ᠪᠠᠶᠠᠨ ᠭᠤᠪᠢ ᠠᠴᠠ ᠪᠤᠳᠤᠭᠤᠨ ᠪᠤᠶᠢᠯᠠᠭ᠎ᠠ ᠲᠠᠰᠤᠷᠠᠬᠤ ᠶᠤᠰᠤ ᠦᠭᠡᠢ
ᠨᠡᠶᠢᠲᠡᠯᠡᠭᠰᠡᠨ ᠴᠠᠭ᠄
2016/7/16
      — ᠵᠡᠭᠦᠨ ᠦᠵᠦᠮᠦᠴᠢᠨ ᠬᠤᠰᠢᠭᠤᠨ ᠤ ᠤᠯᠢᠶᠠᠰᠤᠳᠠᠢ ᠪᠠᠯᠭᠠᠰᠤ ᠶᠢᠨ ᠲᠡᠮᠡᠭᠡᠴᠢᠨ ᠰᠠᠶᠢᠨᠪᠠᠶᠠᠷ ᠢ      ᠰᠤᠷᠪᠤᠯᠵᠢᠯᠠᠭᠠᠳ ᠰᠤᠷᠪᠤᠯᠵᠢᠯᠠᠭᠴᠢ ᠰᠤᠳᠦᠪᠢᠯᠢᠭ ᠮᠠᠯ ᠰᠦᠷᠦᠭ ᠢᠶᠠᠷ ᠦᠨᠢᠷ ᠵᠤᠵᠠᠭᠠᠨ ᠵᠡᠬᠦᠨ ᠦᠵᠦᠮᠦᠴᠢᠨ ᠨᠤᠳᠤᠭ ᠲᠤ ᠨᠠᠶᠢᠳᠠ ᠶᠢᠨ ᠲᠠᠨᠢᠯ ᠪᠤᠯᠤᠭᠰᠠᠨ  ᠲᠡᠮᠡᠭᠡᠴᠢᠨ ᠬᠦᠮᠦᠨ ᠬᠡᠨ ᠪᠠᠶᠢᠳᠠᠭ ᠪᠤᠢ ᠭᠡᠵᠤ ᠠᠰᠠᠭᠤᠬᠤ ᠳᠤ ︽ᠰᠠᠶᠢᠨᠪᠠᠶᠠᠷ︾ ᠭᠡᠵᠤ ᠬᠠᠷᠢᠭᠤᠯᠬᠤ ᠬᠦᠮᠦᠨ  ᠵᠠᠬ᠎ᠠ ᠠᠴᠠ ᠪᠠᠨ ᠪᠠᠶᠢᠬ᠎ᠠ︕ ᠵᠡᠭᠦᠨ ᠦᠵᠦᠮᠦᠴᠢᠨ ᠬᠤᠰᠢᠭᠤᠨ ᠤ ᠤᠯᠢᠶᠠᠰᠤᠳᠠᠢ ᠪᠠᠯᠭᠠᠰᠤ ᠶᠢᠨ ᠪᠠᠶᠠᠨᠭᠤᠪᠢ  ᠭᠠᠴᠠᠭᠠᠨ ᠤ ᠲᠡᠮᠡᠭᠡᠴᠢᠨ ᠰᠠᠶᠢᠨᠪᠠᠶᠠᠷ ᠲᠡᠮᠡᠭᠡ ᠲᠤᠰᠬᠠᠢ ᠮᠠᠯᠵᠢᠬᠤ ᠶᠢᠨ ᠳᠠᠭᠠᠤ ᠬᠤᠵᠢᠮ ᠳᠠᠭᠠᠨ ᠬᠤᠷᠳᠤᠨ ᠲᠡᠮᠡᠭᠡ  ᠰᠦᠢᠬᠤ᠂ ᠢᠩᠭᠡᠨ ᠰᠠᠭᠠᠯᠢ ᠪᠤᠷᠤᠯᠠᠭᠤᠯᠬᠤ ᠵᠡᠷᠬᠡ ᠴᠢᠭᠯᠡᠯ ᠤᠷᠤᠭᠤ ᠤᠬᠠᠭᠠᠨ ᠵᠠᠷᠤᠴᠠᠭᠤᠯᠵᠤ ᠪᠠᠶᠢᠭ᠎ᠠ ᠨᠢᠭᠡᠨ  ᠪᠢᠯᠡ᠃    ᠰᠠᠶᠢᠨᠪᠠᠶᠠᠷ ᠤᠨ ᠬᠢ ᠡᠪᠦᠭᠡ ᠶᠢᠨ ᠦᠶ ᠎ᠠ ᠠᠴᠠ ᠪᠠᠨ ᠲᠡᠮᠡᠭᠡᠴᠢᠨ ᠠᠶᠢᠯ᠃ ᠲᠠᠶᠢᠨᠬᠦ ᠲᠡᠷᠡ ᠠᠷᠪᠠᠨ  ᠬᠡᠳᠦ ᠲᠠᠢ ᠠᠴᠠ ᠪᠠᠨ ᠡᠪᠦᠭᠡ ᠪᠠᠨ ᠳᠠᠭᠠᠵᠤ ᠲᠡᠮᠡᠭᠡᠨ ᠳᠤ ᠮᠤᠷᠳᠠᠳᠠᠭ ᠪᠠᠶᠢᠭᠰᠠᠨ ᠪᠤᠯ ᠬᠤᠷᠢ ᠬᠦᠷᠦᠭᠡᠳ ᠪᠠᠶ᠎ᠠ ᠪᠠᠨ ᠳᠠᠭᠠᠭᠠᠵᠤ ᠲᠡᠮᠡᠭᠡ ᠮᠠᠯᠵᠢᠬᠤ ᠪᠤᠯᠤᠭᠰᠠᠨ᠃ ᠬᠤᠤᠰ ᠳᠠᠭᠠᠭᠠᠴᠢᠯᠠᠯᠳᠠ ᠶᠢᠨ ᠦᠶ᠎ᠠ ᠳᠤ ᠡᠳᠡᠨ ᠤ ᠬᠢᠨ ᠬᠤᠪᠢᠳᠠᠵᠤ  ᠤᠯᠤᠭᠰᠠᠨ 6 ᠲᠡᠮᠡᠭᠡ ᠪᠠᠨ ᠬᠤᠳᠠᠯᠳᠤᠯ ᠦᠭᠡᠢ ᠬᠠᠶᠢᠷᠠᠯᠠᠨ ᠦᠰᠬᠡᠭᠰᠡᠭᠡᠷ ᠦᠨᠤᠳᠤᠷ ᠪᠤᠯᠬᠤ ᠳᠤ ᠨᠢᠭᠡᠨᠳᠡ 200  ᠭᠠᠷᠤᠢ ᠲᠡᠮᠡᠭᠡ ᠲᠠᠢ ᠪᠤᠯᠵᠠᠢ᠃ ᠡᠳᠡᠨ ᠤ ᠬᠢ 3000 ᠭᠠᠷᠤᠢ ᠮᠦ ᠯᠡ ᠨᠤᠳᠤᠭ ᠲᠠᠢ ᠠᠶᠢᠯ᠃ ᠲᠡᠭᠡᠬᠦ ᠳᠡᠭᠡᠨ ᠨᠤᠳᠤᠭ ᠪᠠᠭ᠎ᠠ ᠭᠡᠳ ᠲᠡᠮᠡᠭᠡ ᠮᠠᠯᠵᠢᠬᠤ ᠶᠢ ᠰᠤᠩᠭᠤᠭᠰᠠᠨ ᠪᠢᠰᠢ᠂ ᠶᠠᠷᠤᠨᠢ ᠲᠡᠮᠡᠭᠡ ᠭᠡᠳᠡᠭ ᠠᠮᠢᠳᠠᠨ ᠬᠠᠮᠢᠭ᠎ᠠ  ᠭᠠᠵᠠᠷ ᠴᠤ ᠬᠤᠪᠤᠷ᠂ ᠨᠠᠩ ᠵᠡᠭᠦᠨ ᠦᠵᠦᠮᠦᠴᠢᠨ ᠨᠤᠳᠤᠭ ᠲᠤ ᠬᠡᠯᠡᠬᠦ ᠶᠠᠭᠤᠨ ᠪᠠᠶᠢᠬᠤᠪ᠂  ᠰᠠᠶᠢᠨᠪᠠᠶᠠᠷ ᠤᠨ ᠬᠢ ᠠᠴᠠ ᠦᠭᠡᠷ᠎ᠠ ᠰᠦᠷᠦᠭ ᠲᠡᠮᠡᠭᠡ ᠲᠠᠢ ᠠᠶᠢᠯ ᠪᠠᠶᠢᠬᠤ ᠦᠭᠡᠢ ᠭᠡᠵᠤ ᠬᠡᠯᠡᠴᠢᠬᠡᠬᠦ ᠳᠤ ᠪᠤᠯᠤᠮᠠᠷ᠃  ᠲᠡᠭᠡᠭᠡᠳ ᠯᠡ ᠰᠠᠶᠢᠨᠪᠠᠶᠠᠷ ᠤᠨ ᠬᠤᠪᠢ ᠳᠤ ᠳᠡᠭᠡᠳᠦ ᠠᠴᠠ ᠪᠠᠨ ᠮᠠᠯᠵᠢᠵᠤ ᠢᠷᠡᠭᠰᠡᠨ ᠲᠡᠮᠡᠭᠡ ᠪᠠᠨ ᠤᠰᠠᠳᠬᠠᠬᠤ ᠢ  ᠪᠤᠳᠤᠯ ᠦᠭᠡᠢ ᠡᠳᠦᠢ ᠳᠤ ᠬᠦᠷᠳᠡᠯ᠎ᠠ ᠮᠠᠯᠵᠢᠵᠤ ᠢᠷᠡᠭᠰᠡᠨ ᠨᠢ ᠡᠨᠡ ᠪᠠᠶᠢᠬ᠎ᠠ᠃ ᠲᠡᠷᠡ ᠪᠠᠰᠠ ᠲᠡᠮᠡᠭᠡ ᠪᠠᠨ  ᠲᠤᠤᠱᠠᠳᠠᠢ ᠮᠠᠯᠵᠢᠬᠤ ᠶᠢᠨ ᠲᠤᠯᠠᠳᠠ ᠪᠤᠭ ᠮᠠᠯ ᠢᠶᠠᠨ ᠠᠶᠢᠯ ᠳᠤ ᠰᠦᠷᠦᠭ ᠲᠠᠯᠪᠢᠨ᠂ ᠠᠷᠪᠠᠭᠠᠳ ᠦᠭᠡᠷ ᠢᠶᠠᠨ ᠯᠡ  ᠭᠠᠳᠠᠨ᠎ᠠ ᠪᠠᠨ ᠡᠷᠬᠢᠴᠡᠬᠦᠯᠵᠤ᠂ ᠪᠤᠰᠤᠳ ᠴᠠᠭ ᠰᠡᠳᠬᠢᠯ ᠢᠶᠠᠨ ᠪᠦᠷ ᠯᠡ ᠲᠡᠮᠡᠭᠡᠨ ᠳᠡᠭᠡᠷ᠎ᠠ ᠪᠠᠨ ᠲᠠᠯᠪᠢᠳᠠᠭ ᠪᠠᠶᠢᠯ᠎ᠠ  ᠃ ᠬᠦᠮᠦᠰ ᠰᠠᠶᠢᠨᠪᠠᠶᠠᠷ ᠢ ᠭᠤᠷᠪᠠᠭ᠋ᠠᠨ ᠮᠢᠩᠭᠠᠨ ᠮᠦ ᠨᠤᠳᠤᠭ ᠲᠤ 200 ᠭᠠᠷᠤᠢ ᠲᠡᠮᠡᠭᠡ ᠶᠢ ᠶᠠᠭᠠᠬᠢᠵᠤ ᠮᠠᠯᠵᠢᠵᠤ  ᠪᠠᠶᠢᠭ᠎ᠠ ᠪᠤᠯ ᠭᠡᠵᠤ ᠭᠠᠶᠢᠬᠠᠬᠤ ᠮᠠᠭᠠᠳ⁈ ᠭᠡᠬᠦ ᠳᠡᠭᠡᠨ ᠲᠠᠶᠢᠮᠤ ᠪᠢᠰᠢ ᠪᠠᠶᠢᠭᠰᠠᠨ᠃ ᠲᠡᠳᠡᠨ ᠤ ᠭᠡᠷ ᠤᠨ  ᠠᠷᠤ ᠳᠤ ᠭᠤᠷᠪᠠᠨ ᠭᠠᠴᠠᠭᠠᠨ ᠤ ᠠᠭᠤᠯᠵᠠᠷ ᠪᠤᠯᠤᠭᠰᠠᠨ ᠨᠢᠭᠡ ᠭᠡᠰᠡᠭ ᠡᠵᠡᠬᠦᠢ ᠭᠤᠪᠢ ᠨᠤᠳᠤᠭ ᠪᠠᠶᠢᠳᠠᠭ᠃ ᠠ  ᠳ᠋ᠡ ᠲᠡᠮᠡᠭᠡᠨ ᠠᠴᠠ ᠦᠭᠡᠷ᠎ᠠ ᠮᠠᠯ ᠲᠤᠭᠳᠠᠳᠠᠭ ᠦᠭᠡᠢ ᠪᠤᠯᠬᠤᠷ ᠰᠠᠶᠢᠨᠪᠠᠶᠠᠷ ᠤᠨ ᠲᠡᠮᠡᠭᠡ ᠯᠡ ᠲᠠᠷᠠ ᠭᠡᠰᠡᠭ  ᠭᠤᠪᠢ ᠶᠢᠨ ᠰᠠᠬᠢᠭᠤᠰᠤ ᠨᠢ ᠪᠤᠯᠵᠤ ᠰᠠᠨᠠᠭ᠎ᠠ ᠠᠮᠠᠷ ᠪᠡᠯᠴᠢᠳᠡᠭ᠃ ᠨᠤᠳᠤᠭ ᠤᠷᠤᠨ ᠤ ᠬᠢᠨᠢ ᠬᠦᠮᠦᠰ ᠴᠤ  ᠰᠠᠶᠢᠨᠪᠠᠶᠠᠷ ᠤᠨ ᠲᠡᠮᠡᠭᠡ ᠶᠢ ᠨᠠᠰᠢ ᠴᠠᠰᠢ ᠠᠳᠠᠯᠠᠵᠤ ᠲᠠᠭᠤᠳᠠᠭ ᠦᠭᠡᠢ ᠭᠡᠰᠡᠨ᠃ ᠪᠤᠳᠤᠪᠠᠯ ᠬᠤᠪᠤᠷ ᠠᠮᠢᠳᠠᠨ  ᠨᠤᠳᠤᠭ ᠤᠨ ᠬᠢᠨᠢ ᠴᠢᠮᠡᠭ ᠪᠤᠯᠤᠨ ᠰᠦᠷᠦᠭᠯᠡᠵᠤ ᠪᠠᠶᠢᠬᠤ ᠳᠤᠨᠢ ᠪᠠᠭ᠋ᠠᠷᠬᠠᠯ ᠠᠪᠳᠠᠭ ᠠᠴᠠ ᠪᠤᠯᠤᠭᠰᠠᠨ ᠪᠠᠶᠢᠯᠬᠦᠢ᠃  ᠦᠭᠡᠢ ᠪᠤᠯ ᠭᠠᠵᠠᠷ ᠨᠤᠳᠤᠭ ᠬᠤᠪᠢᠶᠠᠵᠤ᠂ ᠲᠤᠤᠷ ᠬᠦᠷᠢᠶ᠎ᠠ ᠠᠷᠪᠢᠳᠤᠭᠰᠠᠨ ᠡᠨᠡ ᠴᠠᠭ ᠲᠦᠷᠪᠡᠨ ᠤᠯᠠᠷᠢᠯ ᠢᠶᠠᠷ  ᠡᠵᠡᠬᠦᠢ ᠭᠡᠭᠡᠷ᠎ᠠ ᠪᠠᠷ ᠪᠡᠯᠴᠢᠭᠡᠷ ᠰᠡᠯᠬᠦᠳᠡᠭ ᠬᠤᠯᠠ ᠶᠠᠪᠤᠯᠭ᠎ᠠ ᠲᠠᠢ ᠲᠡᠮᠡᠭᠡ ᠶᠢ ᠠᠯᠠᠭᠠᠨ ᠴᠢᠨᠡᠭᠡᠨ ᠭᠠᠵᠠᠷ ᠬᠤᠷᠢᠶᠠᠵᠤ  ᠮᠠᠯᠵᠢᠬᠤ ᠭᠡᠭᠴᠢ ᠪᠦᠲᠦᠰᠢ ᠦᠭᠡᠢ ᠠᠵᠢᠯ ᠪᠤᠯᠤᠨ᠎ᠠ᠃ ᠲᠡᠭᠡᠬᠦ ᠶᠤᠮ ᠪᠤᠯ ᠦᠵᠡᠮᠤᠷᠢ ᠶᠢᠨ ᠬᠡᠳᠦ ᠶᠢ ᠦᠯᠡᠳᠡᠭᠡᠵᠤ  ᠪᠤᠰᠤᠳ ᠢ ᠨᠢ ᠰᠢᠢᠳᠪᠤᠷᠢᠯᠡᠬᠦ ᠠᠴᠠ ᠯᠡ᠃    ᠶᠠᠭᠤ ᠴᠤ ᠭᠡᠰᠡᠨ ᠲᠡᠮᠡᠭᠡ ᠪᠠᠨ ᠬᠠᠮᠠᠭᠠᠯᠠᠵᠤ᠂ ᠲᠡᠮᠡᠭᠡ ᠪᠠᠨ ᠦᠰᠬᠡᠵᠤ ᠮᠠᠯᠵᠢᠬᠤ ᠪᠠᠷ ᠵᠤᠷᠢᠭ ᠰᠢᠭᠤᠳᠤᠭᠰᠠᠨ  ᠰᠠᠶᠢᠨᠪᠠᠶᠠᠷ ᠶᠠᠮᠠᠷ ᠲᠠᠭᠠᠨ ᠭᠠᠭᠴᠠ ᠪᠠᠷ᠎ᠠ ᠶᠢ ᠨᠢ ᠬᠠᠷᠠᠵᠤ ᠪᠠᠶᠠᠰᠴᠤ ᠰᠠᠭᠤᠯᠳᠠᠢ ᠴᠤ ᠪᠢᠰᠢ ᠳ᠋ᠠ᠂ ᠪᠠᠰᠠ  ᠲᠡᠮᠡᠭᠡᠨ ᠤ ᠠᠵᠤ ᠤᠢᠢᠯᠡᠰ ᠢ ᠬᠦᠭᠵᠢᠬᠦᠯᠬᠦ᠂ ᠲᠡᠮᠡᠭᠡᠨ ᠠᠴᠠ ᠪᠠᠨ ᠠᠰᠢᠭ ᠤᠷᠤᠯᠭ᠎ᠠ ᠡᠭᠦᠳᠬᠦ ᠶᠢ ᠪᠤᠳᠤᠯᠳᠠᠢ᠃  ᠲᠠᠶᠢᠨᠬᠦ ᠲᠠᠷᠠ ᠤᠢᠢᠷ᠎ᠠ ᠶᠢᠨ ᠬᠡᠳᠦᠨ ᠵᠢᠯ ᠠᠴᠠ ᠬᠤᠷᠳᠤᠨ ᠲᠡᠮᠡᠭᠡ ᠰᠦᠢᠵᠤ ᠬᠤᠷᠳᠤᠯᠠᠭᠤᠯᠬᠤ᠂ ᠢᠩᠭᠡ  ᠨᠤᠮᠤᠬᠠᠷᠠᠭᠠᠵᠤ ᠰᠠᠭᠠᠬᠤ ᠵᠡᠷᠬᠡ ᠠᠵᠢᠯ ᠢ ᠰᠠᠨᠠᠭᠠᠴᠢᠯᠠᠭ᠎ᠠ ᠲᠠᠢ ᠬᠢᠵᠤ ᠡᠬᠢᠯᠡᠭᠰᠡᠨ ᠶᠤᠮ᠃ ᠲᠡᠮᠡᠭᠡᠳ ᠢᠶᠠᠨ  ᠤᠷᠤᠯᠳᠤᠭᠤᠯᠵᠤ ᠲᠠᠷᠢᠬᠦᠯᠡᠬᠦᠯᠬᠦ ᠶᠤᠮ ᠪᠤᠯ 5000 ᠠᠴᠠ 10000 ᠲᠦᠭᠦᠷᠢᠭ ᠤᠨ ᠱᠠᠩᠨᠠᠯ ᠭᠤᠶᠠᠳᠠᠬᠤ ᠨᠢ  ᠡᠨᠡᠤᠭᠡᠨ ᠤ ᠭᠡᠷᠡᠭ᠃ ᠤᠷᠵᠢᠨᠤᠨ ᠠᠴᠠ ᠪᠠᠰᠠ ᠢᠩᠭᠡ ᠰᠠᠭᠠᠵᠤ ᠡᠬᠢᠯᠡᠵᠡᠢ᠃ ᠢᠩᠭᠡᠨ ᠰᠦ ᠦᠳᠭᠡᠨ᠂ ᠴᠠᠢ  ᠰᠦᠯᠡᠵᠤ ᠤᠤᠭᠤᠬᠤ ᠳᠤ ᠠᠮᠳᠠᠳᠠᠢ ᠪᠦᠭᠡᠳ ᠢᠩᠭᠡᠨ ᠰᠦ ᠤᠤᠭᠤᠪᠠᠯ ᠡᠯ᠎ᠠ ᠵᠦᠢᠯ ᠤᠨ ᠡᠪᠡᠳᠴᠢᠨ ᠳᠤ ᠲᠤᠰᠠᠳᠠᠢ  ᠭᠡᠰᠡᠨ᠂ ᠢᠩᠭᠡᠨ ᠰᠦᠨ ᠤ ᠠᠭᠠᠷᠤᠤᠯ ᠢ ᠵᠢᠯ ᠢᠶᠠᠷ ᠨᠢ ᠬᠠᠳᠠᠭᠠᠯᠠᠬᠤ ᠳᠤ ᠬᠠᠳᠠᠬᠤ ᠦᠭᠡᠢ ᠵᠦᠭᠡᠯᠡᠨ ᠪᠠᠶᠢᠳᠠᠭ  ᠤᠴᠢᠷ ᠠᠴᠠ ᠠᠭᠠᠵᠢᠮ ᠳᠠᠭᠠᠨ ᠢᠩᠭᠡᠨ ᠰᠠᠭᠠᠯᠢ ᠰᠦ᠂ ᠴᠠᠭᠠᠨ ᠢᠳᠡᠭᠡᠨ ᠢ ᠵᠠᠬ᠎ᠠ ᠳᠡᠯᠭᠡᠬᠦᠷᠴᠢᠯᠡᠬᠦ ᠳᠤ  ᠪᠤᠯᠤᠮᠵᠢ ᠶᠢᠨ ᠤᠷᠤᠯᠭ᠎ᠠ ᠡᠭᠦᠳᠴᠤ ᠳᠡᠶᠢᠯᠦᠨ᠎ᠠ ᠭᠡᠳᠡᠭ ᠢ ᠰᠠᠶᠢᠨᠪᠠᠶᠠᠷ ᠤᠨ ᠶᠠᠷᠢᠶᠠᠨ ᠠᠴᠠ ᠤᠢᠢᠯᠠᠭᠠᠭᠰᠠᠨ ᠶᠤᠮ᠃  ᠭᠡᠪᠡᠴᠤ ᠡᠳᠡᠨ ᠤ ᠬᠢ ᠬᠦᠳᠡᠯᠮᠤᠷᠢ ᠬᠦᠴᠤ᠂ ᠬᠦᠮᠦᠨ ᠬᠠᠷ᠎ᠠ ᠴᠦᠭᠡᠨᠳᠡᠢ ᠠᠶᠢᠯ ᠪᠤᠯᠬᠤ ᠪᠠᠷ ᠡᠨᠡ ᠬᠤᠶᠠᠷ  ᠵᠢᠯ ᠳᠡᠭᠡᠨ ᠢᠩᠭᠡ ᠪᠠᠨ ᠨᠤᠮᠤᠬᠠᠷᠠᠭᠠᠬᠤ ᠳᠡᠭᠡᠷ᠎ᠠ ᠢᠯᠡᠬᠦᠤ ᠬᠦᠴᠤ ᠲᠠᠯᠪᠢᠵᠤ ᠪᠠᠶᠢᠭ᠎ᠠ ᠪᠤᠯᠬᠤᠷ ᠰᠠᠭᠠᠯᠢ ᠰᠦ ᠶᠢ ᠨᠢ  ᠤᠴᠢᠷ ᠦᠭᠡᠢ ᠠᠷᠠᠯᠵᠢᠶᠠᠯᠠᠵᠤ ᠡᠬᠢᠯᠡᠭᠡ ᠦᠭᠡᠢ ᠪᠠᠶᠢᠪᠠ᠃ ᠤᠳᠤ ᠡᠳᠡᠨ ᠤ ᠬᠢ ᠲᠦᠴᠢᠭᠡᠳ ᠢᠩᠭᠡ ᠶᠢ  ᠰᠠᠭᠠᠮᠰᠢᠭᠤᠯᠤᠨ ᠰᠤᠷᠭᠠᠴᠢᠬᠠᠭᠠᠳ ᠪᠠᠶᠢᠯ᠎ᠠ᠃ ᠦᠨᠤ ᠵᠢᠯ ᠲᠡᠳᠡᠨ ᠤ ᠨᠤᠳᠤᠭ ᠢᠶᠠᠷ ᠠᠷᠠᠢ ᠵᠢᠭᠠᠬᠠᠨ ᠭᠠᠩᠳᠠᠭᠤᠨ  ᠪᠤᠯᠬᠤᠷ ᠭᠠᠳᠠᠨ᠎ᠠ ᠪᠠᠨ ᠬᠤᠴᠤᠷᠭᠠᠭᠰᠠᠨ ᠬᠤᠷᠢᠭᠠᠳ ᠢᠩᠭᠡ ᠪᠠᠨ ᠤᠳᠤ ᠪᠤᠯᠳᠠᠯ᠎ᠠ ᠰᠠᠭᠠᠵᠤ ᠡᠬᠢᠯᠡᠭᠡ ᠦᠭᠡᠢ᠃  ᠲᠡᠭᠡᠬᠦ ᠪᠠᠷ ᠰᠠᠶᠢᠨᠪᠠᠶᠠᠷ ᠤᠨ ᠲᠡᠮᠡᠭᠡᠴᠢᠨ ᠠᠮᠢᠳᠤᠷᠠᠯ ᠢ ᠲᠦᠭᠦᠮᠴᠢᠯᠡᠨ ᠬᠤᠷᠢᠶᠠᠩᠭᠤᠢᠢᠯᠠᠪᠠᠯ᠂ ᠡᠪᠤᠯ ᠳᠡᠭᠡᠨ  ᠬᠤᠷᠳᠤᠨ ᠲᠡᠮᠡᠭᠡ ᠤᠷᠤᠯᠳᠤᠭᠤᠯᠵᠤ᠂ ᠵᠤᠨ ᠨᠠᠮᠤᠷ ᠲᠠᠭᠠᠨ ᠢᠩᠭᠡ ᠰᠠᠭᠠᠴᠢᠬᠠᠭᠰᠠᠨ ᠬᠦᠳᠡᠭᠡ ᠶᠢᠨ  ᠰᠠᠶᠢᠬᠠᠨ ᠳᠠᠭᠠᠨ ᠵᠢᠷᠭᠠᠵᠤ ᠶᠠᠪᠤᠭ᠎ᠠ ᠮᠠᠯᠴᠢᠨ ᠠᠶᠢᠯ ᠭᠡᠬᠦ ᠤᠤ⁈    — ᠲᠡᠮᠡᠭᠡ ᠮᠢᠨᠢ ᠰᠠᠶᠢᠬᠠᠨ ᠦᠰᠴᠤ ᠪᠠᠶᠢᠨ᠎ᠠ᠃ ᠴᠢᠳᠠᠪᠠᠯ ᠪᠠᠰᠠ ᠦᠰᠬᠡᠶ᠎ᠠ ᠭᠡᠵᠤ ᠪᠤᠳᠤᠵᠤ ᠪᠠᠶᠢᠨ᠎ᠠ᠃  ᠬᠡᠬᠦ ᠳᠡᠭᠡᠨ ᠴᠠᠭ ᠤᠨ ᠪᠠᠶᠢᠳᠠᠯ ᠵᠠᠭᠤ ᠪᠤᠯᠳᠠᠭ ᠢ ᠮᠡᠳᠡᠬᠦ ᠦᠭᠡᠢ ᠯᠡ ᠪᠠᠶᠢᠨ᠎ᠠ ᠭᠡᠵᠤ ᠰᠠᠶᠢᠨᠪᠠᠶᠠᠷ ᠪᠠᠶᠠᠰᠴᠤ ᠨᠢᠭᠡ᠂  ᠪᠠᠰᠠ ᠰᠠᠨᠠᠭᠠᠰᠢᠷᠡᠵᠤ ᠨᠢᠭᠡ ᠶᠠᠷᠢᠨ᠎ᠠ᠃ ᠲᠠᠮᠡᠭᠡᠴᠢᠨ ᠮᠠᠨᠢ ᠲᠡᠮᠡᠭᠡᠨ ᠤ ᠪᠠᠨ ᠲᠦᠯᠦᠭᠡ ᠤᠯᠠᠨ ᠢ ᠰᠠᠨᠠᠭᠠᠰᠢᠷᠡᠵᠤ ᠪᠠᠶᠢᠭ᠎ᠠ ᠨᠢ ᠮᠡᠳᠡᠭᠡᠵᠢ᠃ ᠪᠠᠶᠠᠨ ᠭᠤᠪᠢ ᠠᠴᠠ ᠪᠤᠳᠤᠭᠤᠨ ᠪᠤᠶᠢᠯᠠᠭ᠎ᠠ ᠲᠠᠰᠤᠷᠠᠬᠤ ᠶᠤᠰᠤ ᠦᠭᠡᠢ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号