ᠪᠤᠬᠢᠷᠳᠤᠯ ᠥᠭᠡᠢ ᠢᠳᠡᠭᠡᠨ ᠣᠮᠳᠠᠭᠠᠨ ᠥᠷᠭᠡᠨ ᠶᠡᠭᠡ ᠵᠠᠬ᠎ᠠ ᠳᠡᠯᠭᠡᠬᠦᠷ ᠲᠠᠢ
ᠨᠡᠶᠢᠲᠡᠯᠡᠭᠰᠡᠨ ᠴᠠᠭ᠄
2020/12/28
    ᠰᠢᠨᠵᠢᠯᠠᠬᠦ ᠤᠬᠠᠭᠠᠨ ᠮᠡᠷᠭᠡᠵᠢᠯ ᠤᠨ ᠬᠥᠭᠵᠢᠯᠳᠡ ᠶᠢ ᠳᠠᠭᠠᠯᠳᠤᠨ ᠬᠥᠮᠤᠨ ᠤ ᠪᠠᠶ᠎ᠠ ᠳᠤ ᠱᠠᠭᠠᠷᠳᠠᠭᠳᠠᠬᠤ ᠤᠯᠠᠨ ᠵᠥᠢᠯ ᠤᠨ ᠰᠢᠮ᠎ᠠ ᠲᠡᠵᠢᠭᠡᠯ ᠲᠠᠢ ᠢᠳᠡᠭᠡᠨ ᠤᠮᠳᠠᠭᠠᠨ ᠢ ᠶᠡᠬᠡᠪᠡᠷ ᠰᠤᠳᠤᠯᠤᠨ ᠥᠢᠯᠡᠳᠪᠤᠷᠢᠯᠡᠵᠤ ᠪᠠᠶᠢᠭ᠎ᠠ ᠪᠤᠯᠪᠠᠴᠦ ᠬᠠᠰᠢᠯᠠ ᠶᠠᠮᠠᠷ ᠴᠤ ᠪᠤᠬᠢᠷᠳᠤᠯ ᠥᠭᠡᠢ ᠴᠤᠯ ᠪᠠᠶᠢᠭᠠᠯᠢᠯᠢᠭ ᠢᠳᠡᠭᠡᠨ ᠤᠮᠳᠠᠭᠠᠨ ᠨᠢ ᠨᠠᠩ ᠢᠯᠡᠬᠦᠥ ᠬᠥᠮᠤᠰ ᠲᠤ ᠲᠠᠭᠠᠰᠢᠶᠠᠭᠳᠠᠵᠦ ᠪᠠᠶᠢᠳᠠᠭ᠃     ᠵᠢᠱᠢᠶᠠᠯᠠᠵᠤ ᠶᠠᠷᠢᠬᠤ ᠳᠤ᠂ ᠡᠪᠤᠯ ᠤᠨ ᠢᠳᠡᠰᠢᠨ ᠤ ᠴᠠᠭ ᠪᠤᠯᠤᠭᠰᠠᠭᠠᠷ ᠮᠠᠨ ᠤ ᠠᠳᠡᠬᠢ ᠬᠥᠮᠤᠰ ᠪᠤᠷᠳᠤᠵᠤ ᠳᠠᠷᠭᠤᠯᠠᠭᠤᠯᠤᠭᠰᠠᠨ ᠥᠭᠡᠷ ᠤᠨ ᠮᠢᠬ᠎ᠠ ᠠᠪᠬᠤ ᠠᠴᠠ ᠬᠢᠴᠢᠶᠠᠵᠤ᠂ ᠪᠤᠯᠬᠤ ᠶᠢᠨ ᠳᠤᠳᠤᠷ᠎ᠠ ᠳᠠᠨᠢᠵᠤ ᠮᠡᠳᠡᠬᠦ ᠬᠥᠮᠥᠨ ᠡᠷᠢᠵᠤ ᠪᠠᠶᠢᠭᠠᠳ ᠨᠤᠳᠤᠭ ᠤᠨ ᠥᠭᠡᠷ ᠤᠨ ᠮᠢᠬ᠎ᠠ ᠤᠯᠵᠤ ᠠᠪᠬᠤ ᠪᠠᠷ ᠴᠢᠷᠮᠠᠶᠢᠳᠠᠭ᠃ ᠡᠨᠡ ᠨᠢ ᠨᠤᠳᠤᠭ ᠤᠨ ᠥᠭᠡᠷ ᠤᠨ ᠮᠢᠬ᠎ᠠ ᠪᠤᠯ ᠴᠡᠪᠡᠷ ᠪᠠᠶᠢᠭᠠᠯᠢᠯᠢᠬ ᠪᠤᠬᠢᠷᠳᠤᠯ ᠥᠭᠡᠢ ᠪᠡᠯᠴᠢᠭᠡᠷ ᠲᠤ ᠪᠡᠯᠴᠢᠭᠰᠡᠨ ᠢᠶᠠᠷ ᠢᠶᠠᠨ ᠬᠥᠮᠤᠰ ᠤᠨ ᠳᠠᠭᠠᠰᠢᠶᠠᠯ ᠳᠤ ᠬᠥᠷᠳᠡᠭ ᠢ ᠬᠠᠷᠠᠭᠤᠯᠵᠤ ᠪᠠᠶᠢᠨ᠎ᠠ᠃ ᠮᠥᠨᠴᠤ ᠨᠤᠳᠤᠭ ᠤᠨ ᠥᠭᠡᠷ ᠤᠨ ᠮᠢᠬ᠎ᠠ ᠪᠠᠨ ᠢᠳᠡᠵᠤ ᠰᠤᠷᠤᠭᠰᠠᠨ ᠬᠥᠮᠤᠰ ᠪᠤᠷᠳᠤᠵᠤ ᠳᠠᠷᠭᠤᠯᠠᠭᠤᠯᠤᠭᠰᠠᠨ ᠥᠭᠡᠷ ᠤᠨ ᠮᠢᠬ᠎ᠠ ᠶᠢ ᠢᠳᠡᠬᠦ ᠳᠤ ᠠᠮᠳᠠ ᠰᠢᠮᠳᠠ ᠪᠠᠷ ᠠᠨᠠᠢ᠂ ᠰᠢᠮ᠎ᠠ ᠳᠡᠵᠢᠭᠡᠯ ᠪᠠᠷᠤᠭᠳᠠᠢ ᠭᠡᠵᠤ ᠳ᠋ᠥᠩᠨᠡᠭᠰᠡᠨ ᠨᠢ ᠪᠠᠶᠢᠭᠠᠯᠢᠯᠢᠬ ᠢᠳᠡᠭᠡᠨ ᠪᠠ ᠪᠠᠶᠢᠭᠠᠯᠢᠯᠢᠬ ᠪᠤᠰᠤ ᠢᠳᠡᠭᠡᠨ ᠢ ᠬᠠᠷᠢᠴᠠᠭᠤᠯᠤᠭᠰᠠᠨ ᠬᠠᠷᠢᠴᠠᠭᠤᠯᠤᠯ ᠪᠠᠶᠢᠭ᠎ᠠ ᠶᠤᠮ᠃ ᠴᠠᠭᠠᠨ ᠢᠳᠡᠭᠡᠨ ᠬᠤᠳᠠᠯᠳᠤᠨ ᠠᠪᠴᠤ ᠢᠳᠡᠬᠦ ᠪᠠᠷ ᠠᠪᠴᠤ ᠭᠡᠯᠡᠭᠰᠡᠨ ᠴᠤ ᠠᠳᠠᠯᠢᠬᠠᠨ᠂ ᠬᠠᠰᠢᠶᠠᠯᠠᠵᠤ ᠳᠡᠵᠢᠭᠡᠭᠰᠡᠨ ᠠᠯᠠᠭ ᠥᠨᠢᠶᠡᠨ ᠤ ᠰᠥ ᠪᠠᠷ ᠪᠤᠯᠪᠠᠰᠤᠷᠠᠭᠤᠯᠤᠭᠰᠠᠨ ᠬᠤᠷᠤᠳ ᠪᠤᠯᠤᠨ ᠬᠥᠳᠡᠭᠡ ᠪᠡᠯᠴᠢᠭᠡᠷᠯᠡᠬᠦᠯᠵᠤ ᠮᠠᠯᠵᠢᠭᠰᠠᠨ ᠥᠨᠢᠶᠡᠨ ᠤ ᠰᠥ ᠪᠠᠷ ᠬᠢᠭᠰᠡᠨ ᠬᠤᠷᠤᠳ ᠤᠨ ᠥᠨᠤᠷ ᠠᠮᠳᠠ ᠨᠢ ᠬᠤᠭᠤᠷᠤᠨᠳᠤ ᠪᠠᠨ ᠥᠰᠤᠳ ᠤᠨᠳᠤᠤ ᠪᠠᠶᠢᠵᠤ᠂ ᠬᠥᠮᠥᠰ ᠬᠥᠳᠡᠭᠡᠨ ᠤ ᠬᠤᠷᠤᠳ ᠠᠪᠤᠨ᠎ᠠ ᠭᠡᠵᠤ ᠬᠥᠭᠡᠭᠡᠴᠡᠯᠳᠤᠭᠡᠳ ᠪᠠᠶᠢᠳᠠᠭ᠃ ᠳᠡᠬᠡᠬᠦᠯᠡᠷ ᠪᠤᠬᠢᠷᠳᠤᠯ ᠥᠭᠡᠢ ᠢᠳᠡᠭᠡᠨ ᠤᠮᠳᠠᠭᠠᠨ ᠨᠢ ᠵᠠᠬ᠎ᠠ ᠳᠡᠯᠭᠡᠬᠦᠷ ᠲᠤ ᠥᠷᠭᠡᠨ ᠱᠠᠭᠠᠷᠳᠠᠭᠳᠠᠵᠤ᠂ ᠥᠨ᠎ᠠ ᠬᠠᠩᠰᠢ ᠶᠢᠨ ᠳᠠᠯ᠎ᠠ ᠪᠠᠷ ᠥᠨᠳᠤᠷ ᠪᠠᠶᠢᠭᠰᠠᠨ ᠴᠤ ᠬᠥᠮᠥᠰ ᠤᠨ ᠭᠡᠷᠡᠭᠴᠡᠭᠡ ᠶᠢ ᠬᠠᠩᠭᠠᠵᠤ ᠳᠠᠶᠢᠯᠬᠦ ᠥᠭᠡᠢ ᠪᠠᠶᠢᠭᠰᠠᠭᠠᠷ᠃     ᠬᠥᠮᠥᠰ ᠡᠳᠤᠷ ᠳᠤᠳᠤᠮ ᠤᠨ ᠠᠮᠢᠳᠤᠷᠠᠯ ᠳᠤᠮᠳᠠ ᠪᠠᠨ ᠪᠠᠶ᠎ᠠ ᠮᠠᠬᠠᠪᠤᠳ ᠤᠨ ᠢᠶᠠᠨ ᠡᠷᠡᠬᠦᠯ ᠴᠢᠬᠢᠷᠠᠭ ᠢ ᠠᠩᠬᠠᠷᠴᠤ᠂ ᠪᠠᠶ᠎ᠠ ᠪᠠᠨ ᠪᠤᠯᠪᠠᠰᠤᠷᠠᠭᠤᠯᠬᠤ ᠠᠴᠠ ᠭᠠᠳᠠᠨ᠎ᠠ ᠢᠳᠡᠭᠡᠨ ᠤᠮᠳᠠᠭᠠᠨ ᠤ ᠶᠠᠰᠤ ᠴᠢᠨᠠᠷ ᠢ ᠤᠨᠴᠠᠭᠠᠢ ᠴᠢᠬᠤᠯᠠᠴᠢᠯᠠᠳᠠᠭ ᠪᠤᠯᠤᠭᠰᠠᠨ ᠢᠶᠠᠷ ᠤᠤᠭᠤᠵᠤ ᠢᠳᠡᠬᠦ ᠳᠠᠯ᠎ᠠ ᠪᠠᠷ ᠶᠡᠭᠡᠭᠡᠨ ᠠᠩᠬᠠᠷᠤᠯ ᠳᠠᠯᠪᠢᠳᠠᠭ ᠪᠤᠯᠵᠠᠢ᠃ ᠵᠠᠷᠢᠮ ᠳᠤᠰᠬᠠᠢ ᠮᠡᠷᠭᠡᠵᠢᠯᠳᠡᠨ ᠤ ᠥᠵᠡᠬᠦ ᠪᠠᠷ᠂ 21 ᠳ᠋ᠤᠭᠡᠷ ᠵᠠᠭᠤᠨ ᠤ ᠭᠤᠤᠯ ᠢᠳᠡᠭᠡᠨ ᠣᠮᠳᠠᠭᠠᠨ ᠪᠤᠯ ᠪᠤᠬᠢᠷᠳᠤᠯ ᠥᠭᠡᠢ ᠠᠷᠢᠭᠤᠨ ᠤᠷᠭᠠᠨᠢᠬ ᠢᠳᠡᠭᠡᠨ ᠣᠮᠳᠠᠭᠠᠨ ᠪᠤᠯᠤᠨ᠎ᠠ ᠭᠡᠵᠡᠢ᠃ ᠤᠳᠤᠬᠠᠨ ᠳᠤ ᠬᠥᠭᠵᠢᠭᠰᠡᠨ ᠤᠯᠤᠰ ᠤᠳ ᠤᠨ ᠢᠳᠡᠭᠡᠨ ᠣᠮᠳᠠᠭᠠᠨ ᠤ ᠵᠠᠬ᠎ᠠ ᠳᠡᠯᠭᠡᠬᠦᠷ ᠳᠡᠭᠡᠷ᠎ᠠ ᠤᠷᠭᠠᠨᠢᠬ ᠢᠳᠡᠭᠡᠨ ᠣᠮᠳᠠᠭᠠᠨ ᠤ ᠬᠠᠷᠢᠴᠠᠯ ᠶᠠᠪᠤᠬᠤ ᠳᠤᠳᠤᠮ ᠶᠡᠭᠡᠰᠴᠤ ᠪᠠᠶᠢᠨ᠎ᠠ᠂ ᠬᠤᠵᠢᠮ ᠳᠤ ᠪᠠᠨ ᠤᠷᠭᠠᠨᠢᠬ ᠢᠳᠡᠭᠡᠨ ᠣᠮᠳᠠᠭᠠᠨ ᠤ ᠥᠨ᠎ᠠ ᠬᠠᠩᠰᠢ ᠨᠢ ᠤᠷᠭᠠᠨᠢᠬ ᠪᠤᠰᠤ ᠢᠳᠡᠭᠡᠨ ᠣᠮᠳᠠᠭᠠᠨ ᠤ ᠥᠨ᠎ᠠ ᠬᠠᠩᠰᠢ ᠠᠴᠠ 50%᠎ ᠪᠠᠷ ᠥᠨᠳᠤᠷ ᠪᠤᠯᠬᠤ ᠬᠠᠨᠳᠤᠰᠢ ᠲᠠᠢ ᠭᠡᠵᠤ ᠵᠢᠱᠢᠭᠰᠡᠨ ᠶᠤᠮ᠃ ᠤᠷᠭᠠᠨᠢᠬ ᠣᠮᠳᠠᠭᠠᠨ ᠢᠳᠡᠭᠡᠨ ᠪᠤᠯ ᠡᠩ ᠳᠡᠷᠢᠬᠦᠨ ᠳᠤ ᠳᠥᠬᠦᠭᠡᠢ ᠮᠠᠲ᠋ᠧᠷᠢᠶᠠᠯ ᠨᠢ ᠶᠠᠮᠠᠷᠴᠤ ᠪᠤᠬᠢᠷᠳᠤᠯ ᠥᠭᠡᠢ ᠪᠠᠶᠢᠬᠤ ᠶᠢ ᠱᠠᠭᠠᠷᠳᠠᠳᠠᠭ᠃ ᠮᠠᠨ ᠤ ᠮᠠᠯᠴᠢᠳ ᠶᠠᠭ ᠡᠨᠡᠬᠦ ᠪᠤᠬᠢᠷᠳᠤᠯ ᠥᠭᠡᠢ᠂ ᠪᠠᠶᠢᠭᠠᠯᠢᠯᠢᠬ ᠠᠷᠢᠭᠤᠨ ᠢᠳᠡᠭᠡᠨ ᠤᠮᠳᠠᠭᠠᠨ ᠢ ᠥᠢᠯᠡᠳᠪᠤᠷᠢᠯᠡᠵᠤ ᠪᠠᠶᠢᠳᠠᠭ ᠪᠤᠯᠬᠤᠷ ᠡᠨᠡ ᠪᠤᠯ ᠪᠢᠳᠠᠨ ᠤ ᠳᠠᠪᠠᠭᠤᠯᠢᠬ ᠳᠠᠯ᠎ᠠ ᠪᠤᠯᠬᠤ ᠶᠤᠮ᠃ ᠡᠶᠢᠮᠤ ᠠᠴᠠ ᠪᠢᠳᠡ ᠮᠠᠯ ᠤᠨ ᠠᠰᠢᠬ ᠰᠢᠮ᠎ᠠ ᠶᠢᠨ ᠪᠥᠳᠥᠭᠡᠭᠳᠡᠬᠦᠨ ᠢᠶᠠᠨ ᠥᠢᠯᠡᠳᠪᠤᠷᠢᠯᠡᠬᠦ ᠳᠤ ᠳᠠᠯ᠎ᠠ ᠨᠤᠳᠤᠭ ᠤᠨ ᠢᠶᠠᠨ ᠴᠡᠪᠡᠷ ᠤᠷᠴᠢᠨ ᠳᠤ ᠠᠷᠠᠴᠢᠯᠠᠭᠰᠠᠨ ᠮᠠᠯ ᠢᠶᠠᠷ ᠳᠥᠬᠦᠭᠡᠢ  ᠮᠠᠲ᠋ᠧᠷᠢᠶᠠᠯ ᠪᠤᠯᠭᠠᠬᠤ ᠴᠢᠬᠤᠯᠠ ᠲᠠᠢ᠃ ᠪᠢᠳᠡ ᠭᠡᠷᠪᠡ ᠪᠠᠶᠢᠭᠠᠯᠢ ᠠᠬᠤᠢ ᠪᠠᠨ ᠰᠠᠶᠢᠳᠤᠷ ᠬᠠᠮᠠᠭᠠᠯᠠᠨ ᠰᠡᠷᠭᠦᠭᠡᠵᠤ᠂ ᠵᠥᠢ ᠵᠤᠬᠢᠰᠳᠠᠢ ᠠᠰᠢᠭᠯᠠᠨ᠂ ᠴᠡᠪᠡᠷ ᠪᠠᠶᠢᠭᠠᠯᠢᠯᠢᠬ ᠪᠤᠬᠢᠷᠳᠤᠯ ᠥᠭᠡᠢ ᠢᠳᠡᠭᠡᠨ ᠤᠮᠳᠠᠭᠠᠨ ᠤ ᠰᠠᠭᠤᠷᠢᠨ ᠢ ᠪᠠᠶᠢᠭᠤᠯᠵᠤ ᠴᠢᠳᠠᠪᠠᠯ ᠮᠠᠯ ᠠᠵᠤ ᠠᠬᠤᠢ ᠶᠢᠨ ᠢᠷᠡᠭᠡᠳᠤᠢ ᠮᠠᠨᠢ ᠤᠯᠠᠮ ᠭᠡᠭᠡᠨ ᠰᠠᠷᠠᠭᠤᠯ ᠪᠤᠯᠵᠤ᠂ ᠮᠠᠯᠴᠢᠳ ᠤᠨ ᠮᠢᠨᠢ ᠠᠵᠤ ᠠᠮᠢᠳᠤᠷᠠᠯ ᠶᠠᠪᠤᠬᠤ ᠳᠤᠳᠤᠮ ᠥᠭᠡᠳᠡ ᠲᠠᠢ ᠥᠩᠭᠡ ᠲᠠᠢ ᠪᠤᠯᠬᠤ ᠶᠤᠮ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号