ᠵᠣᠯ ᠵᠢᠷᠭᠠᠯ | ᠡᠪᠡᠰᠥᠨ ᠤ ᠨᠠᠮᠠᠭᠠᠨ ᠳᠤ ᠪᠥᠮᠪᠦᠭᠡᠨᠡᠵᠤ ᠪᠠᠶᠢᠪᠡ | ᠰᠢᠬᠦᠳᠡᠷᠢ ᠬᠠᠷᠢᠨ ᠲᠡᠭᠦᠨ ᠤ ᠨᠥᠭᠦᠭᠡ ᠨᠡᠷ᠎ᠡ ᠨᠢ ᠪᠠᠶᠢᠯ᠎ᠠ | ᠵᠣᠯ ᠵᠢᠷᠭᠠᠯ ᠬᠡᠣᠭᠡᠨ ᠤ ᠬᠠᠴᠠᠷ ᠲᠤ ᠶᠠᠭᠠᠷᠠᠵᠥ ᠪᠠᠶᠢᠪᠡ | ᠥᠨᠣᠰᠣᠯᠳᠠ ᠬᠠᠷᠢᠨ ᠲᠡᠭᠦᠨ ᠤ ᠲᠡᠭᠦᠰᠭᠡᠯ ᠤᠨ ᠴᠢᠭ ᠪᠠᠶᠢᠯ᠎ᠠ | ᠵᠣᠯ ᠵᠢᠷᠭᠠᠯ | ᠰᠢᠪᠠᠭᠤᠨ ᠤ ᠵᠢᠷᠬᠢᠭᠡ ᠲᠠᠢ ᠣᠶᠠᠩᠭᠠᠷᠠᠵᠥ ᠪᠠᠶᠢᠯ᠎ᠠ | ᠮᠣᠣᠷ ᠬᠠᠷᠢᠨ ᠲᠡᠭᠦᠨ ᠳᠤ | ᠰᠡᠮᠡᠭᠡᠷ ᠮᠢᠷᠢᠶᠠᠵᠥ ᠪᠠᠶᠢᠯ᠎ᠠ | ᠵᠣᠯ ᠵᠢᠷᠭᠠᠯ | ᠬᠤᠷᠠᠭᠠᠨ ᠤ ᠮᠠᠶᠢᠯᠠᠭ᠎ᠠ ᠲᠠᠢ ᠬᠤᠣᠰᠯᠠᠵᠥ ᠪᠠᠶᠢᠯ᠎ᠠ | ᠴᠢᠨ᠋ᠸ᠎ᠠ ᠬᠠᠷᠢᠨ ᠲᠡᠭᠦᠨ ᠢ ᠢᠳᠡᠭᠦ ᠪᠠᠷ ᠪᠡᠯᠡᠥᠨᠬᠡᠵᠥ ᠪᠠᠶᠢᠯ᠎ᠠ | ᠵᠣᠯ ᠵᠢᠷᠭᠠᠯ | ᠨᠠᠷᠠᠰᠥᠨ ᠤ ᠨᠠᠮᠠᠭ᠎ᠠ ᠪᠠᠶᠢᠯ᠎ᠠ | ᠡᠪᠣᠯ ᠬᠠᠷᠢᠨ ᠲᠡᠭᠦᠨ ᠢ ᠭᠥᠯᠳᠡᠭᠡᠭᠦ ᠪᠠᠷ ᠭᠤᠷᠢᠳᠠᠵᠥ ᠪᠠᠶᠢᠯ᠎ᠠ | ᠵᠣᠯ ᠵᠢᠷᠭᠠᠯ | ᠮᠠᠨᠳᠠᠷᠠᠸ᠎ᠠ ᠴᠡᠴᠡᠭ ᠤᠨ ᠥᠨᠳᠣᠰᠥ ᠪᠠᠶᠢᠯ᠎ᠠ | ᠰᠠᠯᠬᠢ ᠲᠡᠭᠦᠨ ᠢ ᠣᠷᠭᠤᠭᠤᠯᠬᠤ ᠥᠭᠡᠢ ᠪᠠᠷ ᠰᠠᠨᠠᠵᠥ ᠪᠠᠶᠢᠯ᠎ᠠ | ᠵᠣᠯ ᠵᠢᠷᠭᠠᠯ | ᠪᠡᠷᠢ ᠴᠡᠴᠡᠭ ᠤᠨ ᠴᠣᠮᠣᠷᠯᠢᠭ ᠪᠠᠶᠢᠯ᠎ᠠ | ᠮᠥᠨᠳᠣᠷ ᠬᠠᠷᠢᠨ ᠲᠡᠭᠦᠨ ᠢ | ᠥᠷᠡᠯᠡᠭᠦᠯᠭᠦ ᠥᠭᠡᠢ ᠭᠥᠰᠡᠯ ᠲᠠᠢ ᠪᠠᠶᠢᠯ᠎ᠠ | ᠵᠣᠯ ᠵᠢᠷᠭᠠᠯ | ᠪᠣᠯᠪᠠᠰᠣᠷᠠᠵᠥ ᠭᠥᠢᠴᠡᠭᠰᠡᠡ ᠣᠯᠠᠭᠠᠨ᠎ᠠ ᠪᠠᠶᠢᠯ᠎ᠠ | ᠭᠥᠷᠳᠥ ᠬᠠᠷᠢᠨ ᠲᠡᠭᠦᠨ ᠢ | ᠨᠠᠶᠢᠷ ᠥᠭᠡᠢ ᠨᠢᠴᠠᠯᠵᠥ ᠪᠠᠶᠢᠯ᠎ᠠ | ᠵᠣᠯ ᠵᠢᠷᠭᠠᠯ | ᠵᠣᠪᠠᠯᠠᠩ ᠦᠵᠡᠭᠰᠡᠨ ᠵᠣᠷ ᠪᠠᠶᠢᠵᠠᠢ | ᠵᠣᠷᠢᠯᠭ᠎ᠠ ᠬᠠᠷᠢᠨ ᠲᠡᠭᠦᠨ ᠤ ᠵᠣᠬᠰᠤᠭ᠎ᠠ ᠥᠭᠡᠢ | ᠬᠠᠷᠠᠯᠳᠠ ᠪᠠᠶᠢᠵᠠᠢ | ᠵᠣᠯ ᠵᠢᠷᠭᠠᠯ | ᠭᠥᠳᠡᠯᠮᠣᠷᠢ ᠶᠢᠨ ᠨᠠᠨᠳᠢᠨ ᠪᠥᠳᠣᠭᠡᠯ ᠪᠠᠶᠢᠵᠠᠢ | ᠭᠥᠮᠥᠰ ᠬᠠᠷᠢᠨ ᠲᠡᠭᠦᠨ ᠤ | ᠬᠠᠮᠤᠭ ᠡᠴᠥᠰ ᠤᠨ ᠡᠵᠡᠨ ᠨᠢ ᠪᠠᠶᠢᠵᠠᠢ᠃ | |