ᠬᠦᠳᠡᠯᠭᠡᠭᠡᠨ ᠳᠣᠳᠠᠭᠳᠠᠬᠤ ᠨᠢ ᠳᠠᠮᠠᠬᠢ ᠠᠴᠠ ᠢᠯᠡᠬᠦᠣ ᠬᠤᠣᠷ ᠬᠦᠨᠦᠬᠡᠯ ᠲᠠᠢ
ᠨᠡᠶᠢᠲᠡᠯᠡᠭᠰᠡᠨ ᠴᠠᠭ᠄
2020/9/30
    ᠬᠦᠳᠡᠯᠭᠡᠭᠡᠨ ᠬᠢᠬᠦ ᠶᠢᠨ ᠰᠠᠶᠢᠨᠳᠠᠢ ᠲᠠᠯ᠎ᠠ ᠶᠢ ᠮᠠᠰᠢ ᠣᠯᠠᠨ ᠬᠦᠮᠦᠨ ᠪᠦᠷ ᠮᠡᠳᠡᠳᠡᠭ᠂ ᠬᠡᠪᠡᠴᠦ ᠬᠦᠳᠡᠯᠭᠡᠭᠡᠨ ᠳᠣᠳᠠᠭᠳᠠᠬᠤ ᠶᠢᠨ ᠠᠶᠣᠯ ᠳᠦᠭᠰᠢᠬᠦᠷᠢ ᠶᠢ ᠣᠯᠠᠨ ᠢᠶᠠᠷ ᠢᠶᠠᠨ ᠶᠡᠷᠦ ᠨᠢ ᠬᠦᠢᠴᠡᠳ ᠬᠦᠨᠳᠦᠳᠬᠡᠬᠦ ᠦᠭᠡᠢ ᠪᠠᠶᠢᠳᠠᠭ᠃ ᠣᠶᠢᠷ᠎ᠠ ᠳᠤ᠂ ᠠᠮᠧᠷᠢᠺᠠ ᠶᠢᠨ ᠺᠷᠢᠹᠯᠠᠨᠳ᠋ ᠡᠮᠨᠡᠯᠭᠡ ᠶᠢᠨ ᠭᠠᠵᠠᠷ ᠤᠨ ᠬᠢᠨ ᠰᠣᠳᠣᠯᠭᠠᠨ ᠳᠤ  ᠪᠠᠨ ᠬᠦᠳᠡᠯᠭᠡᠭᠡᠨ ᠳᠣᠳᠠᠭᠳᠠᠬᠤ ᠨᠢ ᠳᠡᠮᠠᠬᠢ ᠳᠠᠳᠠᠬᠤ᠂ ᠰᠢᠬᠢᠷ ᠰᠢᠵᠢᠩ ᠡᠪᠡᠳᠴᠢᠨ᠂ ᠵᠢᠷᠣᠬᠡᠨ ᠡᠪᠡᠳᠴᠢᠨ ᠠᠴᠠ ᠨᠠᠩ ᠢᠯᠡᠬᠦᠣ ᠡᠷᠡᠬᠦᠯ ᠮᠠᠨᠳᠦ ᠳᠤ ᠬᠤᠣᠷ ᠬᠦᠨᠦᠬᠡᠯ ᠲᠠᠢ ᠪᠠᠶᠢᠳᠠᠭ ᠬᠡᠵᠦ ᠬᠡᠯᠡᠪᠡ᠃     ᠳᠣᠰ ᠡᠮᠨᠡᠯᠭᠡ ᠶᠢᠨ ᠭᠠᠵᠠᠷ 1991 ᠣᠨ ᠤ 1 ᠰᠠᠷ᠎ᠠ ᠠᠴᠠ 2014 ᠣᠨ ᠤ 12 ᠰᠠᠷ᠎ᠠ ᠪᠣᠯᠳᠠᠯ᠎ᠠ᠂ 12 ᠳᠦᠮᠡᠨ ᠡᠪᠡᠳᠴᠢᠳᠠᠨ ᠳᠤ ᠬᠦᠶᠦᠬᠦ ᠮᠠᠰᠢᠨ ᠢᠶᠠᠷ ᠬᠦᠳᠡᠯᠭᠡᠭᠡᠨ ᠤ ᠳᠣᠷᠰᠢᠯᠳᠠ ᠬᠢᠵᠦ᠂ ᠬᠦᠳᠡᠯᠭᠡᠭᠡᠨ ᠤ ᠪᠣᠳᠠᠳᠦ ᠬᠢᠷᠢ ᠪᠦᠳᠦᠮᠵᠢ ᠪᠠᠷ ᠰᠠᠭᠤᠷᠢ ᠪᠣᠯᠭᠠᠨ᠂ ᠪᠡᠶ᠎ᠡ ᠪᠠᠨ ᠪᠣᠯᠪᠠᠰᠣᠷᠠᠭᠤᠯᠬᠤ ᠪᠠ ᠡᠯ᠎ᠡ ᠵᠦᠢᠯ ᠤᠨ ᠦᠬᠦᠯ ᠤᠨ ᠠᠶᠣᠯ ᠳᠦᠭᠰᠢᠬᠦᠷᠢ ᠶᠢᠨ ᠬᠠᠷᠢᠴᠠᠭ᠎ᠠ ᠶᠢ ᠰᠣᠳᠣᠯᠵᠠᠢ᠃ ᠰᠣᠳᠣᠯᠭᠠᠨ ᠤ ᠦᠷ᠎ᠡ ᠳ᠋ᠦᠩ ᠳᠤ᠂ ᠬᠦᠶᠦᠯᠳᠠ ᠶᠢᠨ ᠬᠢᠷᠢ ᠪᠦᠳᠦᠮᠵᠢ ᠪᠠᠷ ᠠᠨᠠᠢ ᠡᠪᠡᠳᠴᠢᠳᠠᠨ ᠨᠢ ᠪᠦᠬᠡᠷᠡᠨ ᠤ ᠠᠵᠢᠯᠯᠠᠭ᠎ᠠ ᠪᠦᠷᠢᠨ ᠪᠣᠰᠦ ᠡᠪᠡᠳᠴᠢᠳᠠᠨ ᠢ ᠪᠣᠳᠣᠪᠠᠯ ᠦᠬᠦᠬᠦ ᠠᠶᠣᠯ ᠢᠶᠠᠷ ᠪᠠᠷᠤᠭ 2 ᠳᠠᠬᠢᠨ ᠦᠨᠳᠣᠷ ᠪᠠᠶᠢᠳᠠᠭ᠃ ᠬᠦᠳᠡᠯᠭᠡᠭᠡᠨ ᠪᠠᠭ᠎ᠠ ᠬᠢᠳᠡᠭ ᠬᠦᠮᠦᠨ ᠨᠢ ᠬᠦᠳᠡᠯᠭᠡᠭᠡᠨ ᠰᠠᠶᠢᠨ ᠬᠢᠳᠡᠭ ᠬᠦᠮᠦᠨ ᠢ ᠪᠣᠳᠣᠪᠡᠯ ᠦᠬᠦᠬᠦ ᠠᠶᠣᠯ ᠢᠶᠠᠷ 6 ᠳᠠᠬᠢᠨ ᠦᠨᠳᠣᠷ ᠪᠠᠶᠢᠳᠠᠭ ᠢ ᠢᠯᠡᠷᠡᠬᠦᠯᠵᠠᠢ᠃ ᠰᠣᠳᠣᠯᠭᠠᠨ ᠳᠤ ᠪᠠᠰᠠ ᠬᠦᠳᠡᠯᠭᠡᠭᠡᠨ ᠳᠣᠳᠠᠭᠳᠠᠬᠤ ᠨᠢ ᠳᠠᠮᠠᠬᠢ ᠳᠠᠳᠠᠬᠤ᠂ ᠰᠢᠬᠢᠷ ᠰᠢᠵᠢᠩ ᠡᠪᠡᠳᠴᠢᠨ᠂ ᠵᠢᠷᠣᠬᠡᠨ ᠡᠪᠡᠳᠴᠢᠨ ᠠᠴᠠ ᠬᠤᠯᠠ ᠠᠶᠣᠯ ᠲᠠᠢ ᠬᠡᠳᠡᠭ ᠢ ᠢᠯᠡᠷᠡᠬᠦᠯᠪᠡ᠃ ᠬᠦᠳᠡᠯᠭᠡᠭᠡᠨ ᠬᠢᠬᠦ ᠨᠢ ᠡᠷᠡᠬᠦᠯ ᠪᠣᠰᠦ ᠠᠮᠢᠳᠣᠷᠠᠯ ᠤᠨ ᠵᠠᠩ ᠳᠠᠳᠬᠠᠯ ᠠᠴᠠ ᠪᠣᠯᠣᠭᠰᠠᠨ ᠨᠦᠯᠦᠭᠡ ᠶᠢ ᠬᠦᠷᠳᠡᠯ᠎ᠡ ᠠᠷᠢᠯᠭᠠᠵᠦ ᠴᠢᠳᠠᠬᠤ ᠰᠠᠶᠢᠨᠳᠠᠢ ᠳᠠᠯ᠎ᠠ ᠲᠠᠢ ᠪᠣᠯᠬᠤᠷ ᠵᠠᠪᠠᠯ ᠪᠡᠶ᠎ᠡ ᠪᠠᠨ ᠪᠣᠯᠪᠠᠰᠣᠷᠠᠭᠤᠯᠬᠤ ᠬᠡᠷᠡᠭᠳᠠᠢ ᠬᠡᠵᠦ ᠰᠢᠨᠵᠢᠯᠡᠬᠦ ᠣᠬᠠᠭᠠᠨᠳᠠᠳ ᠣᠷᠢᠶᠠᠯᠠᠵᠦ ᠪᠠᠶᠢᠨ᠎ᠠ᠃ ᠡᠬᠦᠨ ᠠᠴᠠ ᠭᠠᠳᠠᠨ᠎ᠠ᠂ ᠰᠣᠳᠣᠯᠭᠠᠨ ᠳᠤ ᠪᠠᠰᠠ ᠬᠦᠳᠡᠯᠭᠡᠭᠡᠨ ᠬᠢᠬᠦ ᠨᠢ ᠡᠷᠡᠭᠳᠠᠢ ᠡᠮᠡᠭᠳᠠᠢ ᠬᠡᠵᠦ ᠢᠯᠭᠠᠯ ᠦᠭᠡᠢ᠂ ᠡᠯ᠎ᠡ ᠨᠠᠰᠣᠨ ᠤ ᠬᠦᠮᠦᠰ ᠲᠤ ᠳᠣᠬᠢᠷᠠᠬᠤ ᠰᠠᠶᠢᠨᠳᠠᠢ ᠳᠠᠯ᠎ᠠ ᠲᠠᠢ ᠪᠣᠯᠬᠤᠷ ᠦᠨᠳᠦᠷ ᠨᠠᠰᠣᠨ ᠤ ᠬᠦᠮᠦᠰ ᠬᠦᠳᠡᠯᠭᠡᠭᠡᠨ ᠬᠢᠭᠰᠡᠨ ᠴᠦ ᠠᠳᠠᠯᠢᠬᠠᠨ ᠠᠰᠢᠭ ᠬᠦᠷᠳᠡᠨ᠎ᠡ ᠬᠡᠵᠦ ᠰᠠᠨᠠᠭᠤᠯᠵᠠᠢ᠃
 
ᠢᠷᠡᠯᠲᠡ᠄ ᠡᠷᠢᠶᠡᠨ ᠬᠤᠲᠠ ᠶᠢᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号