ᠬᠠᠳᠤᠨ ᠲᠤᠩᠭᠠᠯᠠᠭ ᠭᠤᠤᠯ ᠭᠤᠷᠤᠬ᠎ᠠ ᠶᠢᠨ ᠤᠷᠤᠰᠬᠠᠯ ᠲᠡᠯᠡᠭᠳᠡᠵᠤ᠂ ᠬᠠᠭᠠᠨ ᠰᠦᠷᠯᠢᠭ ᠠᠭᠤᠯᠠᠰ ᠤᠨ | ᠲᠦᠰᠢᠭ ᠲᠠᠢ ᠨᠤᠳᠤᠭ ᠤᠷᠢᠨ ᠠᠮᠢᠰᠬᠤᠯ ᠢᠶᠠᠷ ᠰᠢᠮᠡᠵᠢᠬᠦ ᠨᠢ ᠬᠠᠪᠤᠷ ᠤᠨ ᠵᠢᠮ᠎ᠠ᠃ ᠬᠠᠨᠭ᠍ᠭᠠᠢ ᠨᠤᠳᠤᠭ ᠤᠨ | ᠬᠠᠮᠢᠭ᠎ᠠ ᠨᠢ ᠴᠦ ᠪᠤᠯᠤᠭ᠂ ᠡᠷᠳᠡᠨᠢᠳᠤ ᠲᠠᠪᠤᠨ ᠰᠦᠷᠦᠭ ᠤᠨ ᠡᠬᠡ ᠲᠦᠯ ᠤᠨ ᠡᠨᠡᠭᠰᠢᠯ᠂ ᠡᠵᠡᠨ ᠬᠦᠮᠦᠨ ᠤ ᠬᠢᠨᠢ | ᠡᠩᠬᠦᠷᠡᠶᠢᠯᠡᠯ ᠪᠠᠶᠠᠰᠤᠯ ᠲᠤᠳᠤᠷᠠᠬᠤ ᠨᠢ ᠬᠠᠪᠤᠷ ᠤᠨ ᠵᠢᠷᠤᠭ — ᠡᠨᠡ ᠪᠤᠯ ᠴᠡᠭᠡᠵᠢ ᠲᠦᠭᠦᠷᠡᠩ ᠢᠳᠡᠭᠡᠯ | ᠬᠦᠪᠤᠷᠡᠬᠦᠯᠬᠦ ᠬᠦᠳᠡᠭᠡ ᠶᠢᠨ ᠬᠠᠪᠤᠷ ᠶᠤᠮ︕ ᠡᠨᠡ ᠪᠤᠯ ᠢᠷᠡᠵᠤ ᠪᠤᠢ ᠴᠠᠭ ᠤᠨ ᠦᠡᠭᠭᠡ᠂ ᠨᠠᠭᠠᠰᠢᠯᠠᠨ | ᠨᠠᠭᠠᠰᠢᠯᠠᠬᠤ ᠦᠨᠳᠦᠷ ᠲᠡᠭᠷᠢ ᠶᠢᠨ ᠨᠠᠷᠠ ᠲᠠᠢ ᠤᠷᠤᠯᠳᠤᠨ ᠬᠦᠳᠡᠯᠮᠤᠷᠢᠯᠡᠵᠤ ᠶᠠᠪᠤᠭ᠎ᠠ ᠮᠠᠯᠴᠢᠨ ᠬᠦᠮᠦᠨ ᠤ | ᠬᠦᠳᠡᠯᠮᠤᠷᠢᠴᠢ ᠠᠯᠳᠠᠷ ᠢ ᠬᠠᠷᠠᠭᠤᠯᠬᠤ ᠵᠢᠯ ᠤᠨ ᠡᠬᠢᠯᠡᠯ ᠪᠠᠶᠢᠨᠠᠮ᠃ | ︽ᠦᠨᠤᠳᠤᠷ ᠮᠠᠯ ᠤᠨ ᠬᠦᠭ ᠡᠬᠢᠯᠡᠵᠤ ᠪᠠᠶᠢᠨ᠎ᠠ︾ ᠭᠡᠳ ᠮᠠᠯᠴᠢᠨ ᠬᠦᠮᠦᠨ ᠬᠤᠷᠠᠭᠠᠨ ᠤ ᠤᠭᠤᠳᠠ ᠪᠠᠨ | ᠬᠦᠵᠢ ᠰᠠᠩ ᠢᠶᠠᠷ ᠠᠷᠢᠭᠤᠯᠠᠵᠤ᠂ ᠰᠢᠷ᠎ᠠ ᠲᠤᠰᠤ ᠪᠠᠷ ᠮᠢᠯᠢᠶᠡᠨ᠂ ᠢᠷᠦᠭᠠᠷ ᠲᠤ ᠨᠢ ᠴᠡᠪᠡᠷᠭᠡᠨ ᠬᠦᠭᠡ ᠡᠪᠡᠰᠤ | ᠲᠠᠪᠢᠰᠴᠤ᠂ ᠳᠡᠭᠡᠷ᠎ᠠ ᠨᠢ ᠬᠤᠨᠤᠭ ᠪᠤᠳᠠᠭ᠎ᠠ ᠰᠠᠴᠤᠭᠠᠳ ︽ᠮᠢᠩᠭ᠎ᠠ ᠲᠦᠮᠡ ᠪᠤᠯ︕︾ ᠭᠡᠮᠡᠨ ᠲᠠᠪᠤᠨ ᠬᠤᠰᠢᠭᠤ | ᠮᠠᠯ ᠤᠨ ᠢᠶᠠᠨ ᠦᠨᠢᠷ ᠦᠰᠦᠯᠳᠡ ᠶᠢ ᠪᠡᠯᠭᠡᠳᠡᠭᠰᠡᠨ ᠢᠷᠤᠭᠡᠯ ᠤᠨ ᠦᠭᠡᠰ ᠢᠶᠠᠨ ᠭᠡᠯᠡᠵᠤ᠂ ᠤᠤᠭᠠᠨ ᠲᠦᠯ ᠢᠶᠠᠨ | ᠮᠡᠨᠳᠤ ᠲᠤᠰᠴᠤ ᠠᠪᠬᠤ ᠵᠢᠨᠲ᠋ᠤᠯᠠᠳᠠ ᠰᠦᠷᠦᠭ ᠤᠨ ᠢᠶᠠᠨ ᠠᠷᠤ ᠠᠴᠠ ᠪᠠᠶᠠᠷᠳᠠᠶᠢᠬᠠᠨ ᠠᠯᠬᠤᠳᠠᠭ᠃ ᠡᠨᠡ ᠡᠳᠦᠷ | ᠪᠤᠯ ᠮᠠᠯᠴᠢᠨ ᠬᠦᠮᠦᠨ ᠤ ᠬᠠᠪᠤᠷ ᠤᠨ ᠶᠠᠭᠠᠷᠠᠤ ᠠᠵᠢᠯ ᠤᠨ ᠬᠢᠨᠢ ᠡᠬᠢᠯᠡᠯ ᠪᠠᠶᠢᠵᠤ᠂ ᠪᠦᠳᠦᠨ ᠨᠦᠢᠷ ᠦᠭᠡᠢ | ᠰᠦᠨᠢ ᠶᠢ ᠬᠡᠴᠢᠨᠡᠨ ᠴᠦ ᠤᠳᠠᠭ᠎ᠠ ᠦᠡᠭᠭᠡᠷᠡᠬᠦᠯᠳᠡᠭ᠃ ︽ᠬᠦᠤ ᠮᠢᠨᠢ᠂ ᠬᠤᠨᠢᠨ ᠰᠦᠷᠦᠭ ᠤᠨ ᠢᠶᠠᠨ ᠰᠡᠬᠦᠯ ᠢ | ᠰᠠᠶᠢᠨ ᠠᠵᠢᠵᠤ ᠶᠠᠪᠤᠭᠠᠷᠠᠢ᠂ ᠬᠤᠷᠠᠭᠠᠯᠠᠭᠠᠳ ᠬᠤᠴᠤᠷᠴᠤ ᠮᠡᠳᠡᠨ᠎ᠠ᠂ ᠢᠮᠠᠭ᠎ᠠ ᠢᠰᠢᠭᠡᠯᠡᠬᠦ ᠨᠢ ᠪᠤᠯᠪᠠᠯ ᠮᠠᠶᠢᠯᠠᠭᠠᠳ | ᠮᠡᠳᠡᠭᠳᠡᠳᠡᠭ ᠶᠤᠮ︾ ᠭᠡᠵᠤ ᠨᠠᠮᠠᠢᠢ ᠪᠠᠭ᠎ᠠ ᠪᠠᠶᠢᠬᠤ ᠳᠤ ᠠᠪᠤ ᠡᠵᠢ ᠮᠢᠨᠢ ᠢᠡᠭᠬᠢᠵᠤ ᠵᠠᠬᠢᠭᠠᠳ ᠬᠤᠷᠠᠭᠠᠯᠠᠵᠤ | ᠢᠰᠢᠭᠡᠯᠡᠬᠦ ᠤᠶᠢᠷᠠᠳᠤᠭᠰᠠᠨ ᠬᠤᠨᠢ ᠢᠮᠠᠭᠠᠳ ᠢ ᠤᠶᠢᠷᠠᠬᠠᠨ ᠡᠷᠬᠢᠴᠡᠬᠦᠯᠬᠦ ᠠᠵᠢᠯ ᠢ ᠳᠠᠭᠠᠭᠠᠯᠭᠠᠳᠠᠭ᠃ ᠶᠠᠷᠤᠨᠢ | ᠮᠠᠯᠴᠢᠨ ᠠᠪᠤ ᠡᠵᠢ ᠨᠠᠷ ᠭᠡᠤᠭᠡᠳ ᠤᠳ ᠢᠶᠠᠨ ᠢᠡᠭᠬᠢᠵᠤ ᠮᠠᠯ ᠤᠨ ᠵᠠᠬ᠎ᠠ ᠪᠠᠷ ᠶᠠᠪᠤᠭᠤᠯᠵᠤ᠂ ᠮᠠᠯ ᠬᠠᠷᠢᠭᠤᠯᠬᠤ ᠡᠪ | ᠲᠡᠮ ᠢ ᠨᠢᠯᠬ᠎ᠠ ᠤᠬᠠᠭᠠᠨ ᠳᠤ ᠨᠢ ᠰᠠᠭᠤᠯᠭᠠᠵᠤ ᠦᠭᠳᠡᠭ ᠪᠠᠶᠢᠵᠠᠢ᠃ | ᠮᠠᠯᠴᠢᠨ ᠪᠦᠰᠡᠬᠦᠢ ᠦᠷᠯᠦᠭᠡᠬᠦᠷ ᠪᠤᠰᠴᠤ᠂ ᠶᠠᠭᠤᠮ᠎ᠠ ᠶᠠᠭᠤᠮᠠᠨ ᠠᠴᠠ ᠤᠷᠢᠳᠡᠪᠡᠷ ᠬᠤᠳᠡ ᠪᠠᠨ ᠡᠷᠬᠢᠵᠤ | ᠦᠵᠡᠬᠦ ᠳᠤ ᠲᠠᠪᠠᠳᠠᠢ ᠬᠡᠪᠳᠡᠬᠦ ᠬᠤᠨᠢᠳ ᠤᠨ ᠵᠠᠪᠰᠠᠷ ᠠᠴᠠ ᠵᠢᠭᠠᠬᠠᠨ ᠲᠤᠯᠤᠭᠠᠢ ᠨᠤᠭᠤᠳ ᠱᠤᠪᠤᠯᠵᠠᠬᠤ ᠶᠢ ᠤᠯᠵᠤ | ᠬᠠᠷᠠᠮᠠᠭᠴᠠ ᠦᠪᠡᠷ ᠤᠨ ᠡᠷᠬᠡ ᠦᠭᠡᠢ ᠪᠠᠶᠠᠷᠯᠠᠵᠤ᠄ ︽ᠦ᠂ ᠶᠠᠭᠠᠬᠢᠭᠰᠠᠨ ᠭᠦᠭᠡᠢ ᠠᠮᠢᠳᠠᠨ ᠪᠤᠢ᠂ ᠭᠡᠵᠢᠶ᠎ᠠ | ᠭᠠᠷᠴᠢᠬᠠᠵᠤ ᠪᠤᠢ᠂ ᠦᠰᠦ ᠨᠢ ᠪᠤᠷᠵᠠᠶᠢᠭᠠᠳ᠂ ᠰᠡᠬᠦᠯ ᠨᠢ ᠪᠠᠨᠳᠠᠶᠢᠭᠠᠳ ᠁ ᠲᠠᠨ ᠤ ᠭᠡᠳᠦ ᠶᠢᠨ ᠭᠡᠨ ᠨᠢ | ᠤᠷᠢᠳᠠᠪᠡᠷ ᠭᠠᠷᠤᠭᠰᠠᠨ ᠪᠤᠢ᠂ ᠡᠨᠡ ᠨᠢ ᠦᠰᠦ ᠨᠢ ᠠᠷᠠᠢ ᠬᠠᠳᠠᠴᠢᠬᠠᠭᠰᠠᠨ ᠪᠠᠶᠢᠨ᠎ᠠ᠂ ᠦᠵᠡᠶ᠎ᠠ᠂ ᠡᠷ᠎ᠠ ᠤᠤ ᠦᠬᠢᠨ | ᠤᠤ︖︾ ᠭᠡᠳ ᠲᠠᠪᠠᠷᠢᠵᠤ ᠠᠪᠤᠭᠠᠳ ᠬᠤᠨᠭ᠍ᠰᠢᠶᠠᠷ ᠬᠠᠮᠠᠷ ᠢ ᠨᠢ ᠦᠨᠤᠷᠯᠠᠵᠤ᠂ ︽ᠡᠬᠡ ᠪᠠᠨ ᠬᠦᠬᠦᠴᠢᠭᠡᠭᠰᠡᠨ | ᠪᠠᠶᠢᠨ᠎ᠠ︾ ᠭᠡᠵᠤ ᠲᠤᠯᠤᠭᠠᠢ ᠶᠢ ᠨᠢ ᠢᠯᠢᠵᠤ ᠢᠯᠢᠭᠡᠳ ᠡᠬᠡ ᠳᠤᠨᠢ ᠤᠶᠢᠷᠠᠳᠤᠭᠤᠯᠵᠤ ᠲᠠᠯᠪᠢᠨ᠎ᠠ᠃ ᠢᠡᠭᠬᠢᠬᠦ ᠳᠤ | ᠬᠤᠯᠠ ᠶᠢᠨ ᠪᠡᠯᠴᠢᠭᠡᠷ ᠲᠤ ᠪᠠᠶᠢᠭ᠎ᠠ ᠠᠳᠤᠭᠤ ᠲᠡᠮᠡᠭᠡ ᠪᠠᠨ ᠡᠷᠬᠢᠵᠤ ᠦᠵᠡᠬᠦ ᠪᠠᠷ ᠡᠷᠳᠡ ᠭᠠᠷᠴᠤ ᠲᠠᠪᠬᠢᠭᠰᠠᠨ | ᠭᠡᠷ ᠤᠨ ᠡᠵᠡᠨ ᠪᠤᠴᠠᠵᠤ ᠢᠷᠡᠬᠦ ᠨᠢ ᠲᠠᠭᠠᠷᠠᠯᠳᠤᠵᠤ᠂ ᠡᠵᠡᠨ ᠡᠵᠡᠭᠳᠡᠢ ᠬᠤᠶᠠᠷ ᠦᠭᠡᠳᠡ ᠦᠭᠡᠳᠡ ᠠᠴᠠ ᠪᠠᠨ ︽ᠵᠠ | ᠪᠤᠳᠤᠭᠤᠯᠠᠵᠤ ᠤᠤ︖ ᠤᠨᠠᠭᠠᠯᠠᠵᠤ ᠤᠤ︖ ᠬᠤᠷᠠᠭᠠᠯᠠᠵᠤ ᠤᠤ︖ ᠲᠤᠭᠤᠯᠯᠠᠵᠤ ᠤᠤ︖︾ ᠭᠡᠵᠤ | ᠠᠰᠠᠭᠤᠯᠴᠠᠨ᠂ ︽ᠪᠤᠷᠤ ᠢᠡᠭᠭᠡ ᠰᠢᠷ᠎ᠠ ᠬᠦᠯᠢᠶᠡᠨ ᠤ ᠪᠠᠷᠠᠭᠤᠨ ᠳᠡᠭᠡᠷ᠎ᠠ ᠪᠤᠳᠤᠭᠤᠯᠠᠴᠢᠬᠠᠵᠢ︾᠂ ︽ᠬᠦᠭᠰᠢᠨ | ᠰᠢᠷᠭ᠎ᠠ ᠭᠡᠬᠦᠤ ᠠᠴᠠ ᠰᠠᠶᠢᠬᠠᠨ ᠠᠯᠠᠭ ᠤᠨᠠᠭ᠎ᠠ ᠭᠠᠷᠴᠠᠢ︾᠂ ︽ᠦ᠂ ᠤᠷᠢᠳᠤ ᠰᠦᠨᠢ ᠲᠠᠪᠤ ᠬᠤᠷᠠᠭᠠᠯᠠᠭᠰᠠᠨ | ᠪᠠᠶᠢᠨ᠎ᠠ ᠰᠢᠤ᠂ ᠤᠳᠤ ᠴᠦ ᠵᠠᠯᠭᠠᠭᠠᠳ ᠬᠦᠢᠯᠡᠨᠠ ᠳ᠋ᠡ ᠁︾᠂ ︽ᠵᠢᠭᠠᠬᠠᠨ ᠠᠯᠠᠭ ᠦᠨᠢᠶ᠎ᠠ ᠦᠨᠤ | ᠤᠷᠤᠢ ᠠᠴᠠ ᠭᠡᠳᠦᠷᠡᠬᠦ ᠦᠭᠡᠢ ᠪᠠᠶᠢᠬ᠎ᠠ︾ ᠭᠡᠵᠤ ᠶᠠᠷᠢᠯᠴᠠᠭᠰᠠᠭᠠᠷ ᠭᠡᠷ ᠲᠤ ᠪᠠᠨ ᠤᠷᠤᠨ᠎ᠠ᠃ ᠡᠨᠡ ᠪᠤᠯ ᠮᠠᠯᠴᠢᠨ | ᠬᠦᠮᠦᠨ ᠤ ᠬᠠᠪᠤᠷ ᠤᠨ ᠪᠠᠶᠠᠷ᠂ ᠲᠡᠳᠡ ᠰᠦᠷᠦᠭ ᠰᠦ᠋ᠷᠦᠭ ᠤᠨ ᠢᠶᠠᠨ ᠤᠤᠭᠠᠨ ᠲᠦᠯ ᠢ ᠮᠡᠨᠳᠤ ᠲᠤᠰᠤᠭᠰᠠᠨ ᠢᠢᠨᠨ | ᠶᠡᠬᠡᠯ᠎ᠡ ᠪᠡᠯᠭᠡᠰᠢᠶᠡᠵᠤ᠂ ᠰᠡᠳᠬᠢᠯ ᠤᠨ ᠤᠭ ᠠᠴᠠ ᠪᠠᠨ ᠪᠠᠶᠠᠷᠯᠠᠵᠠᠭᠠᠨ᠂ ᠤᠷᠮ᠎ᠠ ᠪᠠᠨ ᠳᠠᠶᠢᠴᠢᠯᠠᠨ ᠠᠵᠢᠯᠯᠬᠠᠤ | ᠢᠳᠡᠭᠡᠯ ᠵᠤᠷᠢᠭ ᠨᠢ ᠡᠷᠴᠢᠯᠡᠭᠳᠡᠳᠡᠭ᠃ | ︽ᠨᠢᠯᠬ᠎ᠠ ᠪᠤᠳᠤᠭᠤ ᠮᠢᠨᠢ ᠪᠡᠭᠡᠷᠡᠴᠢᠭᠡᠬᠦ ᠪᠤᠢ︾ ᠭᠡᠮᠡᠨ ᠰᠠᠨᠠᠭᠠᠰᠢᠷᠠᠵᠤ ᠨᠡᠮᠨᠡᠨᠠ᠂ ︽ᠨᠢᠯᠬ᠎ᠠ ᠲᠤᠭᠤᠯ ᠮᠢᠨᠢ | ᠵᠢᠩᠬᠢᠨᠡᠴᠢᠭᠡᠬᠦ ᠪᠤᠢ︾ ᠭᠡᠮᠡᠨ ᠬᠢᠴᠢᠶᠡᠵᠤ᠂ ᠨᠢᠷᠤᠭᠤ ᠭᠡᠳᠡᠰᠤᠨ ᠠᠴᠠ ᠨᠢ ᠲᠤᠯᠠᠭᠠᠯᠠᠨ᠎ᠠ᠂ ᠢᠭᠡᠷᠠ ᠶᠢᠨ | ᠦᠷᠦᠭᠡᠰᠤᠨ ᠢᠶᠠᠨ ᠬᠠᠯᠠᠭᠤᠬᠠᠨ ᠰᠦ ᠪᠠᠷ ᠤᠭᠵᠢᠵᠤ ᠦᠯᠦᠰᠭᠡᠬᠦ ᠦᠭᠡᠢ ᠬᠦᠷᠤᠪᠡᠵᠢᠬᠦᠯᠦᠨᠠ ᠁ ᠡᠨᠡ ᠨᠢ ᠴᠦ | ᠬᠦᠭᠡᠷᠦᠬᠦᠨ᠂ ᠲᠡᠷᠡ ᠨᠢ ᠴᠦ ᠬᠦᠭᠡᠷᠦᠬᠦᠨ᠂ ᠨᠢᠯᠬ᠎ᠠ ᠠᠮᠢᠳᠠᠳ ᠤᠨ ᠢᠶᠠᠨ ᠭᠠᠷᠭᠠᠬᠤ ᠶᠠᠩᠵᠤ ᠶᠠᠩᠵᠤ ᠶᠢᠨ | ᠠᠭᠠᠰᠢ ᠠᠪᠤᠷᠢ ᠶᠢ ᠬᠠᠷᠠᠪᠠᠯ ᠶᠠᠭᠠᠷᠠᠭᠰᠠᠨ ᠴᠦ ᠪᠠᠶᠢᠭ᠂ ᠶᠠᠳᠠᠷᠠᠭᠰᠠᠨ ᠴᠦ ᠪᠠᠶᠢᠭ᠂ ᠦᠪᠡᠷ ᠤᠨ ᠡᠷᠬᠡ ᠦᠭᠡᠢ | ᠰᠡᠳᠬᠢᠯ ᠰᠠᠨᠠᠭ᠎ᠠ ᠨᠢ ᠰᠡᠷᠬᠦᠵᠤ ᠪᠠᠶᠠᠰᠳᠠᠭ᠂ ᠮᠠᠯᠴᠢᠨ ᠬᠦᠮᠦᠨ ᠤ ᠬᠠᠪᠤᠷ ᠤᠨ ᠶᠠᠳᠠᠷᠠᠭ᠎ᠠ ᠶᠢ ᠮᠠᠯ ᠨᠢ ᠬᠦᠷᠳᠡᠯ᠎ᠠ | ᠬᠦᠭᠡᠷᠦᠬᠦᠢ ᠲᠠᠶᠢᠯᠬᠤ ᠶᠤᠮ ᠳᠠ᠃ ᠲᠡᠳᠡ ᠢᠡᠭᠬᠢᠵᠤ ᠶᠠᠳᠠᠷᠠᠵᠤ ᠶᠠᠭᠠᠷᠠᠵᠤ ᠬᠦᠳᠡᠯᠮᠤᠷᠢᠯᠡᠭᠰᠡᠨ ᠤ ᠠᠴᠢ ᠪᠠᠷ | ᠬᠠᠮᠤᠭ ᠨᠤᠳᠤᠭ ᠤᠨ ᠮᠠᠯᠴᠢᠨ ᠤ ᠬᠤᠳᠠ ᠲᠦᠭᠦᠷᠭᠡᠭᠰᠡᠨ ᠬᠤᠷᠠᠭ᠎ᠠ ᠢᠰᠢᠭᠡᠳ ᠤᠨ ᠮᠠᠶᠢᠯᠠᠭᠠᠨ᠂ ᠬᠦᠭᠡᠷᠦᠬᠦᠨ | ᠲᠤᠭᠤᠯ ᠤᠨ ᠮᠦᠭᠡᠷᠡᠭᠡᠨ᠂ ᠪᠤᠱᠢᠭᠤ ᠲᠡᠩᠴᠡᠭᠰᠡᠨ ᠤᠨᠠᠭᠠᠳ ᠤᠨ ᠦᠤᠷᠰᠡᠭᠡ᠂ ᠪᠤᠷᠤ ᠨᠢᠳᠤᠨ ᠪᠤᠳᠤᠭᠤᠳ ᠤᠨ | ᠪᠤᠶᠢᠯᠠᠭᠠᠨ ᠨᠡᠶᠢᠯᠡᠭᠡᠳ ᠬᠠᠨᠭ᠍ᠭᠠᠢ ᠳᠡᠯᠡᠭᠡᠢ ᠶᠢ ᠡᠬᠡᠰᠢᠭᠯᠡᠬᠦ ᠶᠡᠭᠡ ᠨᠠᠶᠢᠷᠠᠯ ᠬᠦᠭᠵᠢᠮ ᠪᠤᠯᠵᠥ᠂ ᠰᠢᠷᠭᠠᠭᠤ | ᠬᠦᠳᠡᠯᠮᠤᠷᠢᠯᠡᠭᠰᠡᠨ ᠮᠠᠯᠴᠢᠳ ᠤᠨ ᠠᠮᠵᠢᠯᠳᠠ ᠪᠦᠳᠦᠮᠵᠢ ᠶᠢ ᠬᠠᠷᠠᠭᠤᠯᠤᠭᠰᠠᠨ ᠪᠠᠶᠠᠷ ᠤᠨ ᠤᠶ᠋ᠨᠩᠭᠠ ᠪᠤᠯᠳᠠᠭ ᠳᠠ᠃᠁ | ᠡᠷᠬᠢᠬᠦ ᠤᠷᠴᠢᠯᠡᠩ ᠤᠨ ᠤᠯᠠᠷᠢᠯ ᠤᠨ ᠵᠢᠮ᠎ᠠ ᠶᠢ ᠳᠠᠭᠠᠵᠤ᠂ ᠡᠷᠳᠡᠨᠢᠳᠤ ᠮᠠᠯ ᠰᠦᠷᠦᠭ ᠢᠶᠠᠨ ᠦᠰᠭᠡᠵᠤ | ᠦᠷᠡᠵᠢᠬᠦᠯᠵᠤ ᠶᠠᠪᠤᠳᠠᠭ ᠨᠠᠷᠠᠨ ᠤ ᠪᠤᠷᠤ ᠮᠠᠯᠴᠢᠳ ᠤᠨ ᠮᠢᠨᠢ ᠬᠦᠳᠡᠯᠮᠤᠷᠢᠴᠢ ᠠᠯᠳᠠᠷ ᠡᠨᠡᠭᠡᠨ ᠢᠶᠠᠷ ᠵᠤᠭᠰᠤᠰᠢ | ᠦᠭᠡᠢ᠃ ᠦᠷᠯᠦᠭᠡ ᠦᠳᠡᠰᠢ ᠶᠢᠨ ᠬᠤᠭᠤᠷᠤᠨᠳᠤ ᠬᠡᠳᠦ ᠬᠤᠪᠢᠷᠠᠵᠤ ᠵᠠᠪᠳᠤᠬᠤ ᠬᠠᠪᠤᠷ ᠤᠨ ᠵᠢᠪᠡᠬᠦᠨ ᠵᠢᠪᠡᠷ᠂ | ᠬᠠᠪᠤᠷ ᠤᠨ ᠬᠦᠢᠳᠡᠨ ᠴᠢᠬᠢᠭ᠂ ᠬᠠᠪᠤᠷ ᠤᠨ ᠰᠠᠯᠬᠢᠨ ᠰᠢᠭᠤᠷᠭ᠎ᠠ ᠠᠴᠠ ᠭᠡᠳᠦᠨ ᠮᠠᠯ ᠢᠶᠠᠨ ᠬᠠᠮᠠᠭᠠᠯᠠᠵᠤ᠂ ᠮᠡᠨᠳᠤ | ᠠᠪᠴᠤ ᠤᠨᠳᠤᠷᠤᠭᠤᠯᠤᠭᠰᠠᠨ ᠠᠯᠳᠠᠷ ᠨᠢ ᠮᠠᠯᠴᠢᠨ ᠬᠦᠮᠦᠨ ᠤ ᠬᠠᠮᠤᠭ ᠠᠯᠳᠠᠷ ᠤᠨ ᠬᠢᠨᠢ ᠡᠬᠢᠯᠡᠯ ᠪᠠᠶᠢᠨᠠᠮ᠂ | ᠬᠠᠪᠤᠷ ᠤᠨ ᠠᠯᠳᠠᠷ ᠪᠤᠯᠤᠨᠠᠮ᠃ |