ᠵᠡᠭᠦᠨ ᠦᠵᠦᠮᠦᠴᠢᠨ ᠬᠤᠰᠢᠭᠤᠨ ᠤ ᠨᠢᠭᠡᠨ ᠰᠠᠭᠤᠭᠠᠯᠢ ᠠᠷᠠᠳ ᠤᠨ ᠲᠣᠭᠤᠷᠢᠭ ᠲᠠᠬᠢ ︽ᠰᠠᠮᠠᠶ ᠴᠡᠭᠡ︾ | ᠴᠠᠭᠠᠨ ᠢᠳᠡᠭᠡᠨ ᠤ ᠳᠡᠯᠭᠡᠭᠦᠷ ᠨᠢ ᠡᠳᠦᠷ ᠪᠦᠷᠢ ᠤᠯᠠᠨ ᠵᠤᠴᠢᠨ ᠲᠠᠢ ᠪᠠᠶᠢᠳᠠᠭ᠃ ︽ᠵᠣᠨ ᠠᠴᠠ ᠨᠠᠭᠠᠰᠢ 2000 | ᠭᠠᠷᠤᠢ ᠵᠢᠩ ᠴᠡᠭᠡ ᠬᠤᠳᠠᠯᠳᠤᠵᠤ᠂ ᠨᠢᠳᠤᠨᠤᠨ ᠠᠴᠠ ᠡᠬᠢᠯᠡᠭᠡᠳ ᠰᠦᠯᠵᠢᠶᠡᠨ ᠳᠡᠭᠡᠷ᠎ᠡ ᠪᠣᠷᠣᠯᠠᠭᠤᠯᠵᠦ᠂ ᠸᠢᠴᠠᠲ᠂ | ᠴᠤᠤᠷᠢᠶ᠎ᠠ ᠵᠡᠷᠭᠡ ᠲᠠᠪᠴᠠᠩ ᠤᠨ ᠪᠣᠷᠤᠯᠠᠭᠤᠯᠭ᠎ᠠ ᠶᠢᠨ ᠦᠷᠳᠡᠭ ᠲᠦᠮᠡᠨ ᠲᠥᠭᠦᠷᠢᠭ ᠢ ᠳᠠᠪᠠᠵᠤ᠂ ᠭᠤᠣᠯᠳᠠᠭᠤ | ᠪᠡᠭᠡᠵᠢᠩ᠂ ᠾᠧᠪᠧᠢ ᠵᠡᠷᠭᠡ ᠭᠠᠵᠠᠷ ᠲᠤ ᠪᠤᠷᠤᠯᠠᠭᠤᠯᠪᠡ︾ ᠬᠡᠵᠦ ᠳᠡᠯᠭᠡᠭᠦᠷ ᠤᠨ ᠡᠵᠡᠨ ᠴᠠᠭᠠᠨᠯᠢᠩᠬᠸᠠ ᠶᠠᠷᠢᠨ᠎ᠠ᠃ | ᠲᠡᠯᠭᠡᠭᠦᠷ ᠠᠴᠠ 70 ᠭᠠᠷᠤᠢ ᠺᠢᠯᠤᠮᠧᠲᠷ ᠵᠠᠶᠢᠲᠠᠢ ᠰᠠᠮᠠᠢ ᠰᠤᠮᠤ ᠶᠢᠨ ᠭᠦᠭᠡᠷᠴᠡᠭ ᠭᠠᠴᠠᠭ᠎ᠠ ᠶᠢᠨ | ᠪᠠᠶ᠋ᠬᠠᠠᠭᠤᠯᠠ ᠭᠡᠷ ᠪᠦᠯᠢ ᠶᠢᠨ ᠮᠠᠯᠵᠢᠯ ᠤᠨ ᠲᠠᠯᠠᠪᠠᠢ ᠳᠤ᠂ ᠪᠦᠷᠢᠨᠳᠡᠬᠦᠰ ᠭᠤᠸᠠᠢ ᠭᠡᠷᠭᠡᠢ ᠨᠠᠷᠠᠨᠲᠤᠶᠠᠭ᠎ᠠ ᠲᠠᠢ ᠪᠠᠨ | ᠭᠡᠭᠦᠦ ᠰᠠᠭᠠᠨ ᠶᠠᠭᠠᠷᠠᠵᠦ ᠪᠠᠶᠢᠯ᠎ᠠ᠃ ᠲᠡᠳᠡ ᠪᠤᠯ ᠴᠠᠭᠠᠨᠯᠢᠩᠬᠸᠠ ᠶᠢᠨ ᠠᠪᠤ ᠡᠵᠢ ᠨᠢ ᠪᠤᠯᠤᠨ᠎ᠠ᠃ ᠡᠳᠡᠨ ᠤ | ᠡᠪᠤᠯᠵᠢᠶᠡᠨ ᠲᠡᠭᠡᠷ᠎ᠠ ᠪᠠᠨ ᠴᠡᠭᠡ ᠶᠢ ᠪᠠᠷᠢᠮᠵᠢᠶᠠᠵᠢᠭᠤᠯᠤᠨ ᠪᠣᠯᠪᠠᠰᠤᠷᠠᠭᠤᠯᠬᠤ ᠵᠠᠭᠤ ᠰᠢᠬᠠᠮ ᠬᠠᠪᠳᠠᠭᠠᠢ ᠳᠥᠷᠪᠡᠯᠵᠢᠨ | ᠮᠧᠲᠷ ᠤᠨ ᠦᠢᠯᠡᠳᠪᠦᠷᠢ ᠶᠢᠨ ᠲᠠᠰᠤᠭ ᠢ ᠰᠢᠨᠡᠭᠡᠨ ᠪᠠᠶᠢᠭᠤᠯᠵᠦ᠂ ᠤᠳᠠᠯ ᠦᠭᠡᠢ ᠠᠰᠢᠬᠯᠠᠯᠳᠠ ᠳᠤ | ᠤᠷᠤᠭᠤᠯᠬᠤ ᠪᠠᠷ ᠪᠠᠶᠢᠨ᠎ᠠ᠃ ︽ᠤᠯᠠᠮᠵᠢᠯᠠᠯᠲᠤ ᠮᠡᠷᠭᠡᠵᠢᠯ ᠢᠶᠠᠷ ᠪᠤᠯ 100 ᠵᠢᠩ ᠰᠢᠨ᠎ᠡ ᠰᠣᠷᠭᠤᠭ ᠴᠡᠭᠡ ᠶᠢ ᠨᠢᠭᠡ | ᠭᠠᠷᠠᠭ ᠣᠷᠴᠢᠮ ᠤᠨ ᠴᠠᠭ ᠬᠡᠷᠡᠭᠰᠡᠮᠡᠨᠵᠢᠨ ᠰᠠᠶ᠋ᠢ ᠴᠡᠭᠡ ᠪᠣᠯᠭᠠᠨ ᠪᠣᠯᠪᠠᠰᠤᠷᠠᠭᠤᠯᠦᠨᠠ᠂ ᠰᠢᠨ᠎ᠡ ᠲᠥᠬᠦᠭᠡᠷᠦᠮᠵᠢ ᠶᠢ | ᠠᠰᠢᠭᠯᠠᠯᠲᠠ ᠳᠤ ᠣᠷᠣᠭᠤᠯᠤᠭᠰᠠᠨ ᠤ ᠳᠠᠷᠠᠭ᠎ᠠ ᠨᠢᠭᠡᠯᠡ ᠴᠠᠭ ᠲᠤ ᠪᠦᠭᠦᠨ ᠢ ᠪᠡᠶᠡᠯᠡᠭᠦᠯᠴᠢᠭᠡᠨᠠ︾ ᠭᠡᠵᠦ | ᠪᠦᠷᠢᠨᠲᠡᠭᠦᠰ ᠲᠠᠨᠢᠯᠴᠠᠭᠤᠯᠪᠡ᠃ | 2008 ᠤᠨ ᠳᠤ ᠪᠦᠷᠢᠨᠲᠡᠭᠦᠰ ᠤᠨ ᠬᠢ ᠵᠠᠭᠤ ᠭᠠᠷᠦᠢ ᠠᠳᠤᠭᠤ ᠲᠠᠢ ᠪᠠᠶᠢᠪᠠ᠃ ᠰᠢᠯᠢᠳᠡᠭ ᠡᠭᠦᠯᠳᠡᠷ ᠤᠨ | ᠰᠢᠷᠭ᠎ᠠ ᠠᠳᠤᠭᠤ ᠪᠠᠨ ᠢᠳᠡᠪᠬᠢᠳᠠᠢ ᠮᠠᠯᠵᠢᠬᠤ ᠶᠢᠨ ᠲᠠᠭᠠᠦ ᠲᠡᠷᠡ ᠪᠠᠰᠠ ᠤᠯᠠᠨ ᠶᠠᠩᠵᠦ ᠪᠠᠷ ᠡᠵᠡᠩᠨᠡᠭᠦ ᠶᠢ | ᠰᠦᠪᠡᠭᠴᠢᠯᠡᠭᠰᠡᠭᠡᠷ ᠢᠷᠠᠵᠠᠢ᠃ ︽ᠡᠷᠭᠢᠨ ᠲᠤᠭᠤᠷᠢᠨ ᠤ ᠮᠠᠯᠴᠢᠳ ᠪᠤᠯᠤᠨ ᠬᠤᠰᠢᠭᠤᠨ ᠤ ᠬᠤᠭᠤᠯᠠᠨ ᠭᠡᠷ᠂ | ᠴᠠᠭᠠᠨ ᠢᠳᠡᠭᠡᠨ ᠤ ᠲᠡᠯᠭᠡᠭᠦᠷ ᠲᠤ ᠴᠡᠭᠡ ᠪᠠᠨ ᠭᠦᠷᠭᠡᠭᠦ ᠠᠴᠠ ᠭᠠᠳᠠᠨ᠎ᠠ᠂ ᠲᠤᠬᠠᠢ ᠶᠢᠨ ᠵᠢᠯ ᠤᠯᠢᠶᠠᠰᠤᠳᠠᠢ | ᠪᠠᠯᠭᠠᠰᠤᠨ ᠳᠤ ︿ᠰᠠᠮᠠᠢ ᠴᠡᠭᠡ﹀ ᠵᠢᠭᠤᠯᠴᠢᠯᠠᠯ ᠤᠨ ᠭᠠᠵᠠᠷ ᠡᠷᠭᠢᠯᠡᠭᠰᠡᠨ ᠶᠤᠮ᠂ ᠨᠠᠰᠤᠳᠠᠶᠢᠴᠤᠳ ᠤᠯᠠᠨ ᠢᠷᠡᠵᠦ | ᠴᠡᠭᠡ ᠰᠤᠪᠢᠯᠠᠯᠳᠠ ᠭᠢᠳᠡᠭ ᠪᠠᠶᠢᠬᠰᠠᠨ᠂ ᠲᠤᠬᠠᠢ ᠶᠢᠨ ᠦᠶ᠎ᠠ ᠳᠤ ᠵᠢᠯ ᠳᠤ 5000 ᠵᠢᠩ ᠴᠡᠭᠡ ᠪᠤᠷᠤᠯᠠᠭᠤᠯᠳᠠᠭ | ᠪᠠᠶᠢᠬᠰᠠᠨ ᠪᠤᠯ ᠤᠳᠤ ᠵᠢᠯ ᠳᠤ 10000 ᠵᠢᠩ ᠴᠡᠭᠡ ᠪᠤᠷᠤᠯᠠᠭᠤᠯᠵᠦ ᠪᠤᠢ︾ ᠭᠡᠵᠦ ᠪᠦᠷᠢᠨᠳᠡᠭᠦᠰ ᠪᠠᠶᠠᠷᠳᠠᠶᠢᠬᠠᠨ | ᠲᠠᠨᠢᠯᠴᠠᠭᠤᠯᠤᠨ᠎ᠠ᠃ ᠤᠳᠤᠬᠠᠨ ᠳᠤ ᠪᠦᠭᠦ ᠠᠶᠢᠮᠠᠭ ᠤᠨ ᠠᠳᠤᠭᠤᠨ ᠤ ᠠᠵᠤ ᠦᠢᠯᠡᠰ ᠤᠨ ᠥᠷᠨᠢᠭᠦᠨ | ᠭᠦᠭᠵᠢᠯᠳᠡ ᠶᠢ ᠲᠠᠭᠠᠯᠳᠤᠨ᠂ ᠰᠠᠶᠢᠨ ᠲᠥᠷᠥ ᠶᠢᠨ ᠪᠣᠳᠣᠯᠭ᠎ᠠ ᠮᠠᠰᠢ ᠲᠦᠷᠭᠡᠨ ᠢᠶᠠᠷ ᠪᠦᠷᠢᠨᠳᠡᠬᠦᠰ ᠤᠨ ᠬᠢᠨ ᠤ | ᠴᠡᠭᠡ ᠶᠢᠨ ᠦᠢᠯᠡᠰ ᠲᠤ ᠠᠰᠢᠭ ᠬᠦᠷᠲᠡᠭᠡᠭᠰᠡᠨ ᠨᠢ ᠲᠠᠮᠵᠢᠭ ᠦᠭᠡᠢ᠃ ᠲᠡᠷᠡ ᠤᠷᠢᠳ ᠬᠤᠵᠢᠳ ᠪᠠᠶ᠋ᠬᠠᠠᠭᠤᠯᠠ ᠭᠡᠷ | ᠪᠦᠯᠢ ᠶᠢᠨ ᠮᠠᠯᠵᠢᠯ ᠤᠨ ᠲᠠᠯᠠᠪᠠᠶ ᠪᠠᠨ ᠠᠮᠵᠢᠯᠲᠠ ᠲᠠᠢ ᠡᠷᠡᠮᠡᠯᠵᠡᠵᠦ᠂ ︽ᠦᠵᠦᠮᠦᠴᠢᠨ ᠰᠢᠷᠭ᠎ᠠ ᠠᠳᠤᠭᠤ ᠲᠡᠵᠢᠭᠡᠨ | ᠦᠷᠡᠵᠢᠭᠦᠯᠬᠦ ᠲᠤᠰᠬᠠᠢ ᠡᠷᠦᠬᠡ︾ ᠪᠠᠷ ᠦᠨᠡᠯᠡᠭᠳᠡᠨ᠂ ᠴᠡᠭᠡ ᠶᠢᠨ ᠭᠠᠷ ᠦᠢᠯᠡᠳᠬᠡᠯ ᠤᠨ ᠭᠠᠵᠠᠷ ᠪᠠᠶᠢᠭᠤᠯᠵᠤ᠂ ︽ | ᠰᠠᠮᠠᠶ ᠴᠡᠭᠡ︾ ᠲᠠᠸᠠᠷ ᠤᠨ ᠲᠡᠮᠳᠡᠭ ᠢ ᠡᠷᠡᠮᠡᠯᠵᠡᠭᠰᠡᠨ ᠪᠥᠭᠡᠳ 2019 ᠣᠨ ᠳᠤ ᠭᠡᠭᠦᠦ ᠰᠠᠭᠠᠬᠤ ᠰᠠᠷᠠᠪᠴᠢ᠂ | ᠮᠠᠰᠢᠨ ᠬᠤᠳᠳᠤᠭ᠂ ᠬᠦᠢᠲᠡᠨ ᠬᠥᠮᠥᠷᠭᠡ ᠵᠡᠷᠭᠡ ᠰᠠᠭᠤᠷᠢ ᠲᠥᠬᠦᠭᠡᠷᠦᠮᠵᠢ ᠶᠢ ᠰᠢᠨ᠎ᠡ ᠪᠠᠷ ᠪᠠᠶᠢᠭᠤᠯᠵᠤ᠂ ᠴᠡᠭᠡ ᠶᠢᠨ | ᠦᠢᠯᠡᠰ ᠢᠶᠠᠨ ᠭᠦᠭᠵᠢᠭᠦᠯᠵᠠᠢ᠃ | ᠰᠢᠨ᠎ᠡ ᠡᠷᠢᠨ ᠤ ᠮᠠᠯᠴᠢᠨ ᠴᠠᠭᠠᠨᠯᠢᠩᠬᠸᠠ ᠡᠭᠡᠴᠢ ᠷᠠᠰᠢᠨᠠᠮᠵᠢᠯ ᠲᠠᠢ ᠪᠠᠨ ᠶᠡᠭᠡ ᠰᠤᠷᠭᠠᠭᠤᠯᠢ ᠪᠠᠨ | ᠲᠡᠭᠦᠰᠦᠭᠰᠡᠨ ᠤ ᠳᠠᠷᠠᠭ᠎ᠠ ᠨᠤᠲᠤᠭ ᠲᠠᠭᠠᠨ ᠬᠠᠷᠢᠵᠤ ᠴᠡᠭᠡ ᠶᠢᠨ ᠦᠢᠯᠡᠰ ᠢᠶᠠᠨ ᠡᠵᠡᠩᠨᠡᠵᠡᠢ᠃ ᠷᠠᠰᠢᠨᠠᠮᠵᠢᠯ ᠲᠤᠰᠬᠠᠢ | ᠮᠡᠷᠭᠡᠵᠢᠯ ᠤᠨ ᠳᠠᠪᠠᠭᠤᠯᠢᠭ ᠢᠶᠠᠷ ᠢᠶᠠᠨ ᠪᠦᠲᠦᠭᠡᠭᠳᠡᠬᠦᠨ ᠢᠶᠠᠨ ᠵᠢᠷᠤᠵᠤ ᠲᠥᠯᠥᠪᠯᠡᠨ ᠪᠣᠭᠤᠳᠠᠯᠯᠠᠵᠤ᠂ ᠨᠠᠷᠠᠲᠤ | ᠲᠡᠮᠳᠡᠭ ᠲᠡᠭᠡᠨ ᠥᠪᠡᠷᠮᠢᠴᠡ ᠵᠢᠷᠤᠭ ᠳᠦᠷᠰᠦ ᠲᠠᠭᠠᠷᠠᠭᠤᠯᠬᠤ ᠶᠢᠨ ᠬᠠᠮᠲᠤ ︽ᠰᠠᠮᠠᠶ ᠴᠡᠭᠡ︾ ᠵᠢᠭᠤᠯᠴᠢᠯᠠᠯ ᠤᠨ | ᠭᠠᠵᠠᠷ ᠢᠶᠠᠨ ᠵᠠᠯᠭᠠᠮᠵᠢᠯᠠᠨ ᠡᠵᠡᠩᠨᠡᠵᠦ ᠣᠷᠣᠯᠭ᠎ᠠ ᠪᠠᠨ ᠨᠡᠮᠡᠭᠳᠡᠭᠦᠯᠬᠦ ᠶᠢᠨ ᠲᠠᠭᠠᠦ ︽ᠰᠠᠮᠠᠢ ᠴᠡᠭᠡ︾ ᠪᠠᠨ ᠪᠥᠬᠦ | ᠤᠯᠤᠰ ᠤᠨ ᠡᠯ᠎ᠡ ᠭᠠᠵᠠᠷ ᠤᠨ ᠭᠡᠷᠡᠭᠯᠡᠭᠴᠢᠳ ᠲᠤ ᠲᠠᠨᠢᠯᠴᠠᠭᠤᠯᠵᠠᠢ᠃ ᠴᠠᠭᠠᠨᠯᠢᠩᠬᠸᠠ ᠶᠠᠫᠤᠨ ᠤᠯᠤᠰ ᠲᠤ | ᠰᠤᠷᠤᠯᠴᠠᠭᠠᠳ ᠪᠤᠴᠠᠵᠤ ᠢᠷᠡᠭᠰᠡᠨ ᠤ ᠳᠠᠷᠠᠭ᠎ᠠ᠂ ︽ᠰᠠᠮᠠᠶ ᠴᠡᠭᠡ︾ ᠶᠢᠨ ᠪᠣᠷᠤᠯᠠᠭᠤᠯᠭ᠎ᠠ ᠶᠢ ᠡᠬᠢᠯᠡᠨ | ᠬᠠᠷᠢᠭᠤᠴᠠᠵᠤ᠂ ᠴᠤᠤᠷᠢᠶ᠎ᠠ ᠰᠢᠭᠤᠳ ᠨᠡᠪᠲᠡᠷᠡᠭᠦᠯᠭᠡ᠂ ᠸᠢᠴᠠᠲ ᠵᠡᠷᠭᠡ ᠲᠠᠪᠴᠠᠩ ᠢᠶᠠᠷ ᠰᠦᠯᠵᠢᠶᠡᠨ ᠳᠡᠭᠡᠷᠡᠬᠢ | ᠪᠣᠷᠤᠯᠠᠭᠤᠯᠭ᠎ᠠ ᠶᠢᠨ ᠵᠠᠮ ᠢ ᠨᠡᠪᠲᠡᠷᠡᠭᠦᠯᠪᠡ᠃ ︽ᠳᠠᠷᠠᠭ᠎ᠠ ᠵᠢᠯ ᠪᠢᠳᠡ ᠭᠡᠷ ᠪᠦᠯᠢ ᠶᠢᠨ ᠭᠠᠷ ᠦᠢᠯᠡᠳᠬᠡᠯ ᠤᠨ | ᠭᠠᠵᠠᠷ ᠢ SC ᠠᠵᠤ ᠠᠬᠤᠶᠢᠯᠠᠯ ᠪᠣᠯᠭᠠᠨ ᠲᠠᠰ ᠳᠡᠪᠰᠢᠭᠦᠯᠵᠦ᠂ ᠴᠡᠭᠡ ᠶᠢᠨ ᠠᠵᠤ ᠦᠢᠯᠡᠰ ᠢ ᠨᠠᠩ | ᠪᠠᠷᠢᠮᠵᠢᠶᠠᠵᠢᠭᠰᠠᠨ᠂ ᠲᠦᠷᠢᠮᠵᠢᠭᠰᠡᠨ ᠴᠢᠭᠯᠡᠯ ᠢᠶᠠᠷ ᠬᠥᠭᠵᠢᠭᠦᠯᠬᠦ ᠪᠠᠷ ᠴᠢᠷᠮᠠᠶᠢᠨ᠎ᠠ︾ ᠭᠡᠵᠦ ᠴᠠᠭᠠᠨᠯᠢᠩᠬᠸᠠ ᠶᠠᠷᠢᠯ᠎ᠠ᠃ | ︽ᠤᠯᠤᠰ ᠤᠨ ᠲᠥᠷᠥ ᠶᠢᠨ ᠪᠣᠳᠣᠯᠭ᠎ᠠ ᠶᠢᠨ ᠳᠡᠮᠵᠢᠯᠭᠡ ᠪᠠᠶᠢᠭᠰᠠᠨ ᠠᠴᠠ ᠮᠠᠨ ᠤ ᠬᠥᠭᠵᠢᠯᠲᠡ ᠢᠢᠨ ᠢᠲᠡᠭᠡᠯ | ᠵᠣᠷᠢᠭ ᠤᠯᠠᠮ ᠲᠡᠭᠦᠯᠳᠡᠷ ᠪᠣᠯᠵᠠᠢ︕ ᠬᠤᠶᠢᠰᠢᠳᠠ ᠲᠣᠰ ᠭᠠᠵᠠᠷ ᠤᠨ ᠴᠢᠨᠠᠷ ᠰᠠᠶᠢᠲᠠᠢ ᠭᠡᠭᠦᠦ ᠶᠢᠨ ᠠᠵᠤ | ᠦᠢᠯᠡᠰ ᠲᠤ ᠰᠠᠭᠤᠷᠢᠯᠠᠨ᠂ ᠮᠠᠨ ᠤ ᠨᠤᠲᠤᠭ ᠤᠨ ᠣᠨᠴᠠ ᠭᠠᠷᠤᠯᠲᠠ ᠪᠤᠯᠬᠤ ᠴᠡᠭᠡ ᠶᠢᠨ ᠦᠢᠯᠡᠰ ᠢᠶᠠᠨ ᠰᠠᠶᠢᠳᠦᠷ | ᠭᠦᠭᠵᠢᠭᠦᠯᠵᠦ᠂ ᠠᠵᠤ ᠦᠢᠯᠡᠰ ᠤᠨ ᠬᠡᠯᠬᠢᠶ᠎ᠡ ᠶᠢ ᠲᠠᠰᠤᠷᠠᠯᠲᠠ ᠦᠭᠡᠢ ᠥᠷᠭᠡᠳᠬᠡᠨ᠂ ᠥᠷᠲᠡᠭ ᠤᠨ ᠬᠡᠯᠬᠢᠶ᠎ᠡ ᠶᠢ | ᠳᠡᠭᠡᠭᠰᠢᠯᠡᠭᠦᠯᠵᠦ᠂ ᠴᠡᠭᠡ ᠶᠢ ᠨᠠᠩ ᠣᠯᠠᠨ ᠬᠥᠮᠥᠨ ᠤ ᠬᠤᠭᠤᠯᠠᠨ ᠰᠢᠷᠡᠭᠡᠨ ᠳᠤ ᠭᠠᠷᠭᠠᠨ᠂ ᠲᠠᠯ᠎ᠠ ᠨᠤᠲᠤᠭ ᠤᠨ | ᠰᠣᠶᠣᠯ ᠢ ᠨᠠᠩ ᠣᠯᠠᠨ ᠬᠥᠮᠥᠨ ᠳᠤ ᠣᠶᠢᠯᠠᠭᠠᠭᠤᠯᠤᠨ᠎ᠠ︾ ᠭᠡᠵᠦ ᠪᠦᠷᠢᠨᠳᠡᠭᠦᠰ ᠬᠦᠰᠡᠯ ᠪᠤᠳᠤᠯ ᠢᠶᠠᠨ ᠶᠠᠷᠢᠯ᠎ᠠ᠃ |