|
 |
|
ᠨᠡᠶᠢᠲᠡᠯᠡᠭᠰᠡᠨ ᠴᠠᠭ᠄
2025/3/25
|
|
ᠬᠠᠪᠤᠷ ᠤᠨ ᠨᠠᠶᠢᠷᠠᠭ | ᠪᠤᠭᠤᠴᠢᠨ ᠲ᠊ · ᠡᠷᠳᠡᠨᠢᠪᠢᠯᠢᠭ | ᠮᠦᠩᠭᠦᠨ ᠡᠪᠦᠯ ᠢᠶᠠᠷ | ᠴᠠᠢ ᠠᠶᠠᠭᠠᠯᠠᠵᠤ | ᠬᠠᠪᠤᠷ ᠢ ᠠᠮᠰᠠᠵᠤ | ᠰᠠᠭᠤᠬᠤ ᠳᠤ | ᠮᠢᠷᠠᠯᠵᠠᠬᠤ ᠵᠡᠷᠭᠡᠯᠭᠡᠨ | ᠰᠦᠮᠡᠯᠵᠡᠬᠦ ᠠᠭᠤᠯᠠᠰ | ᠨᠤᠳᠤᠭ ᠤᠨ ᠮᠢᠨᠢ | ᠬᠠᠪᠤᠷ ᠤᠨ ᠨᠠᠶᠢᠷᠠᠭ | ᠤᠷᠢᠬᠠᠨ ᠰᠠᠯᠬᠢᠨ ᠳᠤ | ᠰᠡᠮᠡᠷᠡᠭᠰᠡᠨ ᠴᠠᠰᠤ | ᠠᠯᠢᠪᠠ ᠶᠢ ᠪᠠᠶᠠᠰᠬᠠᠬᠤ | ᠬᠠᠪᠤᠷ ᠤᠨ ᠨᠠᠶᠢᠷᠠᠭ | ᠲᠡᠨᠵᠢ ᠪᠠᠷ ᠲᠤᠭᠯᠠᠭᠰᠠᠨ | ᠲᠦᠯ ᠤᠨ ᠲᠠᠭᠤᠣ | ᠲᠤᠶᠢᠭ ᠤᠨ ᠠᠶᠠᠯᠭᠤ | ᠬᠠᠪᠤᠷ ᠤᠨ ᠨᠠᠶᠢᠷᠠᠭ | ᠭᠠᠯᠠᠭᠤᠳ ᠤᠨ ᠭᠠᠩᠭᠠᠨᠠᠭ᠎ᠠ | ᠪᠤᠯᠵᠤᠮᠤᠷ ᠤᠨ ᠵᠢᠷᠭᠢᠭᠡ | ᠪᠤᠳᠤᠯ ᠳᠤ ᠬᠦᠪᠦᠷᠡᠭᠰᠡᠨ | ᠬᠠᠪᠤᠷ ᠤᠨ ᠨᠠᠶᠢᠷᠠᠭ | ᠤᠯᠠᠷᠢᠯ ᠤᠨ ᠲᠦᠷᠦᠭᠦᠤ ᠪᠠᠨ | ᠰᠦ ᠪᠠᠷ ᠮᠢᠯᠢᠶᠠᠭᠰᠠᠨ | ᠮᠠᠯᠴᠢᠨ ᠲᠦᠮᠡᠨ ᠤ | ᠬᠠᠪᠤᠷ ᠤᠨ ᠨᠠᠶᠢᠷᠠᠭ | ᠠᠪᠤ ᠪᠠᠨ ᠦᠭᠡᠶᠢᠯᠡᠵᠦ | ᠡᠵᠢ ᠪᠠᠨ ᠪᠤᠳᠤᠭᠰᠠᠨ | ᠮᠦᠷᠦᠭᠡᠳᠦᠯ ᠤᠨ ᠨᠢᠯᠪᠤᠰᠤ | ᠬᠠᠪᠤᠷ ᠤᠨ ᠨᠠᠶᠢᠷᠠᠭ | ᠡᠷᠳᠡᠮ ᠢ ᠰᠤᠷᠬᠤ ᠪᠠᠷ | ᠠᠯᠤᠰ ᠢ ᠵᠤᠷᠢᠭᠰᠠᠨ | ᠭᠡᠥᠭᠡᠳ ᠤᠨ ᠬᠦᠰᠡᠯᠡᠩ | ᠬᠠᠪᠤᠷ ᠤᠨ ᠨᠠᠶᠢᠷᠠᠭ ᠡ︕ | |
|
|
 |
|
ᠢᠷᠡᠯᠲᠡ᠄
ᠰᠢᠯᠢ ᠶᠢᠨ ᠭᠤᠤᠯ ᠤᠨ ᠮᠤᠩᠭᠤᠯ ᠰᠤᠨᠢᠨ
|
|
|
|
|
ᠬᠠᠮᠢᠶ᠎ᠡ ᠪᠦᠬᠦᠢ ᠰᠣᠨᠢᠨ
|
|
 |
|
 |
|