠶᠡᠷᠦᠨᠢ ᠰᠠᠨᠠᠭ᠎ᠠ ᠨᠢᠭᠡᠳᠴᠦ ᠪᠠᠶᠢᠳᠠᠭ ᠶᠤᠮ 》ᠭᠡᠯ᠎ᠡ᠃     ᠲᠡᠷᠡ ᠨᠠᠮ ᠤᠨ ᠭᠡᠰᠢᠭᠦᠨ᠂ ᠭᠠᠴᠠᠭᠠᠨ ᠤ ᠪᠠᠨ ᠡᠮᠴᠢ᠂ ᠭᠠᠴᠠᠭᠠᠨ ᠤ ᠬᠤᠶᠠᠷ ᠵᠦᠪᠯᠡᠯ ᠤᠨ ᠭᠡᠰᠢᠭᠦᠨ᠂ ᠨᠠᠮ ᠤᠨ ᠡᠭᠦᠷ ᠤᠨ ᠤᠬᠠᠭᠤᠯᠬᠤ ᠭᠡᠰᠢᠭᠦᠨ ᠵᠡᠷᠭᠡ ᠤᠯᠠᠨ ᠡᠭᠦᠷᠭᠡ ᠳᠤᠰᠢᠶᠠᠯ ᠲᠠᠢ ᠬᠡᠵᠢᠶᠡᠳᠡ  ᠶᠠᠭᠠᠷᠠᠵᠦ᠂ ᠠᠵᠢᠯ ᠡᠭᠦᠷᠭᠡ ᠶᠡᠬᠡᠲᠡᠢ ᠳᠠᠪᠬᠢᠵᠦ ᠶᠠᠪᠤᠳᠠᠭ ᠬᠦᠮᠦᠨ ᠶᠤᠮ ᠪᠠᠶᠢᠨ᠎ᠠ᠃ ᠤᠷᠠᠨᠪᠢᠯᠢᠭ᠌ ᠡᠳᠦᠷᠵᠢᠨ ᠢᠩᠭᠢᠵᠦ ᠪᠤᠭᠤᠨᠢ ᠵᠢᠯᠤᠭᠤ ᠪᠤᠰᠤᠭ᠎ᠠ ᠳᠦᠷᠦᠭᠡ ᠪᠠᠷ ᠶᠠᠭᠠᠷᠠᠵᠦ ᠶᠠᠪᠤᠳᠠᠭ ᠢᠶᠠᠨ᠄《 ᠪᠢ ᠴᠢᠨᠢ ᠭᠠᠴᠠᠭᠠᠨ ᠤ ᠵᠦᠪᠯᠡᠯ  ᠳᠤ ᠪᠠᠨ ᠠᠬᠠᠮᠠᠳ ᠬᠦᠮᠦᠨ᠂ ᠮᠦᠨ ᠡᠮᠴᠢ ᠶᠢᠨ ᠠᠵᠢᠯ ᠬᠢᠵᠦ ᠪᠠᠶᠢᠭ᠎ᠠ ᠪᠤᠯᠬᠤᠷ  ᠮᠠᠯᠴᠢᠳ   ᠲᠠᠢ   ᠪᠠᠨ  ᠪᠠᠶᠢᠩᠭᠤ  ᠬᠠᠷᠢᠯᠴᠠᠵᠦ᠂ ᠪᠠᠶᠢᠳᠠᠯ ᠢ ᠨᠢ ᠰᠠᠶᠢᠨ ᠤᠶᠢᠯᠠᠭᠠᠨ᠎ᠠ᠂ ᠡᠶᠢᠮᠦ ᠠᠴᠠ ᠠᠵᠢᠯ ᠢᠶᠠᠨ ᠦᠷᠨᠢᠭᠦᠯᠬᠦ ᠳᠤ ᠠᠮᠠᠷ᠃ ᠮᠢᠨᠤ ᠬᠢᠵᠦ ᠪᠠᠶᠢᠭ᠎ᠠ ᠡᠮᠨᠡᠯᠭᠡ ᠶᠢᠨ ᠠᠵᠢᠯ ᠢ ᠳᠡᠭᠡᠷ᠎ᠡ ᠱᠠᠲᠤᠨ ᠠᠴᠠ ᠶᠡᠭᠡ ᠳᠡᠮᠵᠢᠵᠦ᠂ ᠮᠠᠨ ᠤ ᠭᠠᠳᠠᠭ᠎ᠠ ᠵᠢᠷᠠᠨ ᠬᠠᠪᠲᠠᠭᠠᠢ ᠳᠦᠷᠪᠡᠯᠵᠢᠨ ᠮᠧᠲᠷ ᠤᠨ ᠡᠮᠴᠢᠯᠡᠭᠡ ᠶᠢᠨ ᠳᠠᠰᠤᠭ ᠪᠠᠷᠢᠵᠦ ᠦᠭᠭᠦᠭᠰᠡᠨ ᠪᠤᠯᠬᠤᠷ  ᠤᠤᠯ ᠢᠶᠠᠨ ᠪᠤᠳᠤᠪᠠᠯ ᠶᠡᠭᠡ ᠳᠦᠭᠦᠮ ᠪᠤᠯᠵᠠᠢ᠃ ᠡᠩ ᠤᠨ ᠦᠶ᠎ᠡ   ᠳᠤ ᠪᠠᠨ ᠡᠮᠨᠡᠯᠭᠡ ᠶᠢᠨ ᠠᠵᠢᠯ ᠢᠶᠠᠨ ᠠᠮᠵᠢᠭᠤᠯᠵᠦ᠂ ᠬᠤᠪᠢᠨ ᠤ ᠮᠠᠯ ᠮᠠᠯᠵᠢᠯ ᠤᠨ ᠠᠵᠢᠯ ᠢᠶᠠᠨ ᠴᠦ ᠰᠠᠭᠠᠲᠠᠭᠠᠬᠤ ᠦᠭᠡᠢ 》ᠭᠡᠵᠦ ᠠᠷᠠᠳ ᠤᠯᠠᠨ ᠤ ᠪᠠᠨ ᠲᠦᠯᠦᠭᠡ ᠶᠠᠭᠠᠷᠠᠯᠲᠠᠢ ᠵᠢᠳᠭᠦᠵᠦ ᠶᠠᠪᠤᠳᠠᠭ ᠠᠵᠢᠯ ᠢᠶᠠᠨ ᠳᠦᠭᠦᠮᠬᠡᠨ ᠲᠠᠶᠢᠯᠪᠦᠷᠢᠯᠠᠯ᠎ᠠ᠃     ᠲᠡᠶᠢᠮᠦ ᠡ᠂ ᠤᠷᠠᠨᠪᠢᠯᠢᠭ᠌ ᠬᠤᠷᠢᠭᠠᠳ ᠵᠢᠯ ᠤᠨ ᠳᠤᠷᠰᠢ ᠡᠮᠴᠢ ᠶᠢᠨ ᠠᠵᠢᠯ᠂ ᠭᠠᠴᠠᠭᠠᠨ ᠤ ᠠᠵᠢᠯ  ᠳᠤ ᠪᠠᠨ ᠢᠩᠭᠢᠵᠦ ᠯᠠ ᠡᠭᠡᠯ  ᠳᠠᠷᠤᠤᠬᠠᠨ ᠵᠠᠩ ᠢᠶᠠᠷ ᠢᠶᠠᠨ ᠴᠤᠴᠠᠯᠲᠠ ᠦᠭᠡᠢ ᠵᠢᠳᠭᠦᠵᠦ᠂ ᠮᠠᠯᠴᠢᠨ ᠲᠦᠮᠡᠨ  ᠳᠤ ᠪᠠᠨ ᠭᠤᠶᠠᠴᠢ ᠦᠭᠡᠢ ᠦᠢᠯᠡᠴᠢᠯᠡᠭᠰᠡᠭᠡᠷ ᠢᠷᠡᠭᠰᠡᠨ ᠶᠤᠮ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号