ᠬᠠᠷᠢ ᠣᠷᠣᠨ ᠠᠴᠠ ᠬᠠᠷᠢᠵᠤ ᠢᠷᠡᠬᠦ ᠥᠬᠢᠨ ᠢᠶᠠᠨ ᠲᠣᠰᠬᠤ ᠬᠡᠮᠡᠨ ᠪᠠᠶᠠᠷᠯᠠᠭᠰᠠᠨ ᠠᠴᠠ ᠪᠣᠯᠵᠤ | ᠥᠴᠥᠭᠡᠳᠦᠷ ᠰᠥᠨᠢ ᠨᠣᠶᠢᠷ ᠮᠠᠭᠤᠲᠠᠢ ᠤᠨᠲᠠᠵᠠᠢ᠃ ᠥᠷᠯᠥᠭᠡ ᠶᠢᠨ ᠴᠠᠢ ᠪᠠᠨ ᠭᠡᠳᠦ ᠣᠭᠤᠴᠢᠮᠠᠭᠴᠠ ᠮᠠᠰᠢᠨ ᠢᠶᠠᠨ | ᠭᠠᠯᠯᠠᠵᠤ ᠤᠯᠢᠶᠠᠰᠤᠲᠠᠢ ᠠᠴᠠ ᠰᠢᠯᠢᠩᠬᠤᠲᠠ ᠬᠦᠷᠬᠦ ᠵᠠᠮ ᠢᠶᠠᠷ ᠭᠤᠶᠠᠳᠠᠭᠤᠯᠤᠯᠠ᠂ ᠵᠢᠭᠠᠬᠠᠨ ᠨᠣᠶᠢᠷ ᠬᠦᠷᠬᠦ ᠰᠢᠭ | ᠪᠣᠯᠬᠤᠯᠠᠷ ᠨᠢ ᠵᠠᠮ ᠤᠨ ᠬᠠᠵᠠᠭᠤ ᠶᠢᠨ ᠡᠪᠲᠡᠢ ᠭᠠᠵᠠᠷ ᠢ ᠰᠣᠩᠭᠤᠨ ᠲᠡᠷᠭᠡ ᠪᠠᠨ ᠵᠣᠭᠰᠣᠭᠠᠭᠠᠳ ᠰᠠᠯᠬᠢ ᠦᠵᠡᠵᠦ | ᠲᠠᠷᠢᠬᠢ ᠲᠣᠯᠣᠭᠠᠢ ᠪᠠᠨ ᠰᠡᠷᠭᠦᠭᠡᠬᠦ ᠶᠢ ᠰᠠᠨᠠᠵᠤ ᠭᠠᠳᠠᠨ᠎ᠠ ᠭᠠᠷᠪᠠ᠃ | ᠡᠷᠲᠡ ᠨᠠᠮᠤᠷ ᠤᠨ ᠰᠠᠯᠬᠢ ᠡᠩᠭᠡᠯᠵᠡᠭᠦᠷ ᠥᠭᠡᠳᠡ ᠦᠶ᠎ᠡ ᠦᠶ᠎ᠡ ᠰᠡᠶᠢᠭᠡᠨ ᠦᠯᠢᠶᠡᠭᠰᠡᠨ ᠰᠡᠷᠢᠭᠦᠨ | ᠲᠠᠭᠠᠯᠠᠮᠵᠢᠲᠠᠢ ᠠᠮᠢᠰᠬᠤᠯ ᠳᠤᠮᠳᠠ ᠪᠢ ᠤᠳᠠᠲᠠᠯ᠎ᠠ ᠵᠣᠭᠰᠣᠯ᠎ᠠ᠃ ᠲᠡᠭᠷᠢ ᠶᠢᠨ ᠬᠠᠶᠠᠭᠠᠨ ᠳᠤ ᠠᠭᠤᠯᠠᠰ ᠤᠨ ᠪᠠᠷ᠎ᠠ | ᠴᠡᠩᠬᠡᠷᠯᠡᠵᠦ ᠪᠢᠴᠢᠭ ᠱᠠᠭᠠᠶᠢᠵᠤ ᠴᠢᠯᠡᠭᠰᠡᠨ ᠬᠠᠷᠠᠯᠭᠠᠨ ᠮᠠᠭᠤ ᠨᠢᠳᠦ ᠶᠢ ᠮᠢᠨᠢ ᠠᠮᠠᠷᠠᠭᠠᠬᠤ ᠭᠡᠰᠡᠨ ᠮᠡᠲᠦ | ᠬᠤᠯᠠ ᠶᠢᠨ ᠬᠤᠯᠠ ᠳᠤ ᠬᠥᠬᠡᠷᠡᠨ᠎ᠡ᠃ ᠡᠪᠡᠰᠦᠨ ᠤ ᠬᠢᠨᠢ ᠦᠵᠦᠭᠦᠷ ᠲᠤ ᠨᠠᠮᠤᠷ ᠤᠨ ᠪᠤᠳᠤᠭ ᠶᠠᠯᠢᠮ ᠦᠭᠡᠢ | ᠰᠠᠭᠤᠭᠰᠠᠨ ᠠᠭᠤᠳᠠᠮ ᠶᠡᠭᠡ ᠦᠵᠦᠮᠦᠴᠢᠨ ᠤ ᠲᠠᠯ᠎ᠠ ᠤᠬᠠᠭ᠎ᠠ ᠰᠡᠳᠬᠢᠯ ᠢ ᠮᠢᠨᠢ ᠦᠵᠦᠭᠦᠷ ᠬᠢᠵᠠᠭᠠᠷ ᠦᠭᠡᠢ | ᠲᠡᠯᠡᠵᠦ᠂ ᠥᠭᠦᠯᠡᠵᠦ ᠢᠯᠡᠳᠬᠡᠵᠦ ᠴᠢᠳᠠᠰᠢ ᠦᠭᠡᠢ ᠨᠢᠭᠡᠨ ᠵᠦᠢᠯ ᠤᠨ ᠪᠠᠶᠠᠷ ᠵᠢᠷᠭᠠᠯ ᠢᠶᠠᠷ᠂ ᠪᠠᠰᠠ ᠨᠢᠭᠡᠨ ᠵᠦᠢᠯ ᠤᠨ | ᠤᠶᠠᠷᠠᠯ ᠳᠣᠭᠳᠣᠯᠤᠯ ᠢᠶᠠᠷ ᠨᠠᠮ᠎ᠠ ᠶᠢ ᠳᠡᠪᠲᠦᠭᠡᠨ᠎ᠡ ᠁ | ᠨᠠᠮ ᠵᠢᠮ ᠲᠠᠯ᠎ᠠ᠂ ᠨᠠᠯᠠᠭᠠᠷ ᠠᠭᠤᠳᠠᠮ ᠪᠡᠯᠴᠢᠭᠡᠷ᠂ ᠨᠠᠮᠬᠠᠨ ᠬᠥᠲᠥᠯ ᠤᠨ ᠬᠤᠷᠮᠣᠢ ᠶᠢ ᠳᠠᠭᠠᠵᠣ ᠦᠬᠡᠷ | ᠬᠤᠨᠢᠳ ᠤᠨ ᠰᠦᠷᠦᠭ ᠲᠠᠶᠢᠪᠤᠭᠤ ᠪᠡᠯᠴᠢᠨ᠎ᠡ ᠁ ᠨᠠᠮ ᠵᠢᠮ ᠠᠮᠢᠳᠤᠷᠠᠯ᠂ ᠨᠠᠷᠠᠯᠠᠭ ᠰᠠᠶᠢᠬᠠᠨ ᠡᠬᠡ ᠣᠷᠣᠨ ᠁ | ᠤᠤᠯ ᠨᠢ ᠡᠬᠡ ᠣᠷᠣᠨ ᠤ ᠮᠢᠨᠢ ᠨᠠᠮᠤᠷ ᠬᠦᠷᠴᠦ ᠢᠷᠡᠭᠡ ᠠᠵᠢ᠃ ᠡᠬᠡ ᠣᠷᠣᠨ ᠮᠢᠨᠢ ᠦᠵᠡᠰᠬᠦᠯᠡᠩᠲᠦ ᠨᠠᠮᠤᠷ ᠢᠶᠠᠨ | ᠲᠣᠰᠬᠤ ᠬᠡᠮᠡᠨ ᠥᠨᠢᠷ ᠪᠠᠶᠢᠭᠠᠯᠢ ᠪᠠᠨ ᠲᠤᠩᠭᠠᠯᠠᠭ ᠲᠣᠭᠲᠠᠭᠤᠨ ᠠᠮᠢᠰᠬᠤᠯ ᠢᠶᠠᠷ ᠴᠢᠮᠡᠵᠦ ᠲᠠᠩᠰᠤᠭ ᠠᠭᠤᠳᠠᠮ | ᠲᠠᠯ᠎ᠠ ᠪᠠᠷ ᠢᠶᠠᠨ ᠭᠠᠩᠭᠠᠷᠠᠨ᠎ᠠ᠃ | ᠬᠠᠷᠢᠨ ᠪᠢ ᠬᠠᠷᠢ ᠭᠦᠷᠦᠨ ᠠᠴᠠ ᠬᠠᠷᠢᠵᠤ ᠢᠷᠡᠵᠦ ᠶᠠᠪᠤᠭ᠎ᠠ ᠥᠬᠢᠨ ᠢᠶᠠᠨ ᠲᠣᠰᠬᠤ ᠬᠡᠮᠡᠨ ᠰᠡᠳᠬᠢᠯ | ᠬᠥᠪᠬᠢᠵᠦ ᠶᠠᠪᠤᠭ᠎ᠠ ᠪᠢᠯᠡ᠃ ᠨᠠᠮᠤᠷ ᠤᠨ ᠲᠠᠯ᠎ᠠ ᠨᠠᠮᠤᠷ ᠤᠨ ᠰᠠᠭᠤᠭᠳᠠᠯ ᠳᠤ ᠬᠡᠰᠡᠭ ᠠᠯᠮᠠᠶᠢᠷᠠᠵᠤ ᠵᠣᠭᠰᠣᠭᠰᠠᠨ ᠢᠶᠠᠨ | ᠪᠢ ᠲᠡᠷᠭᠡᠨ ᠳᠡᠭᠡᠨ ᠭᠠᠷᠴᠤ ᠵᠢᠯᠣᠭᠤ ᠪᠠᠨ ᠪᠠᠷᠢᠨ ᠲᠣᠰᠣ ᠶᠢ ᠨᠢ ᠦᠭᠭᠦᠯ᠎ᠡ᠃ ᠲᠡᠷᠭᠡᠨ ᠤ ᠴᠣᠩᠬᠤ ᠪᠠᠷ ᠬᠠᠷᠠᠭ᠎ᠠ | ᠰᠤᠩᠭᠠᠬᠤ ᠳᠤ ᠲᠡᠨᠢᠭᠡᠷ ᠰᠠᠷᠠᠭᠤᠯ ᠦᠵᠦᠮᠦᠴᠢᠨ ᠤ ᠲᠠᠯ᠎ᠠ ᠮᠢᠨᠢ ᠥᠩᠭᠡᠲᠦ ᠨᠠᠮᠤᠷ ᠤᠨ ᠲᠣᠰᠣᠨ ᠵᠢᠷᠤᠭ ᠤᠨ | ᠣᠷᠲᠣ ᠡᠪᠬᠡᠮᠡᠯ ᠢᠶᠠᠨ ᠠᠯᠳᠠᠷᠠᠭᠠᠨ ᠥᠭᠡᠳᠡ ᠠᠴᠠ ᠮᠢᠨᠢ ᠳᠡᠯᠭᠡᠵᠦ ᠶᠠᠭᠠᠷᠠᠨ᠎ᠠ᠃ ᠲᠡᠭᠡᠭᠦ ᠳᠤ ᠡᠬᠡ ᠣᠷᠣᠨ ᠤ ᠪᠠᠨ | ᠭᠦᠪᠡᠭᠡ ᠬᠢᠵᠠᠭᠠᠷ ᠦᠭᠡᠢ ᠠᠭᠤᠳᠠᠮ ᠲᠡᠨᠢᠭᠡᠷ ᠲᠠᠩᠭᠢᠰ ᠮᠡᠲᠦ ᠡᠨᠡ ᠶᠡᠭᠡ ᠡᠩᠬᠡ ᠵᠢᠷᠭᠠᠯᠠᠩᠲᠤ ᠨᠠᠮᠤᠷ ᠤᠨ ᠳᠤᠮᠳᠠ | ᠪᠢ ᠥᠨᠥᠴᠢᠨ ᠵᠠᠪᠢ ᠲᠠᠢ ᠬᠥᠪᠴᠦ ᠶᠠᠪᠤᠭ᠎ᠠ ᠴᠦ ᠶᠤᠮ ᠰᠢᠭ᠋ ᠰᠠᠨᠠᠭᠳᠠᠬᠤ ᠨᠢ ᠰᠠᠶᠢᠬᠠᠨ ᠠ᠋᠃ | ᠬᠥᠮᠥᠨ ᠤ ᠭᠠᠵᠠᠷ ᠬᠥᠨᠳᠡᠯᠡᠨ ᠤ ᠨᠤᠲᠤᠭ ᠠᠴᠠ ᠭᠦᠢ ᠶᠢ ᠨᠢ ᠪᠤᠯᠠᠭᠰᠠᠨ ᠨᠤᠲᠤᠭ ᠤᠰᠤ ᠪᠠᠨ ᠡᠷᠭᠢᠨ᠎ᠡ | ᠬᠡᠮᠡᠭᠴᠢ ᠭᠦᠷᠦᠵᠦ ᠴᠠᠷᠴᠠᠰᠢ ᠦᠭᠡᠢ ᠬᠥᠮᠦᠯᠢᠭ ᠬᠠᠶᠢᠷ᠎ᠠ ᠶᠢᠨ ᠪᠠᠲᠤ ᠠᠷᠭᠠᠮᠵᠢᠶ᠎ᠠ ᠪᠠᠶᠢᠨᠠᠮ᠃ ᠠᠵᠢᠯ ᠰᠤᠷᠤᠯᠭ᠎ᠠ | ᠶᠢᠨ ᠤᠴᠢᠷ ᠢᠶᠠᠷ᠂ ᠡᠰᠡᠬᠦᠯ᠎ᠡ ᠠᠮᠢᠳᠤᠷᠠᠯ ᠣᠷᠣᠰᠢᠯ ᠤᠨ ᠡᠷᠬᠡ ᠪᠠᠷ ᠡᠵᠢ ᠠᠪᠤ ᠠᠴᠠ ᠪᠠᠨ ᠠᠶᠠᠷᠯᠠᠨ᠂ ᠡᠬᠡ ᠨᠤᠲᠤᠭ | ᠡᠯᠢᠭᠡᠨ ᠰᠠᠳᠣᠨ᠂ ᠡᠬᠡ ᠣᠷᠣᠨ ᠠᠴᠠ ᠪᠠᠨ ᠰᠠᠯᠵᠤ ᠬᠠᠷᠢ ᠤᠯᠤᠰ ᠬᠤᠯᠠ ᠶᠢᠨ ᠨᠤᠲᠤᠭ ᠢᠶᠠᠷ ᠲᠡᠨᠣᠵᠣ ᠬᠡᠰᠦᠵᠦ᠂ | ᠲᠡᠮᠡᠴᠡᠵᠦ ᠴᠢᠷᠮᠠᠶᠢᠵᠤ ᠶᠠᠪᠤᠬᠤ ᠳᠤ ᠬᠠᠲᠠᠭᠤ ᠵᠣᠷᠢᠭ ᠬᠠᠳᠠᠨ ᠰᠡᠳᠬᠢᠯ ᠬᠡᠷᠡᠭᠲᠡᠢ᠃ ᠬᠠᠷᠢᠨ ᠡᠵᠢ ᠠᠪᠤ ᠨᠢ᠂ ᠡᠯᠢᠭᠡᠨ | ᠰᠠᠳᠣᠨ ᠨᠢ᠂ ᠡᠬᠡ ᠣᠷᠣᠨ ᠨᠢ ᠲᠡᠭᠦᠨ ᠤ ᠠᠷᠤ ᠳᠤ ᠪᠠᠲᠤ ᠦᠨᠳᠦᠰᠦ ᠪᠠᠭᠠᠲᠤᠷ ᠲᠦᠰᠢᠭ ᠨᠢ ᠪᠣᠯᠵᠤ᠂ ᠪᠠᠷᠠᠭᠳᠠᠰᠢ | ᠦᠭᠡᠢ ᠳᠣᠲᠣᠭᠠᠳᠤ ᠲᠠᠮᠢᠷ ᠤᠨ ᠬᠢᠨᠢ ᠪᠠᠶᠠᠨ ᠣᠨᠳᠣᠷᠤᠭ᠎ᠠ ᠨᠢ ᠪᠤᠯᠳᠠᠭ ᠠᠴᠠ ᠬᠥᠮᠥᠰ ᠰᠠᠶ᠋ᠢ ᠲᠡᠶᠢᠨ ᠬᠦ ᠴᠡᠭᠡᠵᠢ | ᠲᠡᠨᠢᠭᠦᠨ ᠰᠡᠳᠬᠢᠯ ᠪᠠᠷᠳᠠᠮ ᠪᠠᠶᠢᠳᠠᠭ ᠠᠵᠢ᠃ | ᠲᠡᠷᠭᠡᠨ ᠤ ᠴᠣᠩᠬᠤ ᠪᠠᠷ ᠭᠠᠳᠠᠭᠰᠢ ᠪᠠᠷᠠᠯᠠᠬᠤ ᠳᠤ ᠮᠢᠨᠤ ᠥᠬᠢᠨ ᠤ ᠡᠬᠡ ᠨᠤᠲᠤᠭ ᠨᠢ ᠮᠢᠩᠭᠠᠨ ᠭᠠᠯᠪᠠ ᠶᠢᠨ | ᠠᠮᠤᠭᠤᠯᠠᠩ ᠲᠣᠭᠲᠠᠭᠤᠨ ᠭᠡᠮᠡᠷ ᠨᠠᠮᠤᠷ ᠤᠨ ᠰᠠᠶᠢᠬᠠᠨ ᠥᠩᠭᠡ ᠪᠠᠷ ᠲᠤᠨᠤᠷᠠᠵᠤ ᠡᠵᠡᠨ ᠢᠶᠠᠨ ᠤᠭᠲᠤᠬᠤ ᠶᠢᠨ ᠪᠠᠶᠠᠷ | ᠪᠠᠶᠠᠰᠬᠤᠯᠠᠩ ᠢᠶᠠᠷ ᠪᠢᠯᠬᠠᠨ᠎ᠠ᠃ ᠡᠬᠡ ᠣᠷᠣᠨ ᠬᠡᠮᠡᠭᠴᠢ ᠣᠶᠣᠨ ᠰᠠᠨᠠᠭᠠᠨ ᠤ ᠡᠬᠡ ᠨᠤᠲᠤᠭ᠂ ᠡᠬᠡ ᠨᠤᠲᠤᠭ ᠬᠡᠮᠡᠭᠴᠢ | ᠪᠣᠳᠠᠰᠴᠢ ᠪᠣᠳᠠᠲᠠᠢ ᠡᠬᠡ ᠣᠷᠣᠨ᠃ ᠬᠠᠭᠠᠴᠠᠨ ᠰᠠᠯᠤᠭᠠᠳ ᠤᠳᠠᠭᠰᠠᠨ ᠥᠯᠥᠭᠡᠢ ᠨᠤᠲᠤᠭ ᠤᠨ ᠢᠶᠠᠨ ᠬᠠᠯᠠᠭᠤᠬᠠᠨ | ᠬᠥᠷᠥᠰᠥᠨ ᠳᠤ ᠬᠥᠯ ᠭᠢᠰᠬᠢᠬᠦ ᠲᠡᠷᠡ ᠭᠱᠠᠨ ᠳᠤ ᠪᠢ ᠢᠷᠠᠭᠤ ᠨᠠᠶᠢᠷᠠᠭᠴᠢ ᠪᠣᠯᠴᠢᠬᠠᠭᠰᠠᠨ ᠮᠡᠲᠦ ᠰᠠᠨᠠᠭᠳᠠᠭᠰᠠᠨ | ᠭᠡᠵᠦ ᠥᠬᠢᠨ ᠮᠢᠨᠢ ᠨᠢᠭᠡᠨ ᠤᠳᠠᠭ᠎ᠠ ᠨᠢᠰᠬᠡᠯ ᠠᠴᠠ ᠪᠠᠭᠤᠭᠰᠠᠨ ᠲᠡᠷᠡ ᠬᠤᠷᠣᠮ ᠤᠨ ᠰᠡᠳᠬᠢᠯᠭᠡ ᠪᠠᠨ ᠶᠠᠷᠢᠭᠰᠠᠨ ᠢ | ᠨᠢ ᠰᠠᠨᠠᠯ᠎ᠠ᠃ ᠠᠯᠢᠶ᠎ᠠ ᠢᠨᠢᠶᠡᠳᠦ ᠲᠣᠭᠯᠠᠭᠤᠯᠤᠭᠰᠠᠨ ᠬᠥᠭᠡᠷᠦᠬᠦᠨ ᠴᠢᠷᠠᠢ ᠳᠤᠨᠢ ᠮᠠᠭᠤ ᠡᠴᠢᠭᠡ ᠪᠠᠨ ᠱᠣᠣᠯᠠᠭᠰᠠᠨ | ᠨᠢᠭᠡᠨ ᠰᠠᠨᠠᠭ᠎ᠠ ᠢᠯᠡᠷᠡᠵᠦ ᠪᠠᠶᠢᠪᠠᠴᠤ ᠴᠠᠭᠠᠨ᠎ᠠ ᠨᠢ ᠡᠵᠢ ᠠᠪᠤ ᠶᠢᠨ ᠢᠶᠠᠨ ᠳᠡᠷᠭᠡᠳᠡ᠂ ᠡᠬᠡ ᠨᠤᠲᠤᠭ ᠤᠨ ᠢᠶᠠᠨ ᠰᠢᠷᠣᠢ | ᠳᠡᠭᠡᠷ᠎ᠡ᠂ ᠡᠬᠡ ᠣᠷᠣᠨ ᠤ ᠪᠠᠨ ᠡᠯᠢᠭᠡᠨ ᠳᠤ ᠬᠦᠷᠴᠦ ᠢᠷᠡᠭᠰᠡᠨ ᠬᠥᠮᠥᠨ ᠤ ᠪᠠᠶᠠᠷ ᠳᠣᠭᠳᠣᠯᠤᠯ ᠬᠠᠯᠭᠢᠯᠠᠵᠤ | ᠪᠠᠶᠢᠬᠤ ᠶᠢ ᠨᠢ ᠣᠯᠵᠤ ᠮᠡᠳᠡᠨ᠎ᠡ᠃ ᠶᠡᠷᠦ ᠨᠢ ᠡᠵᠡᠨ ᠨᠤᠲᠤᠭ ᠬᠤᠶᠠᠷ ᠤᠨ ᠪᠠᠷᠢᠯᠳᠤᠯᠭ᠎ᠠ ᠭᠡᠭᠴᠢ ᠮᠢᠬ᠎ᠠ ᠴᠢᠰᠤᠨ | ᠳᠤᠨᠢ ᠰᠢᠩᠭᠡᠵᠦ ᠪᠠᠶᠢᠭ᠎ᠠ ᠤᠰᠤ ᠰᠢᠷᠣᠢ ᠶᠢᠨ ᠬᠢᠨᠢ ᠴᠡᠪᠡᠷ ᠴᠣᠯ ᠡᠯᠧᠮᠧᠨ᠋ᠲ ᠪᠠᠶᠢᠭ᠎ᠠ ᠶᠤᠮ᠂ ᠡᠬᠡ ᠣᠷᠣᠨ ᠡᠵᠡᠨ | ᠬᠤᠶᠠᠷ ᠤᠨ ᠢᠷᠦᠭᠡᠯ ᠭᠡᠭᠴᠢ ᠣᠶᠣᠨ ᠰᠦᠨᠡᠰᠦᠨ ᠳᠤᠨᠢ ᠣᠷᠣᠰᠢᠵᠤ ᠪᠠᠶᠢᠭ᠎ᠠ ᠣᠣᠷ ᠰᠣᠶᠣᠯ ᠤᠨ ᠬᠢᠨᠢ ᠬᠦᠴᠦᠰ | ᠪᠠᠶᠢᠭ᠎ᠠ᠃ | ᠪᠢᠴᠢᠭ ᠰᠣᠶᠣᠯ ᠤᠨ ᠮᠥᠷ ᠢ ᠬᠥᠭᠡᠭᠡᠵᠦ ᠪᠢᠳᠡᠨ ᠤ ᠠᠬ᠎ᠠ ᠳᠡᠭᠦᠦ ᠬᠡᠳᠦᠭᠦᠯᠡ ᠤᠨᠠᠭᠰᠠᠨ ᠰᠢᠷᠣᠢ | ᠤᠤᠭᠤᠭᠰᠠᠨ ᠣᠰᠣᠨ ᠠᠴᠠ ᠪᠠᠨ ᠰᠠᠯᠵᠤ ᠬᠤᠯᠠ ᠬᠤᠯᠠ ᠶᠠᠪᠤᠵᠠᠭᠠᠭᠰᠠᠨ ᠲᠦᠷᠦᠭᠦᠴᠢ ᠶᠢᠨ ᠵᠠᠭᠤᠨ ᠤ ᠲᠡᠳᠡᠭᠡᠷ | ᠣᠨ ᠵᠢᠯ ᠤᠳ ᠲᠤ ᠡᠵᠢ ᠮᠢᠨᠢ ᠳᠠᠩᠳᠠ ᠪᠠᠨ ᠨᠢᠳᠦ ᠴᠢᠷᠮᠠᠭᠢᠯᠭᠦᠢ ᠰᠥᠨᠢ ᠶᠢ ᠨᠢᠭᠡ ᠨᠢᠭᠡ ᠪᠠᠷ ᠦᠳᠡᠵᠦ ᠪᠠᠶᠢᠭᠰᠠᠨ | ᠭᠡᠳᠡᠭ᠃ ᠡᠬᠡ ᠬᠥᠮᠥᠨ ᠤ ᠬᠠᠶᠢᠷ᠎ᠠ ᠶᠢᠨ ᠭᠦᠨ ᠪᠠ ᠰᠠᠨᠠᠯ ᠤᠨ ᠬᠦᠨᠳᠦ ᠶᠢ ᠲᠤᠭᠤᠰᠢᠲᠠᠢ ᠤᠬᠠᠭᠠᠷᠠᠬᠤ ᠨᠠᠰᠣᠨ ᠳᠤ | ᠭᠦᠷᠦᠭᠡ ᠦᠭᠡᠢ ᠬᠤᠶᠢᠨ᠎ᠠ ᠨᠢᠰᠴᠦ ᠴᠡᠷᠪᠡᠭᠡᠳ ᠣᠳᠣᠮᠠᠬᠴᠠ ᠪᠠᠨ ᠨᠢᠳᠦ ᠰᠡᠳᠬᠢᠯ ᠳᠤ ᠮᠢᠨᠢ ᠲᠡᠭᠷᠢ ᠶᠢᠨ ᠬᠢᠵᠠᠭᠠᠷ | ᠲᠡᠷᠲᠡᠭᠡ ᠬᠤᠯᠠ ᠶᠢᠨ ᠡᠲᠡᠭᠡᠳ ᠦᠵᠡᠮᠵᠢ ᠯᠡ ᠭᠠᠵᠠᠷ ᠠᠪᠴᠤ ᠪᠠᠶᠢᠵᠠᠢ᠃ ᠡᠵᠢ ᠮᠢᠨᠢ ᠲᠡᠷᠡᠦᠬᠡᠨ ᠳᠡᠭᠡᠨ ᠶᠠᠮᠠᠷᠬᠠᠨ | ᠶᠡᠭᠡ ᠰᠠᠨᠠᠭᠠᠰᠢᠷᠠᠯ ᠵᠣᠪᠠᠨᠢᠯ ᠤᠨ ᠳᠤᠮᠳᠠ ᠶᠠᠯ᠎ᠠ ᠨᠢᠭᠦᠯ ᠰᠢᠭ ᠴᠠᠭ ᠮᠥᠴᠡ ᠶᠢ ᠮᠢᠨᠦ᠋ᠲ ᠰᠧᠺᠦ᠋ᠨ᠋ᠳ᠋ ᠢᠶᠠᠷ | ᠲᠣᠭᠤᠯᠵᠣ ᠪᠠᠶᠢᠭᠰᠠᠨ ᠪᠢᠯᠡ ᠳ᠋ᠠ᠃ ᠲᠡᠷᠡ ᠶᠡᠭᠡ ᠰᠡᠳᠬᠢᠯ ᠤᠨ ᠬᠠᠯᠠ ᠵᠣᠪᠠᠯ ᠢ ᠬᠤᠯᠠ ᠬᠤᠵᠢᠮ ᠨᠢ ᠥᠬᠢᠨ ᠢᠶᠠᠨ | ᠠᠩᠬ᠎ᠠ ᠤᠳᠠᠭ᠎ᠠ ᠳᠡᠭᠡᠳᠦ ᠳᠣᠮᠳᠠᠳᠣ ᠰᠤᠷᠭᠠᠭᠤᠯᠢ ᠳᠤ ᠶᠠᠪᠤᠭᠤᠯᠤᠭᠠᠳ ᠠᠷᠤ ᠭᠡᠷ ᠲᠡᠭᠡᠨ ᠰᠡᠳᠬᠢᠯ ᠭᠤᠩᠰᠣᠶᠢᠵᠤ | ᠬᠤᠴᠣᠷᠤᠭᠰᠠᠨ ᠲᠡᠳᠡᠭᠡᠷ ᠡᠳᠦᠷ ᠤᠳ ᠲᠤ ᠯᠠ ᠰᠠᠶ᠋ᠢ ᠪᠢᠳᠡ ᠬᠤᠶᠠᠭᠤᠯᠠ ᠠᠳᠠᠯᠢᠬᠠᠨ ᠠᠮᠰᠠᠵᠤ ᠰᠢᠨᠠᠯᠵᠤ᠂ ᠪᠠᠰᠠ | ᠠᠮᠲᠠᠯᠠᠵᠤ ᠵᠢᠷᠭᠠᠵᠤ ᠶᠠᠪᠤᠭᠰᠠᠨ ᠪᠠᠶᠢᠯ᠎ᠠ᠃ ᠰᠤᠷᠤᠯᠭ᠎ᠠ ᠬᠢᠴᠢᠶᠡᠯ ᠳᠤ ᠰᠢᠮᠳᠠᠵᠤ ᠶᠠᠪᠤᠭᠰᠠᠨ ᠬᠡᠦᠬᠡᠳ ᠵᠠᠯᠠᠭᠤ ᠲᠡᠷᠡ | ᠭᠢᠷᠢᠨ᠎ᠡ ᠪᠠᠨ ᠡᠪᠦᠯ ᠵᠣᠨ ᠤ ᠠᠮᠠᠷᠠᠯᠲᠠ ᠪᠣᠯᠣᠮᠠᠭᠴᠠ ᠠᠷᠤ ᠭᠡᠷ ᠤᠷᠤᠭᠤ ᠪᠠᠨ ᠱᠤᠤᠭᠢᠵᠤ ᠨᠢᠰᠦᠭᠰᠡᠨ ᠪᠣᠯᠵᠣᠮᠣᠷ | ᠰᠢᠭ᠋ ᠬᠤᠷᠠᠵᠤ ᠢᠷᠡᠭᠡᠳ ᠬᠦᠯᠢᠶᠡᠵᠦ ᠴᠥᠬᠦᠭᠰᠡᠨ ᠡᠵᠢ ᠶᠢᠨ ᠢᠶᠠᠨ ᠰᠡᠳᠬᠢᠯ ᠢ ᠨᠢᠭᠡᠨ ᠤᠳᠠᠭ᠎ᠠ ᠪᠠᠶᠠᠷᠯᠠᠭᠤᠯᠵᠤ | ᠠᠮᠤᠷᠵᠢᠭᠤᠯᠵᠤ ᠪᠠᠶᠢᠭᠰᠠᠨ ᠨᠢ ᠦᠨᠡᠨ᠃ ᠡᠬᠡ ᠦᠷ᠎ᠡ ᠶᠢᠨ ᠬᠠᠶᠢᠷ᠎ᠠ ᠭᠡᠭᠴᠢ ᠶᠡᠷᠦ ᠨᠢ ᠦᠯᠦ ᠦᠵᠡᠭᠳᠡᠬᠦ | ᠠᠮᠢᠳᠤ ᠶᠢᠨ ᠵᠠᠶᠠᠭᠠᠨ ᠤ ᠠᠯᠲᠠᠨ ᠤᠲᠠᠰᠤ ᠪᠠᠷ ᠬᠤᠯᠪᠣᠵᠤ ᠲᠠᠯᠪᠢᠭᠰᠠᠨ ᠠᠷᠢᠭᠤᠨ ᠳᠠᠷᠬᠠᠨ ᠤᠶᠠᠭ᠎ᠠ ᠶᠤᠮ ᠦᠦ᠂ | ᠠᠰᠢᠳᠠ ᠶᠢᠨ ᠪᠠᠲᠤ ᠵᠠᠩᠭᠢᠶ᠎ᠠ ᠶᠤᠮ ᠦᠦ᠃ ᠲᠡᠶᠢᠨ ᠬᠦ ᠮᠣᠩᠭᠤᠯ ᠬᠥᠮᠥᠨ ᠲᠦᠷᠦᠭᠰᠡᠨ ᠨᠤᠲᠤᠭ᠂ ᠲᠦᠷᠦ ᠭᠦᠷᠦᠨ | ᠬᠤᠶᠠᠷ ᠢᠶᠠᠨ ᠡᠬᠡ ᠬᠥᠮᠥᠨ ᠲᠠᠢ ᠵᠦᠢᠷᠯᠡᠵᠦ ︽ᠡᠬᠡ ᠨᠤᠲᠤᠭ︾ ︽ᠡᠬᠡ ᠤᠯᠤᠰ︾ ᠬᠡᠮᠡᠳᠡᠭ ᠨᠢ ᠲᠦᠮᠡᠨ ᠵᠦᠢ ᠶᠤᠮ | ᠠ᠋᠃ | ᠰᠠᠯᠵᠤ ᠤᠳᠠᠭᠰᠠᠨ ᠦᠷ᠎ᠡ ᠶᠢᠨ ᠭᠠᠭᠴᠠ ᠥᠬᠢᠨ ᠢᠶᠠᠨ ᠲᠣᠰᠬᠤ ᠪᠠᠷ ᠶᠠᠪᠤᠭ᠎ᠠ ᠮᠢᠨᠤ ᠵᠢᠷᠦᠬᠡ ᠨᠠᠮᠤᠷ ᠤᠨ | ᠪᠠᠶᠢᠭᠠᠯᠢ ᠰᠢᠭ᠋ ᠵᠢᠷᠭᠢᠵᠦ ᠨᠠᠮᠤᠷ ᠤᠨ ᠳᠡᠯᠡᠬᠡᠢ ᠰᠢᠭ ᠤᠶᠠᠩᠭᠠᠷᠠᠨ᠎ᠠ᠃ | ᠬᠤᠷᠢᠭᠠᠳ ᠵᠢᠯ ᠤᠨ ᠡᠮᠦᠨᠡᠬᠢ ᠡᠬᠡ ᠣᠷᠣᠨ ᠤ ᠪᠠᠨ ᠲᠡᠷᠡ ᠨᠠᠮᠤᠷ᠂ ᠬᠤᠩᠭᠤᠷ ᠥᠬᠢᠨ ᠢᠶᠠᠨ ᠪᠢ ᠬᠥᠲᠥᠯᠵᠦ | ᠪᠠᠭ᠎ᠠ ᠰᠤᠷᠭᠠᠭᠤᠯᠢ ᠶᠢᠨ ᠡᠭᠦᠳᠡ ᠶᠢ ᠨᠢ ᠠᠯᠬᠤᠭᠤᠯᠵᠤ ᠪᠢᠯᠡ᠃ ᠪᠢᠴᠢᠭ ᠤᠨ ᠤᠯᠠᠭᠠᠨ ᠪᠣᠭᠴᠣ ᠪᠠᠨ ᠮᠥᠷᠥᠯᠡᠭᠡᠳ | ᠬᠢᠴᠢᠶᠡᠯ ᠤᠨ ᠭᠡᠷ ᠤᠷᠤᠭᠤ ᠪᠠᠨ ᠳᠡᠷᠪᠡᠵᠦ ᠳᠡᠭᠳᠡᠭᠡᠨᠡᠭᠡᠳ ᠣᠲᠣᠭᠰᠠᠨ ᠠᠯᠢᠶ᠎ᠠ ᠨᠢᠯᠬ᠎ᠠ ᠪᠠᠷ᠎ᠠ ᠶᠢ ᠨᠢ ᠬᠠᠷᠠᠭᠰᠠᠭᠠᠷ | ᠵᠣᠬᠰᠣᠬᠤ ᠳᠤ ᠨᠠᠮᠤᠭᠤᠬᠠᠨ ᠲᠤᠨᠤᠷᠠᠭᠰᠠᠨ ᠨᠠᠮᠤᠷ ᠤᠨ ᠪᠠᠶᠢᠭᠠᠯᠢ ᠨᠠᠳᠠ ᠶᠠᠭᠤ ᠨᠢᠭᠡ ᠶᠠᠭᠤᠮ᠎ᠠ ᠶᠢ ᠰᠢᠪᠡᠨᠡᠬᠦ ᠰᠢᠭ | ᠨᠢᠭᠤᠴᠠᠭᠠᠢ᠂ ᠰᠡᠪᠰᠡᠭᠡᠷ ᠴᠠᠭᠠᠨ ᠡᠭᠦᠯᠡᠰ ᠨᠢ ᠰᠡᠷᠢᠭᠦᠨ ᠬᠥᠬᠡ ᠲᠡᠭᠷᠢ ᠳᠡᠭᠡᠨ ᠲᠠᠷᠬᠠᠵᠤ᠂ ᠰᠡᠯᠡᠭᠦᠨ ᠠᠭᠤᠵᠢᠮ | ᠪᠢᠴᠢᠬᠠᠨ ᠪᠠᠯᠭᠠᠰᠤᠨ ᠤ ᠰᠡᠷᠭᠦᠯᠡᠩ ᠥᠷᠯᠥᠭᠡ ᠶᠢᠨ ᠠᠮᠢᠰᠬᠤᠯ ᠳᠤ ᠶᠠᠭᠤᠮ᠎ᠠ ᠪᠦᠭᠦᠨ ᠠᠨᠢᠷ ᠦᠭᠡᠢ ᠤᠮᠪᠠᠨ | ᠵᠢᠷᠭᠠᠬᠤ ᠮᠡᠲᠦ ᠠ᠋ ᠁ ᠲᠡᠭᠡᠭᠦ ᠳᠤ ᠥᠬᠢᠨ ᠮᠢᠨᠢ ᠨᠠᠳᠠ ᠤᠷᠤᠭᠤ ᠡᠷᠭᠢᠵᠦ ᠨᠢᠭᠡ ᠬᠠᠷᠠᠭᠠᠳ ᠢᠨᠢᠶᠡᠭᠰᠡᠨ ᠢᠶᠠᠨ | ᠣᠯᠠᠨ ᠬᠡᠦᠬᠡᠳ ᠤᠨ ᠰᠦᠷᠦᠭ ᠲᠤ ᠨᠡᠶᠢᠯᠡᠵᠦ ᠬᠢᠴᠢᠶᠡᠯ ᠤᠨ ᠭᠡᠷ ᠲᠡᠭᠡᠨ ᠣᠷᠣᠵᠤ ᠶᠠᠪᠤᠯ᠎ᠠ᠃ ᠬᠥᠮᠥᠨ | ᠲᠥᠷᠥᠯᠬᠢᠲᠡᠨ ᠤ ᠪᠢᠴᠢᠭ ᠰᠣᠶᠣᠯ᠂ ᠪᠢᠯᠢᠭ ᠡᠷᠳᠡᠮ᠂ ᠬᠥᠮᠦᠵᠢᠯ ᠪᠣᠯᠪᠠᠰᠤᠷᠠᠯ ᠤᠨ ᠠᠯᠲᠠᠨ ᠬᠠᠳᠠᠪᠴᠢ ᠶᠢ ᠠᠩᠬ᠎ᠠ | ᠠᠯᠬᠤᠭᠰᠠᠨ ᠠᠯᠳᠠᠷᠠᠶᠢᠬᠠᠨ ᠥᠬᠢᠨ ᠤ ᠪᠠᠨ ᠠᠷᠤ ᠠᠴᠠ ᠨᠢ ᠬᠠᠷᠠᠭᠰᠠᠭᠠᠷ ᠵᠣᠭᠰᠣᠭᠰᠠᠨ ᠢᠶᠠᠨ ᠪᠢ ᠠᠯᠪᠠᠨ ᠭᠡᠷ | ᠤᠷᠤᠭᠤ ᠪᠠᠨ ᠠᠭᠠᠵᠢᠮ ᠪᠤᠴᠠᠯ᠎ᠠ᠃ ᠡᠳᠦᠭᠡ ᠵᠠᠯᠠᠭᠤᠬᠠᠨ ᠲᠡᠷᠡ ᠨᠠᠮᠤᠷ ᠬᠤᠯᠠ ᠶᠠᠪᠤᠵᠠᠢ᠃ ᠭᠡᠶ᠎ᠡ᠂ ᠡᠷᠪᠡᠰ ᠳᠠᠷᠪᠠᠰ | ᠭᠦᠶᠦᠵᠦ ᠡᠯᠳᠡᠪ ᠳᠦᠷᠰᠦᠭᠦᠢ ᠲᠣᠭᠯᠠᠵᠤ ᠪᠠᠶᠢᠭᠰᠠᠨ ᠠᠯᠢᠶ᠎ᠠ ᠮᠠᠭᠤ ᠵᠢᠭᠠᠯ ᠦᠷ᠎ᠡ ᠮᠢᠨᠢ ᠡᠷᠳᠡᠮ ᠰᠣᠶᠣᠯ ᠤᠨ | ᠡᠷᠳᠡᠨᠢᠲᠦ ᠡᠭᠦᠳᠡ ᠪᠠᠷ ᠣᠷᠣᠵᠤ ᠶᠠᠪᠤᠭᠠᠳ ᠨᠢᠭᠡ ᠮᠡᠳᠡᠬᠦ ᠳᠤ ᠠᠯᠤᠰ ᠳᠠᠯᠠᠢ ᠶᠢᠨ ᠴᠠᠭᠠᠨ᠎ᠠ ᠠᠴᠠ ᠢᠷᠡᠵᠦ ᠶᠠᠪᠤᠨ᠎ᠠ | ᠭᠡᠵᠦ ᠪᠤᠳᠣᠬᠤ ᠠᠴᠠ ᠣᠨ ᠵᠢᠯ ᠳᠡᠩᠳᠡᠭᠦᠦ ᠲᠦᠷᠭᠡᠨ ᠤᠷᠤᠰᠤᠭᠰᠠᠨ ᠰᠢᠭ᠋ ᠠᠲᠠᠯ᠎ᠠ ᠪᠠᠨ ᠪᠠᠰᠠ ᠮᠠᠰᠢ ᠣᠷᠲᠣ | ᠤᠳᠠᠭᠠᠨ ᠥᠩᠭᠡᠷᠡᠭᠰᠡᠨ ᠭᠡᠮᠡᠷ ᠰᠠᠨᠠᠭᠳᠠᠨ᠎ᠠ᠃ | ᠲᠡᠷᠭᠡᠨ ᠤ ᠴᠣᠩᠬᠤ ᠪᠠᠷ ᠬᠠᠷᠠᠭᠰᠠᠭᠠᠷ ᠶᠠᠪᠤᠬᠤ ᠳᠤ ᠦᠵᠦᠮᠦᠴᠢᠨ ᠤ ᠮᠢᠨᠢ ᠥᠷᠭᠡᠨ ᠲᠠᠯ᠎ᠠ ᠨᠢ ᠲᠠᠩᠰᠤᠭ | ᠨᠠᠮᠤᠷ ᠤᠨ ᠲᠣᠰᠣᠨ ᠵᠢᠷᠤᠭ ᠤᠨ ᠣᠷᠲᠣ ᠡᠪᠬᠡᠮᠡᠯ ᠢᠶᠠᠨ ᠳᠡᠯᠭᠡᠵᠦ ᠶᠠᠭᠠᠷᠠᠨ᠎ᠠ᠃ ᠡᠬᠡ ᠨᠤᠲᠤᠭ ᠴᠢᠨᠢ᠂ ᠡᠬᠡ ᠣᠷᠣᠨ | ᠴᠢᠨᠢ ᠡᠩᠬᠡ ᠲᠤᠩᠬ᠎ᠠ᠂ ᠡᠯᠪᠡᠭ ᠪᠠᠶᠠᠨ ᠨᠠᠮᠤᠷ ᠢᠶᠠᠨ ᠤᠭᠲᠤᠵᠤ ᠪᠠᠶᠢᠨ᠎ᠠ᠃ ᠡᠶᠡᠪᠡᠷᠭᠦᠦ ᠡᠨᠡᠬᠡᠨ ᠴᠠᠭ ᠮᠥᠴᠡ ᠳᠤ | ᠡᠭᠦᠷᠢᠳᠡ ᠶᠢᠨ ᠲᠦᠰᠢᠭ ᠡᠵᠢ ᠠᠪᠤ ᠴᠢᠨᠢ ᠡᠯᠢᠭᠡᠨ ᠤ ᠡᠮᠲᠡᠷᠬᠡᠢ ᠴᠢᠮ᠎ᠠ ᠪᠠᠨ ᠲᠣᠰᠬᠤ ᠭᠡᠵᠦ ᠨᠠᠰᠤᠳᠠ ᠪᠠᠨ | ᠵᠢᠷᠭᠠᠵᠤ ᠬᠠᠨᠤᠮᠠ ᠦᠭᠡᠢ ᠨᠠᠮᠤᠷ ᠤᠨ ᠰᠠᠶᠢᠬᠠᠨ ᠵᠢᠷᠤᠭ ᠤᠨ ᠳᠣᠲᠣᠷ᠎ᠠ ᠶᠠᠭᠠᠷᠠᠵᠤ ᠳᠣᠭᠳᠣᠯᠵᠤ ᠶᠠᠪᠤᠨ᠎ᠠ᠃ | ᠠᠶ᠎ᠠ᠂ ᠡᠨᠡ ᠨᠠᠮᠤᠷ᠂ ᠡᠬᠡ ᠣᠷᠣᠨ ᠤ ᠮᠢᠨᠢ ᠨᠠᠮᠤᠷ ᠠ᠋᠂ ᠦᠵᠡᠰᠬᠦᠯᠡᠩᠲᠦ ᠨᠠᠮᠤᠷ ᠤᠨ ᠳᠣᠲᠣᠷᠠᠬᠢ ᠠᠮᠢᠳᠤ | ᠵᠢᠷᠤᠭ ᠨᠢ ᠪᠣᠯᠵᠤ ᠬᠦᠷᠴᠦ ᠢᠷᠡᠬᠦ ᠡᠩᠬᠦᠷᠡᠢ ᠮᠢᠨᠤ ᠥᠬᠢᠨ᠂ ᠢᠷᠦᠭᠡᠯ ᠵᠠᠶᠠᠭᠠᠨ ᠤ ᠮᠢᠨᠢ ᠬᠠᠶᠢᠷ᠎ᠠ ᠶᠢᠨ ᠨᠠᠮᠤᠷ ᠠ᠋᠃ | ᠡᠬᠡ ᠣᠷᠣᠨ ᠤ ᠮᠢᠨᠢ ᠨᠠᠮᠤᠷ᠂ ᠡᠩᠬᠡ ᠠᠮᠤᠭᠤᠯᠠᠩ ᠨᠠᠮᠤᠷ ᠠ᠋᠂ ᠠᠨᠢᠷ ᠴᠢᠮᠡᠭᠡ ᠦᠭᠡᠢ ᠦᠷᠭᠦᠯᠵᠢᠯᠡᠭᠰᠡᠨ | ᠠᠭᠤᠳᠠᠮ ᠳᠥᠯᠭᠡᠨ ᠦᠵᠦᠮᠦᠴᠢᠨ ᠤ ᠶᠡᠭᠡ ᠲᠠᠯ᠎ᠠ ᠰᠢᠭ᠋ ᠠᠮᠢᠳᠤᠷᠠᠯ ᠤᠨ ᠰᠠᠶᠢᠬᠠᠨ ᠢ᠂ ᠠᠮᠢ ᠨᠠᠰᠣᠨ ᠤ | ᠪᠣᠷᠣᠭᠵᠢᠭᠤᠨ ᠢ᠂ ᠦᠢᠯᠡᠰ ᠬᠥᠭᠡᠭᠡᠴᠡᠯᠳᠦᠯ ᠤᠨ ᠡᠷᠬᠢᠮ ᠢ ᠁ ᠠᠯᠢᠪᠠ ᠠᠷᠢᠭᠤᠨ ᠳᠡᠭᠡᠳᠦ ᠢᠲᠡᠭᠡᠯ ᠪᠢᠰᠢᠷᠡᠯ᠂ | ᠬᠠᠶᠢᠷ᠎ᠠ ᠬᠦᠰᠡᠯᠡᠩ᠂ ᠤᠳᠬ᠎ᠠ ᠴᠢᠨᠠᠷ ᠪᠦᠭᠦᠨ ᠢ ᠠᠭᠤᠯᠤᠭᠰᠠᠨ ᠠᠯᠳᠠᠩᠬᠠᠨ ᠨᠠᠮᠤᠷ ᠪᠠᠶᠢᠨᠠᠮ᠃ |