ᠬᠡᠷ ᠤᠨ ᠬᠦᠮᠦᠵᠢᠯ ᠤᠨ ᠲᠤᠬᠠᠢ ᠤᠴᠢᠷᠯᠠᠬᠤᠢ
ᠨᠡᠶᠢᠲᠡᠯᠡᠭᠰᠡᠨ ᠴᠠᠭ᠄
2020/7/8
    ︽ᠰᠤᠷᠭᠠᠯ ᠰᠠᠶᠢᠲᠠᠢ ᠠᠶᠢᠯ ᠠᠴᠠ ᠰᠤᠷᠲᠠᠯ ᠰᠠᠶᠢᠲᠠᠢ ᠬᠡᠤᠭᠡᠳ︾ ᠭᠡᠲᠡᠭᠴᠢᠯᠡᠨ ᠡᠷᠤᠬᠡ ᠭᠡᠷ ᠢᠶᠠᠨ ᠡᠪ ᠵᠦᠢ ᠲᠠᠢ ᠡᠵᠡᠩᠨᠡᠨ ᠲᠤᠳᠤᠮᠳᠠᠵᠤ᠂ ᠠᠵᠢᠯᠴᠢ ᠬᠦᠲᠡᠯᠮᠤᠷᠢᠴᠢ᠂ ᠡᠭᠡᠯ ᠪᠤᠷᠤᠭᠵᠢᠭᠤᠨ ᠢ ᠡᠷᠬᠢᠮᠯᠡᠵᠦ ᠶᠠᠪᠤᠳᠠᠭ ᠠᠶᠢᠯ ᠤᠨ ᠬᠡᠤᠭᠡᠳ ᠲᠡᠬᠦᠦᠨᠠᠷ ᠨᠢ ᠴᠤ ᠪᠤᠯᠪᠠᠰᠤᠨ ᠮᠤᠷᠠᠯ ᠲᠠᠢ ᠬᠦᠮᠦᠵᠢᠭᠳᠡᠳᠡᠭ ᠶᠤᠮ᠃ ᠡᠶᠢᠨᠬᠦ ᠲᠡᠷᠡᠬᠦ ᠠᠶᠢᠯ ᠤᠨ ᠭᠠᠯ ᠭᠤᠯᠤᠮᠳᠠ ᠨᠢ ᠴᠦ ᠪᠠᠳᠠᠷᠠᠨ ᠠᠰᠠᠵᠤ᠂ ᠦᠶ᠎ᠡ ᠦᠶ᠎ᠡ ᠶᠢᠨ ᠦᠷ᠎ᠡ ᠬᠡᠦᠬᠡᠳ ᠨᠢ ᠦᠬᠡᠳᠡ ᠲᠠᠢ ᠦᠡᠭᠬᠡ ᠲᠠᠢ ᠶᠠᠪᠤᠵᠤ᠂ ᠤᠳᠤᠮ ᠲᠠᠢ ᠠᠶᠢᠯ ᠤᠨ ᠠᠯᠳᠠᠷ ᠨᠡᠷ᠎ᠡ ᠶᠢ ᠤᠯᠠᠨ ᠤ ᠲᠤᠮᠳᠠ ᠲᠠᠭᠤᠷᠢᠰᠤᠭᠤᠯᠵᠤ ᠶᠠᠪᠤᠵᠤ ᠪᠠᠶᠢᠳᠠᠭ᠃     ᠬᠡᠪᠡᠴᠦ ᠪᠠᠰᠠ ᠨᠢᠬᠡ ᠪᠦᠯᠦᠭ ᠬᠦᠮᠦᠰ ᠡᠬᠦᠨ ᠤ ᠡᠰᠡᠷᠬᠦ ᠲᠦᠷᠢ ᠪᠤᠯᠵᠤ᠂ ᠬᠡᠷ ᠤᠨ ᠠᠬᠠᠮᠠᠳ ᠤᠨ ᠡᠬᠦᠷᠬᠡ ᠬᠠᠷᠢᠭᠤᠴᠠᠯᠭ᠎ᠠ ᠪᠠᠨ ᠰᠠᠶᠢᠳᠤᠷ ᠪᠡᠶᠡᠯᠡᠬᠦᠯᠬᠦ ᠦᠬᠡᠢ ᠪᠠᠶᠢᠵᠤ᠂ ᠠᠷᠢᠬᠢ ᠲᠠᠷᠠᠰᠤᠨ ᠳᠤ ᠰᠢᠨᠤᠨ᠂ ᠮᠦᠷᠦᠢ ᠲᠠᠢ ᠲᠤᠭᠯᠠᠭᠠᠮ ᠨᠠᠭᠠᠳᠴᠤ᠂ ᠬᠡᠦᠬᠡᠳ ᠤᠨ ᠦᠰᠦᠨ ᠪᠤᠶᠢᠵᠢᠯᠳᠠ ᠳᠤ ᠨᠠᠵᠠᠭᠠᠢ ᠨᠦᠯᠦᠬᠡ ᠤᠴᠠᠷᠠᠭᠤᠯᠤᠭᠰᠠᠨ ᠪᠠᠶᠢᠳᠠᠭ᠃ ᠡᠬᠦᠨ ᠤ ᠤᠯᠠᠮ ᠢᠶᠠᠷ ᠡᠨᠡᠬᠦ ᠤᠷᠴᠢᠨ ᠳᠤ ᠦᠰᠴᠤ ᠪᠤᠶᠢᠵᠢᠭᠰᠠᠨ ᠬᠡᠤᠬᠡᠳ ᠤᠨ ᠰᠡᠳᠬᠢᠯ ᠤᠨ ᠬᠢᠮᠤᠷᠠᠯ ᠭᠡᠴᠡᠬᠦᠲᠡᠨ᠂ ᠵᠠᠩ ᠴᠢᠨᠠᠷ ᠨᠢ ᠴᠤ ᠡᠲᠡᠭᠡᠳ ᠰᠤᠨᠢᠨ ᠪᠤᠯᠬᠤ ᠶᠢ ᠲᠠᠭᠠᠯᠲᠤᠨ ᠰᠤᠷᠤᠯᠭ᠎ᠠ ᠠᠮᠢᠲᠤᠷᠠᠯ ᠳᠤ ᠨᠢ ᠬᠦᠷᠲᠡᠯ᠎ᠡ ᠰᠢᠭᠤᠳ ᠨᠦᠯᠦᠬᠡ ᠪᠤᠯᠵᠤ ᠪᠠᠶᠢᠲᠠᠭ᠃     ᠬᠡᠦᠬᠡᠳ ᠤᠨ ᠬᠦᠮᠦᠵᠢᠯ ᠪᠤᠯ ᠬᠡᠷ ᠤᠨ ᠠᠬᠠᠮᠠᠳ᠂ ᠪᠠᠭᠰᠢ᠂ ᠨᠡᠶᠢᠬᠡᠮ ᠤᠨ ᠬᠠᠮᠳᠤᠷᠠᠯᠴᠠᠭ᠎ᠠ ᠲᠤᠤᠷ᠎ᠠ ᠶᠠᠪᠤᠭᠳᠠᠳᠠᠭ᠃ ᠬᠡᠪᠡᠴᠦ ᠵᠠᠷᠢᠮ ᠬᠡᠷ ᠤᠨ ᠠᠬᠠᠮᠠᠳ ᠠᠵᠢᠯ ᠠᠮᠢᠳᠤᠷᠠᠯ ᠤᠨ ᠶᠠᠭᠠᠷᠠᠤ ᠪᠤᠶᠤ ᠦᠯᠦ ᠬᠠᠶᠢᠬᠤᠷᠬᠤ ᠤᠪᠤᠷ ᠢᠶᠠᠷ ᠬᠡᠦᠬᠡᠳ ᠤᠨ ᠬᠦᠮᠦᠵᠢᠯ ᠢ ᠬᠠᠷᠢᠨ ᠰᠤᠷᠭᠠᠭᠤᠯᠢ᠂ ᠪᠠᠭᠰᠢ ᠳᠤ ᠨᠢ ᠲᠦᠯᠬᠢᠴᠢᠬᠡᠭᠰᠡᠨ ᠪᠠᠶᠢᠳᠠᠭ ᠬᠠᠷᠠᠭᠳᠠᠨ᠎ᠠ᠃ ᠡᠨᠡ ᠪᠤᠯ ᠲᠠᠷᠤᠢ ᠬᠠᠷᠢᠭᠤᠴᠠᠯᠭ᠎ᠠ ᠠᠯᠳᠠᠭᠳᠠᠵᠤ ᠪᠠᠶᠢᠭ᠎ᠠ ᠶᠢᠨ ᠢᠯᠡᠷᠡᠯ ᠶᠤᠮ᠃ ᠠᠪᠤ ᠡᠵᠢ ᠶᠢᠨ ᠬᠢᠨᠢ ᠦᠬᠡ ᠶᠠᠷᠢᠶ᠎ᠠ᠂ ᠦᠢᠯᠡ ᠬᠦᠳᠡᠯᠦᠯ ᠨᠢ ᠲᠡᠷᠡ ᠴᠢᠭ ᠢᠶᠠᠷ ᠢᠶᠠᠨ ᠬᠡᠦᠬᠡᠳ ᠲᠤ ᠨᠦᠯᠦᠬᠡ ᠪᠤᠯᠵᠤ᠂ ᠬᠡᠪ ᠲᠠᠭᠤᠷᠢᠶᠠᠯ ᠪᠤᠯᠵᠤ ᠪᠠᠶᠢᠳᠠᠭ᠃ ᠬᠡᠦᠬᠡᠳ ᠤᠨ ᠦᠰᠦᠨ ᠪᠤᠶᠢᠵᠢᠯᠳᠠ ᠶᠢᠨ ᠵᠠᠩᠬᠢᠯᠠᠭ᠎ᠠ ᠶᠢᠨ ᠶᠠᠪᠤᠴᠠ ᠳᠤ ᠠᠪᠤ ᠡᠵᠢ ᠪᠤᠯᠤᠭᠰᠠᠳ ᠬᠡᠷ ᠤᠨ ᠬᠦᠮᠦᠵᠢᠯ ᠢ ᠰᠠᠶᠢᠳᠤᠷ ᠬᠢᠬᠦ ᠨᠢ ᠬᠡᠦᠬᠡᠳ ᠤᠨ ᠵᠠᠩ ᠴᠢᠨᠠᠷ ᠤᠨ ᠲᠦᠯᠦᠪᠰᠢᠬᠦ᠂ ᠬᠤᠵᠢᠮ ᠬᠤᠶᠢᠰᠢᠳᠠ ᠶᠢᠨ ᠠᠵᠢᠯ ᠠᠮᠢᠳᠤᠷᠠᠯ ᠵᠡᠷᠬᠡ ᠲᠠᠢ ᠨᠢ ᠮᠠᠰᠢ ᠴᠢᠬᠤᠯᠠ ᠬᠤᠯᠪᠤᠭ᠎ᠠ ᠲᠠᠢ ᠪᠠᠶᠢᠳᠠᠭ᠃ ᠬᠠᠷᠢᠨ ᠡᠨᠡᠬᠦ ᠵᠠᠩᠬᠢᠯᠠᠭ᠎ᠠ ᠶᠢᠨ ᠴᠠᠭ ᠦᠶ᠎ᠡ ᠶᠢᠨ ᠬᠦᠮᠦᠵᠢᠯ ᠢ ᠰᠠᠶᠢᠳᠤᠷ ᠬᠢᠭᠰᠡᠨ ᠦᠬᠡᠢ ᠠᠴᠠ ᠪᠤᠯᠵᠤ ᠬᠡᠦᠬᠡᠳ ᠤᠨ ᠨᠢᠬᠡ ᠨᠠᠰᠤ ᠶᠢ ᠨᠦᠯᠦᠬᠡᠯᠡᠪᠡᠯ ᠬᠡᠮᠰᠢᠭᠰᠡᠨ ᠴᠦ ᠤᠷᠦ᠋ᠢᠳᠠᠬᠤ ᠨᠢ ᠮᠡᠳᠡᠬᠡᠵᠢ ᠪᠢᠯᠠ᠃ ᠡᠶᠢᠮᠦ ᠠᠴᠠ ᠬᠡᠷ ᠤᠨ ᠠᠬᠠᠮᠠᠳ ᠨᠠᠷ ᠴᠠᠭ ᠵᠠᠪ ᠢᠶᠠᠨ ᠵᠠᠶᠢᠴᠢᠯᠠᠨ ᠬᠡᠦᠬᠡᠳ ᠤᠨ ᠬᠦᠮᠦᠵᠢᠯ ᠢ ᠴᠢᠬᠤᠯᠠᠴᠢᠯᠠᠨ ᠠᠳᠬᠤᠵᠤ᠂ ᠠᠮᠢᠳᠤᠷᠠᠯ ᠤᠨ ᠠᠭᠤᠯᠭ᠎ᠠ ᠪᠤᠯᠭᠠᠨ ᠳᠤ ᠬᠡᠷ ᠤᠨ ᠬᠦᠮᠦᠵᠢᠯ ᠢ ᠠᠭᠤᠰᠬᠠᠨ ᠰᠢᠩᠬᠡᠬᠡᠵᠦ᠂ ᠬᠡᠦᠬᠡᠳ ᠲᠡᠬᠦᠦᠨᠡᠷ ᠲᠤ ᠪᠠᠨ ᠬᠠᠶᠢᠷ᠎ᠠ ᠬᠠᠷᠢᠭᠤᠴᠠᠯᠭ᠎ᠠ ᠶᠢ ᠮᠡᠳᠡᠷᠡᠬᠦᠯᠦᠨ ᠲᠠᠨᠢᠭᠤᠯᠵᠤ᠂ ᠬᠠᠷᠠᠬᠠᠨ ᠪᠠᠭ᠎ᠠ ᠠᠴᠠ ᠨᠢ ᠪᠡᠶ᠎ᠡ ᠶᠢ ᠨᠢ ᠲᠠᠭᠠᠭᠠᠯᠭᠠᠵᠤ᠂ ᠠᠵᠢᠯ ᠬᠦᠳᠡᠯᠮᠦᠷᠢ ᠳᠤ ᠤᠷᠤᠯᠴᠠᠭᠤᠯᠤᠨ᠂ ᠬᠠᠳᠠᠭᠤ ᠬᠦᠳᠡᠬᠦᠦ ᠶᠢ ᠲᠠᠨᠢᠭᠤᠯᠤᠨ᠂ ᠬᠦᠴᠢᠷ ᠪᠡᠷᠬᠡᠰᠢᠶᠡᠯ ᠢ ᠢᠯᠠᠨ ᠲᠠᠪᠠᠭ᠋ᠤ ᠰᠦᠰᠦ ᠵᠤᠷᠢᠭ ᠢ ᠨᠢ ᠬᠦᠮᠦᠵᠢᠬᠦᠯᠦᠨ᠂ ᠠᠪᠤ ᠡᠵᠢ ᠪᠠᠨ ᠬᠦᠨᠳᠦᠯᠡᠨ᠂ ᠠᠬᠠᠰ ᠵᠠᠬᠠᠰ ᠢᠶᠠᠨ ᠠᠴᠢᠯᠠᠵᠤ᠂ ᠬᠠᠮᠳᠤ ᠤᠯᠠᠨ ᠲᠠᠢ ᠪᠠᠨ ᠪᠦᠯᠬᠦᠮᠳᠡᠬᠦ ᠨᠡᠶᠢᠳᠡᠴᠢ ᠦᠵᠡᠯ ᠤᠨ ᠬᠦᠮᠦᠵᠢᠯ ᠵᠡᠷᠬᠡ ᠶᠢ ᠬᠢᠪᠡᠯ ᠵᠤᠬᠢᠬᠤ ᠪᠢᠯᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号