ᠲᠥᠪ ᠤᠨ ᠡᠳ᠋ ᠤᠨ ᠵᠠᠰᠠᠭ ᠠᠴᠠ 2020 ᠣᠨ ᠤ ᠬᠤᠲᠠ ᠬᠥᠳᠡᠭᠡ ᠶᠢᠨ ᠠᠯᠪᠠᠨ ᠵᠢᠷᠤᠮ ᠤᠨ | ᠰᠤᠷᠭᠠᠨ ᠬᠥᠮᠦᠵᠢᠯ ᠤᠨ ᠵᠠᠷᠤᠳᠠᠯ ᠤᠨ ᠨᠦᠬᠦᠪᠦᠷᠢ ᠮᠦᠡᠭᠭᠦ ᠶᠢ 1695.9 ᠳ᠋ᠦᠩᠰᠢᠭᠤᠷ ᠲᠥᠭᠦᠷᠢᠭ ᠪᠠᠭᠤᠯᠭᠠᠪᠠ | ᠂ ᠡᠨᠡ ᠨᠢ ᠲᠦᠷᠦᠭᠦᠤ ᠵᠢᠯ ᠤᠨ ᠬᠢ ᠠᠴᠠ ᠪᠠᠨ 130.6 ᠳ᠋ᠦᠩᠰᠢᠭᠤᠷ ᠲᠥᠭᠦᠷᠢᠭ ᠨᠡᠮᠡᠭᠳᠡᠵᠦ᠂ ᠨᠡᠮᠡᠭᠳᠡᠯ ᠤᠨ | ᠬᠡᠮᠵᠢᠶ᠎ᠡ ᠨᠢ 8.3% ᠳᠤ ᠬᠦᠷᠴᠡᠢ᠃ | 2020 ᠣᠨ ᠳᠤ᠂ ᠰᠤᠷᠭᠠᠨ ᠬᠥᠮᠦᠵᠢᠯ ᠤᠨ ᠵᠠᠷᠤᠳᠠᠯ ᠤᠨ ᠨᠦᠬᠦᠪᠦᠷᠢ ᠮᠦᠡᠭᠭᠦ ᠶᠢ ᠪᠠᠭᠤᠷᠠᠶ ᠭᠤᠬᠴᠤᠭ᠎ᠠ | ᠪᠣᠯᠤᠨ ᠶᠠᠳᠠᠭᠤ ᠬᠦᠴᠢᠷᠳᠡᠯᠲᠡᠶ ᠭᠠᠵᠠᠷ ᠣᠷᠣᠨ ᠲᠡᠰᠢ ᠢᠯᠡᠬᠦᠦ ᠦᠭᠴᠦ᠂ ᠣᠷᠣᠨ ᠨᠤᠲᠤᠭ ᠤᠨ ᠠᠯᠪᠠᠨ | ᠵᠢᠷᠤᠮ ᠤᠨ ᠰᠤᠷᠭᠠᠨ ᠬᠥᠮᠦᠵᠢᠯ ᠤᠨ ᠡᠬᠢ ᠪᠠᠶᠠᠯᠢᠭ ᠢᠶᠠᠨ ᠲᠣᠬᠢᠷᠠᠭᠤᠯᠤᠨ ᠰᠢᠯᠢᠳᠡᠭᠵᠢᠭᠦᠯᠬᠦ ᠶᠢ ᠦᠷᠭᠦᠯᠵᠢᠯᠡᠨ | ᠳᠡᠮᠵᠢᠵᠦ᠂ ᠬᠤᠳᠠ ᠬᠥᠳᠡᠭᠡ᠂ ᠣᠷᠣᠨ ᠪᠦᠰᠡ ᠶᠢᠨ ᠬᠤᠭᠤᠷᠣᠨᠳᠣᠬᠢ ᠵᠥᠷᠢᠶ᠎ᠡ ᠶᠢ ᠪᠠᠭᠠᠰᠬᠠᠵᠤ᠂ ᠰᠤᠷᠭᠠᠨ | ᠬᠥᠮᠦᠵᠢᠯ ᠤᠨ ᠬᠦᠷᠢᠶᠡᠨ ᠳᠠᠬᠢ ᠤᠯᠠᠨ ᠨᠡᠶᠢᠲᠡ ᠶᠢᠨ ᠦᠨᠳᠦᠰᠦᠨ ᠦᠢᠯᠡᠴᠢᠯᠡᠭᠡ ᠶᠢ ᠠᠳᠠᠯᠢ ᠲᠡᠭᠰᠢ ᠪᠣᠯᠭᠠᠬᠤ ᠶᠢ | ᠠᠬᠢᠭᠤᠯᠤᠨ᠎ᠠ᠃ | ᠪᠥᠬᠦ ᠤᠯᠤᠰ ᠤᠨ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠰᠣᠷᠣᠭᠴᠢ ᠨᠢᠭᠡᠪᠦᠷᠢ ᠶᠢᠨ ᠳᠤᠮᠳᠠᠴᠢ | ᠨᠡᠶᠢᠲᠡ ᠶᠢᠨ ᠬᠡᠷᠡᠭᠯᠡᠭᠡᠨ ᠤ ᠵᠠᠷᠤᠳᠠᠯ ᠤᠨ ᠰᠠᠭᠤᠷᠢ ᠲᠤᠭ᠎ᠠ ᠨᠣᠷᠮ᠎ᠠ ᠶᠢ ᠠᠳᠠᠯᠢ ᠪᠤᠯᠭᠠᠨ᠎ᠠ᠃ ᠬᠠᠪᠤᠷ | ᠤᠯᠠᠷᠢᠯ ᠤᠨ ᠰᠤᠷᠤᠯᠭ᠎ᠠ ᠶᠢᠨ ᠬᠤᠭᠤᠴᠠᠭ᠎ᠠ ᠠᠴᠠ ᠡᠬᠢᠯᠡᠨ᠂ ᠳᠤᠮᠳᠠ ᠪᠠᠷᠠᠭᠤᠨ ᠬᠡᠰᠡᠭ ᠤᠨ ᠭᠠᠵᠠᠷ | ᠣᠷᠣᠨ ᠤ ᠪᠠᠭ᠎ᠠ ᠰᠤᠷᠭᠠᠭᠤᠯᠢ ᠶᠢᠨ ᠰᠤᠷᠤᠭᠴᠢ ᠨᠢᠭᠡᠪᠦᠷᠢ ᠳᠤ ᠳᠤᠮᠳᠠᠴᠢ ᠪᠠᠷ ᠵᠢᠯ ᠳᠤ 600 ᠲᠥᠭᠦᠷᠢᠭ᠂ | ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢ ᠳᠤ 800 ᠲᠥᠭᠦᠷᠢᠭ ᠦᠭᠴᠦ ᠪᠠᠶᠢᠭᠰᠠᠨ ᠢ | ᠪᠠᠭ᠎ᠠ ᠰᠤᠷᠭᠠᠭᠤᠯᠢ ᠶᠢᠨ ᠰᠤᠷᠤᠬᠴᠢ ᠳᠤ 650 ᠲᠥᠭᠦᠷᠢᠭ᠂ ᠠᠩᠬ᠎ᠠ ᠵᠡᠷᠭᠡ ᠶᠢᠨ ᠳᠤᠮᠳᠠᠳᠤ | ᠰᠤᠷᠭᠠᠭᠤᠯᠢ ᠶᠢᠨ ᠰᠤᠷᠤᠬᠴᠢ ᠳᠤ 850 ᠲᠥᠭᠦᠷᠢᠭ ᠪᠣᠯᠭᠠᠨ ᠳᠡᠭᠡᠭᠰᠢᠯᠡᠭᠦᠯᠵᠦ᠂ ᠵᠡᠭᠦᠨ ᠬᠡᠰᠡᠭ ᠤᠨ ᠭᠠᠵᠠᠷ | ᠣᠷᠣᠨ ᠲᠠᠢ ᠠᠳᠠᠯᠢ ᠪᠤᠯᠭᠠᠨ᠎ᠠ︔ ᠡᠨᠡᠬᠦ ᠰᠠᠭᠤᠷᠢᠨ ᠳᠡᠭᠡᠷ᠎ᠡ᠂ ︽ᠭᠤᠷᠪᠠᠨ ᠣᠷᠣᠨ ᠭᠤᠷᠪᠠᠨ ᠵᠧᠤ︾ ᠶᠢᠨ ᠬᠠᠬᠢᠷ | ᠬᠦᠢᠳᠡᠨ ᠪᠠ ᠲᠡᠯᠡᠶ ᠶᠢᠨ ᠲᠦᠪᠰᠢᠨ ᠠᠴᠠ ᠥᠨᠳᠥᠷ ᠪᠠᠶᠢᠬᠤ ᠭᠠᠵᠠᠷ ᠣᠷᠣᠨ ᠤ ᠰᠤᠷᠭᠠᠭᠤᠯᠢ ᠶᠢᠨ ᠨᠡᠶᠢᠲᠡ ᠶᠢᠨ | ᠬᠡᠷᠡᠭᠯᠡᠭᠡᠨ ᠤ ᠵᠠᠷᠤᠳᠠᠯ ᠤᠨ ᠨᠥᠬᠦᠪᠥᠷᠢ ᠮᠦᠡᠭᠭᠦ ᠶᠢᠨ ᠲᠦᠪᠰᠢᠨ ᠢ ᠴᠢᠨᠠᠬᠰᠢᠳᠠ ᠳᠡᠭᠡᠭᠰᠢᠯᠡᠭᠦᠯᠵᠦ᠂ | ᠰᠤᠷᠭᠠᠭᠤᠯᠢ ᠶᠢᠨ ᠡᠪᠦᠯ ᠤᠨ ᠤᠯᠠᠷᠢᠯ ᠤᠨᠲ᠋ᠤᠯᠠᠭᠠᠯᠠᠭᠠ ᠶᠢᠨ ᠠᠰᠠᠭᠤᠳᠠᠯ ᠢ ᠰᠢᠢᠳᠪᠦᠷᠢᠯᠡᠬᠦ ᠶᠢ ᠳᠡᠮᠵᠢᠨ᠎ᠡ᠃ | ᠬᠥᠳᠡᠭᠡ ᠲᠣᠰᠬᠤᠨ ᠤ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠰᠤᠷᠭᠠᠭᠤᠯᠢ ᠶᠢᠨ ᠪᠠᠭᠰᠢ ᠶᠢᠨ | ᠣᠨᠴᠠᠭᠠᠢ ᠠᠵᠢᠯ ᠤᠨ ᠪᠠᠶᠢᠷᠢ ᠶᠢᠨ ᠲᠥᠯᠥᠪᠯᠡᠭᠡ ᠶᠢ ᠰᠠᠶᠢᠲᠤᠷ ᠬᠡᠷᠡᠭᠵᠢᠭᠦᠯᠦᠨ᠎ᠡ᠃ ︽ᠰᠠᠭᠤᠭᠠᠯᠢ | ᠠᠷᠠᠳ ᠤᠨ ᠠᠵᠢᠯ ᠣᠯᠬᠤ ᠶᠢ ᠪᠠᠲᠤᠯᠠᠬᠤ︾ ᠪᠠᠶᠢᠷᠢᠯᠠᠭᠤᠯᠤᠯᠲᠠ ᠶᠢ ᠨᠠᠶᠢᠳᠠᠪᠤᠷᠢᠵᠢᠭᠤᠯᠵᠤ᠂ ᠲᠦᠷᠦᠬᠦᠦ ᠵᠢᠯ ᠳᠤ | 1 ᠲᠦᠮᠡᠨ ᠬᠥᠮᠦᠨ ᠨᠡᠮᠡᠭᠳᠡᠭᠰᠡᠨ ᠰᠠᠭᠤᠷᠢᠨᠲ᠋ᠡᠭᠡᠷ᠎ᠡ᠂ ᠣᠨᠴᠠᠭᠠᠢ ᠠᠵᠢᠯ ᠤᠨ ᠪᠠᠶᠢᠷᠢ ᠶᠢᠨ ᠪᠠᠭᠰᠢ ᠡᠯᠰᠡᠬᠦ | ᠬᠡᠪᠴᠢᠶ᠎ᠡ ᠶᠢ 5000 ᠬᠦᠮᠦᠨ ᠡᠯᠰᠡᠬᠦ ᠪᠤᠯᠭᠠᠨ ᠴᠢᠨᠠᠬᠰᠢᠳᠠ ᠥᠷᠭᠡᠳᠬᠡᠵᠦ᠂ 10.5 ᠲᠦᠮᠡᠨ ᠬᠥᠮᠦᠨ ᠳᠤ | ᠬᠦᠷᠭᠡᠵᠦ᠂ ᠶᠠᠳᠠᠭᠤ ᠬᠦᠴᠢᠷᠳᠡᠯᠲᠡᠶ ᠭᠠᠵᠠᠷ ᠣᠷᠣᠨ ᠪᠣᠯᠤᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ | ᠬᠢᠵᠢᠭ ᠬᠦᠨᠳᠦ ᠨᠣᠴᠢᠲᠠᠶ ᠪᠠᠶᠢᠭ᠎ᠠ ᠭᠠᠵᠠᠷ ᠣᠷᠣᠨ ᠤ ᠲᠣᠰᠬᠤᠨ ᠤ ᠪᠠᠭ᠎ᠠ ᠰᠤᠷᠭᠠᠭᠤᠯᠢ᠂ ᠵᠢᠭᠠᠨ ᠰᠤᠷᠭᠠᠬᠤ | ᠴᠡᠭ ᠤᠨ ᠪᠠᠭᠰᠢ ᠨᠠᠷ ᠤᠨ ᠨᠥᠬᠦᠪᠥᠷᠢ ᠮᠦᠡᠭᠭᠦ ᠶᠢᠨ ᠬᠡᠷᠡᠭᠴᠡᠭᠡ ᠶᠢ ᠡᠩ ᠲᠡᠷᠢᠭᠦᠨ ᠳᠤ ᠬᠠᠩᠭᠠᠬᠤ ᠶᠢᠨ ᠬᠠᠮᠲᠤ | ᠬᠤᠪᠸᠢ ᠨᠤᠲᠤᠭ ᠲᠠᠢ ᠪᠠ ᠬᠤᠪᠸᠢ ᠮᠤᠵᠢ ᠶᠢᠨ ᠶᠡᠭᠡ ᠳᠡᠭᠡᠳᠦ ᠰᠤᠷᠭᠠᠭᠤᠯᠢ ᠠᠴᠠ ᠲᠡᠭᠦᠰᠦᠭᠰᠡᠳ ᠲᠤ ᠢᠯᠡᠬᠦᠦ | ᠬᠠᠷᠠᠭᠠᠯᠵᠠᠯ ᠦᠵᠡᠬᠦᠯᠦᠨ᠎ᠡ᠃ | ᠬᠥᠳᠡᠭᠡ ᠲᠣᠰᠬᠤᠨ ᠤ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠰᠤᠷᠤᠭᠴᠢᠳ ᠤᠨ ᠰᠢᠮ᠎ᠡ | ᠲᠡᠵᠢᠭᠡᠯ ᠢ ᠰᠠᠶᠢᠵᠢᠷᠠᠭᠤᠯᠬᠤ ᠲᠥᠯᠥᠪᠯᠡᠭᠡ ᠶᠢ ᠭᠦᠨᠵᠡᠭᠡᠶ ᠬᠡᠷᠡᠭᠵᠢᠭᠦᠯᠦᠨ᠎ᠡ᠃ ᠤᠯᠤᠰ ᠤᠨ ᠲᠤᠷᠰᠢᠯᠲᠠ ᠶᠢᠨ ᠭᠠᠵᠠᠷ | ᠣᠷᠣᠨ ᠤ ᠬᠡᠷᠡᠭᠰᠡᠬᠦ ᠪᠡᠯᠡ ᠮᠥᠩᠭᠦ ᠶᠢ ᠪᠦᠬᠦᠨ ᠢ ᠲᠥᠪ ᠤᠨ ᠡᠳ᠋ ᠤᠨ ᠵᠠᠰᠠᠭ ᠠᠴᠠ ᠡᠭᠦᠷᠭᠡᠯᠡᠨ᠎ᠡ᠃ | ᠣᠷᠣᠨ ᠨᠤᠲᠤᠭ ᠤᠨ ᠲᠤᠷᠰᠢᠯᠲᠠ ᠶᠢᠨ ᠴᠡᠭ ᠤᠨ ᠭᠠᠵᠠᠷ ᠣᠷᠣᠨ ᠢ ᠱᠠᠩᠨᠠᠵᠤ ᠨᠥᠬᠦᠪᠥᠷᠢᠯᠡᠬᠦ ᠡᠷᠴᠢᠮ ᠢ | ᠴᠢᠨᠠᠬᠰᠢᠳᠠ ᠴᠢᠩᠭᠠᠷᠠᠭᠤᠯᠵᠤ᠂ ᠣᠷᠣᠨ ᠨᠤᠲᠤᠭ ᠤᠨ ᠲᠤᠷᠰᠢᠯᠲᠠ ᠶᠢᠨ ᠴᠡᠭ ᠤᠨ ᠪᠠᠷᠢᠮᠵᠢᠶ᠎ᠠ ᠨᠢ 4 | ᠲᠥᠭᠦᠷᠢᠭ ᠤᠨ ᠤᠯᠤᠰ ᠤᠨ ᠰᠠᠭᠤᠷᠢ ᠪᠠᠷᠢᠮᠵᠢᠶ᠎ᠠ ᠳᠤ ᠬᠦᠷᠦᠭᠰᠡᠨ ᠮᠤᠵᠢ ᠣᠷᠣᠨ ᠤ ᠰᠤᠷᠤᠭᠴᠢ ᠨᠢᠭᠡᠪᠦᠷᠢ ᠳᠤ | ᠳᠤᠮᠳᠠᠴᠢ ᠪᠠᠷ 3 ᠲᠥᠭᠦᠷᠢᠭ ᠤᠨᠲ᠋ᠣᠭᠲᠠᠭᠰᠠᠨ ᠲᠤᠭᠠᠨ ᠤ ᠱᠠᠩᠨᠠᠯ ᠤᠨ ᠨᠥᠬᠦᠪᠥᠷᠢ ᠮᠦᠡᠭᠭᠦ ᠦᠭᠭᠦᠨ᠎ᠡ᠃ | ᠬᠥᠳᠡᠭᠡ ᠲᠣᠰᠬᠤᠨ ᠤ ᠰᠤᠷᠭᠠᠭᠤᠯᠢ ᠶᠢᠨ ᠪᠠᠶᠢᠷᠢ ᠶᠢᠨ ᠠᠮᠤᠷ ᠲᠦᠪᠰᠢᠨ ᠢ ᠪᠠᠲᠤᠯᠠᠬᠤ ᠤᠷᠲᠤ | ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢᠨ ᠪᠡᠯᠡ ᠣᠷᠣᠭᠤᠯᠤᠯᠲᠠ ᠶᠢᠨ ᠡᠷᠴᠢᠮ ᠢ ᠴᠢᠩᠭᠠᠷᠠᠭᠤᠯᠵᠤ᠂ ᠣᠷᠣᠨ | ᠨᠤᠲᠤᠭ ᠤᠨ ᠰᠣᠷᠣᠭᠴᠢ ᠶᠢᠨ ᠲᠤᠭ᠎ᠠ ᠬᠡᠲᠦᠷᠡᠭᠰᠡᠨ ᠠᠩᠭᠢ ᠶᠢ ᠦᠭᠡᠢ ᠪᠤᠯᠭᠠᠬᠤ ᠳᠤ ᠨᠢᠭᠡᠳᠦᠯᠲᠡᠶ ᠲᠥᠯᠥᠪᠯᠡᠨ | ᠬᠡᠷᠡᠭᠯᠡᠬᠦ ᠶᠢ ᠳᠡᠮᠵᠢᠵᠦ᠂ ᠰᠢᠶᠠᠩ ᠪᠠᠯᠭᠠᠰᠤ ᠶᠢᠨ ᠪᠠᠶᠢᠷᠢ ᠳᠤ ᠰᠠᠭᠤᠬᠤ ᠳᠦᠷᠢᠮᠲᠦ ᠰᠤᠷᠭᠠᠭᠤᠯᠢ ᠪᠠ ᠬᠥᠳᠡᠭᠡ | ᠲᠣᠰᠬᠤᠨ ᠤ ᠪᠠᠭ᠎ᠠ ᠬᠡᠪᠴᠢᠶᠡᠨ ᠤ ᠰᠤᠷᠭᠠᠭᠤᠯᠢ ᠶᠢᠨ ᠳᠤᠲᠠᠭᠤᠳᠠᠯ ᠢ ᠦᠨᠳᠦᠰᠦᠨ ᠳᠡᠭᠡᠨ | ᠨᠥᠬᠦᠪᠥᠷᠢᠯᠡᠨ᠎ᠡ᠃ ᠪᠡᠯᠡ ᠣᠷᠣᠭᠤᠯᠤᠯᠲᠠ ᠪᠠᠨ ᠨᠡᠮᠡᠭᠳᠡᠭᠦᠯᠬᠦ ᠶᠢᠨ ᠬᠠᠮᠲᠤ᠂ ᠡᠳ᠋ ᠤᠨᠵᠠᠰᠠᠭ ᠤᠨ ᠶᠠᠮᠤᠨ | ᠰᠤᠷᠭᠠᠨ ᠬᠥᠮᠦᠵᠢᠯ ᠤᠨ ᠶᠠᠮᠤᠨ ᠲᠠᠢ ᠬᠠᠮᠲᠤᠷᠠᠨ ᠮᠤᠵᠢ ᠶᠢᠨ ᠱᠠᠲᠤᠨ ᠤ ᠰᠤᠷᠭᠠᠨ ᠬᠥᠮᠦᠵᠢᠯ ᠪᠠ | ᠡᠳ᠋ ᠤᠨᠵᠠᠰᠠᠭ ᠤᠨ ᠰᠠᠯᠠᠭ᠎ᠠ ᠮᠥᠴᠢᠷ ᠢ ᠱᠠᠯᠠᠪᠳᠠᠵᠣ ᠪᠠᠶᠢᠭᠠᠳ ᠨᠢᠭᠡᠳᠦᠯᠲᠡᠶ ᠲᠥᠯᠥᠪᠯᠡᠬᠦ ᠦᠢᠯᠡᠳᠦᠯ ᠢ ᠨᠢ | ᠦᠨᠡᠨᠬᠦ ᠪᠠᠳᠠᠷᠠᠭᠤᠯᠵᠤ᠂ ᠣᠷᠣᠨ ᠨᠤᠲᠤᠭ ᠢ ᠵᠢᠯᠣᠭᠤᠳᠴᠤ ᠪᠠᠶᠢᠭᠠᠳ ᠠᠯᠪᠠᠨ ᠵᠢᠷᠤᠮ ᠤᠨ ᠰᠤᠷᠭᠠᠨ ᠬᠥᠮᠦᠵᠢᠯ ᠢ | ᠪᠠᠳᠤᠯᠠᠭ᠎ᠠ ᠲᠠᠢ ᠪᠤᠯᠭᠠᠬᠤ ᠪᠤᠭᠤᠮᠳᠠ ᠰᠢᠪᠳᠤᠯᠬᠤ ᠠᠵᠢᠯ ᠢ ᠰᠠᠶᠢᠲᠤᠷ ᠬᠢᠯᠭᠡᠨ᠎ᠡ᠃ ᠨᠢᠭᠡᠨᠲᠡ ᠲᠣᠭᠲᠠᠭᠰᠠᠨ | ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠬᠠᠷᠠᠯᠲᠠ ᠪᠠ ᠣᠳᠣ ᠶᠢᠨ ᠬᠡᠷᠡᠭᠵᠢᠭᠦᠯᠵᠦ ᠪᠠᠶᠢᠭ᠎ᠠ | ᠶᠠᠳᠠᠭᠤ ᠶᠢ ᠲᠡᠳᠬᠦᠬᠦ ᠪᠠᠷᠢᠮᠵᠢᠶ᠎ᠠ ᠶᠢ ᠪᠠᠷᠢᠮᠲᠠᠯᠠᠬᠤ ᠶᠢᠨ ᠰᠠᠭᠤᠷᠢᠨ ᠳᠡᠭᠡᠷ᠎ᠡ᠂ ᠠᠷᠭ᠎ᠠ ᠪᠣᠳᠣᠯᠭ᠎ᠠ ᠶᠢ ᠨᠠᠷᠢᠯᠢᠭ | ᠣᠨᠣᠪᠴᠢᠲᠠᠶ ᠬᠡᠷᠡᠭᠵᠢᠭᠦᠯᠵᠦ᠂ ︽ᠭᠤᠷᠪᠠᠨ ᠣᠷᠣᠨ ᠭᠤᠷᠪᠠᠨ ᠵᠧᠤ︾ ᠵᠡᠷᠭᠡ ᠣᠨᠴᠠ ᠶᠠᠳᠠᠭᠤ ᠬᠦᠴᠢᠷᠳᠡᠯᠲᠡᠶ | ᠭᠠᠵᠠᠷ ᠣᠷᠣᠨ᠂ ᠢᠯᠠᠩᠭᠤᠶ᠎ᠠ ᠶᠠᠳᠠᠭᠤ ᠠᠴᠠ ᠠᠩᠭᠢᠵᠢᠷᠠᠭᠤᠯᠬᠤ ᠪᠠᠷ ᠪᠣᠭᠤᠮᠲᠠ ᠰᠢᠪᠲᠤᠯᠬᠤ ᠲᠠᠶᠢᠯᠠᠯᠳᠤᠭᠠᠨ | ᠬᠢᠵᠦ ᠪᠠᠶᠢᠭ᠎ᠠ ᠰᠢᠶᠠᠨ ᠪᠠ ᠲᠠᠩᠰᠠ ᠡᠪᠬᠡᠮᠡᠯ ᠪᠠᠶᠢᠭᠤᠯᠤᠨ ᠺᠠᠷᠲ᠋ᠠᠯᠠᠬᠰᠠᠨ ᠵᠡᠷᠭᠡ ᠶᠠᠳᠠᠭᠤ ᠬᠦᠴᠢᠷᠳᠡᠯᠲᠡᠶ | ᠬᠥᠮᠦᠨ ᠠᠮᠠ ᠳᠤ ᠢᠯᠡᠬᠦᠦ ᠬᠠᠷᠠᠭᠠᠯᠵᠠᠯ ᠦᠵᠡᠬᠦᠯᠦᠨ᠎ᠡ᠃ | ᠡᠳ᠋ ᠤᠨ ᠵᠠᠰᠠᠭ ᠤᠨ ᠶᠠᠮᠤᠨ ᠤ ᠬᠢᠨ ᠬᠡᠯᠡᠬᠦ ᠳᠡᠭᠡᠨ᠂ ᠠᠷᠪᠠᠨ ᠭᠤᠷᠪᠠᠳᠤᠭᠠᠷ ᠲᠠᠪᠤᠨ ᠵᠢᠯ ᠤᠨ | ᠲᠥᠯᠥᠪᠵᠢᠭᠦᠯᠭᠡ ᠶᠢᠨ ᠬᠤᠭᠤᠴᠠᠭᠠᠨ ᠳᠤ ᠲᠥᠪ ᠤᠨ ᠡᠳ᠋ ᠤᠨ ᠵᠠᠰᠠᠭ ᠠᠴᠠ ᠨᠡᠶᠢᠲᠡ 7495 ᠳ᠋ᠦᠩᠰᠢᠭᠤᠷ | ᠲᠥᠭᠦᠷᠢᠭ ᠤᠨ ᠰᠤᠷᠭᠠᠨ ᠬᠦᠮᠦᠵᠢᠯ ᠤᠨᠵᠠᠷᠤᠳᠠᠯ ᠤᠨ ᠨᠥᠬᠦᠪᠥᠷᠢ ᠮᠦᠡᠭᠭᠦ ᠲᠣᠬᠢᠷᠠᠭᠤᠯᠵᠤ᠂ ᠵᠢᠯ ᠪᠦᠷᠢ ᠶᠢᠨ | ᠳᠤᠮᠳᠠᠴᠢ ᠨᠡᠮᠡᠭᠳᠡᠯ ᠨᠢ 5.97% ᠳᠤ ᠬᠦᠷᠴᠡᠢ᠃ ᠡᠭᠦᠨ ᠳᠤ ᠬᠥᠳᠡᠭᠡ ᠲᠣᠰᠬᠤᠨ ᠳᠤ ᠬᠡᠷᠡᠭᠯᠡᠭᠰᠡᠨ ᠪᠡᠯᠡ | ᠮᠥᠩᠭᠦ ᠶᠢᠨ ᠬᠠᠷᠢᠴᠠᠯ 90% ᠣᠷᠴᠢᠮ ᠢ ᠡᠵᠡᠯᠡᠬᠦ︔ ᠳᠤᠮᠳᠠ ᠪᠠᠷᠠᠭᠤᠨ ᠬᠡᠰᠡᠭ ᠤᠨ ᠭᠠᠵᠠᠷ ᠣᠷᠣᠨ ᠳᠤ | ᠬᠡᠷᠡᠭᠯᠡᠭᠰᠡᠨ ᠪᠡᠯᠡ ᠮᠥᠩᠭᠦ ᠶᠢᠨ ᠬᠠᠷᠢᠴᠠᠯ 80% ᠠᠴᠠ ᠳᠡᠭᠡᠭᠰᠢ ᠶᠢ ᠡᠵᠡᠯᠡᠬᠦ ᠶᠢ ᠪᠠᠲᠤᠯᠠᠵᠡᠢ᠃ ᠪᠦᠬᠦ | ᠤᠯᠤᠰ ᠲᠤ ᠵᠢᠯ ᠪᠦᠷᠢ ᠪᠠᠷᠤᠭ 1.54 ᠳ᠋ᠦᠩᠰᠢᠭᠤᠷ ᠰᠤᠷᠤᠭᠴᠢ ᠶᠢᠨ ᠰᠤᠷᠤᠯᠭ᠎ᠠ ᠶᠢᠨ ᠰᠤᠯᠠ ᠵᠠᠷᠤᠳᠠᠯ ᠢ | ᠬᠡᠯᠲᠦᠷᠢᠭᠦᠯᠵᠦ ᠪᠠᠶᠢᠬᠤ ᠪᠥᠭᠡᠳ ᠬᠢᠴᠢᠶᠡᠯ ᠤᠨ ᠪᠢᠴᠢᠭ ᠠᠴᠠ ᠰᠦᠢᠳᠭᠡᠯ ᠬᠤᠷᠢᠶᠠᠬᠤ ᠦᠭᠡᠢ ᠪᠠᠶᠢᠵᠤ᠂ | ᠪᠠᠷᠤᠭ ᠭᠡᠷ ᠤᠨ ᠠᠮᠢᠳᠤᠷᠠᠯ ᠨᠢ ᠬᠦᠴᠢᠷᠳᠡᠯ ᠲᠠᠢ 2500 ᠲᠦᠮᠡᠨ ᠰᠤᠷᠤᠭᠴᠢ ᠳᠤ ᠠᠮᠢᠳᠤᠷᠠᠯ ᠤᠨ ᠨᠥᠬᠦᠪᠥᠷᠢ | ᠤᠯᠭᠤᠵᠤ᠂ ᠬᠤᠲᠠ ᠣᠷᠣᠵᠤ ᠬᠥᠯᠥᠰᠥᠨ ᠠᠵᠢᠯ ᠬᠢᠵᠦ ᠪᠠᠶᠢᠭ᠎ᠠ 1400 ᠲᠦᠮᠡᠨ ᠬᠥᠯᠥᠰᠥᠨ ᠠᠵᠢᠯᠴᠢᠨ ᠤ | ᠳᠠᠭᠠᠵᠤ ᠨᠡᠭᠦᠭᠰᠡᠨ ᠦᠷ᠎ᠡ ᠬᠡᠦᠬᠡᠳ ᠤᠨ ᠰᠤᠷᠤᠬᠴᠢ ᠨᠢᠭᠡᠪᠦᠷᠢ ᠶᠢᠨ ᠨᠡᠶᠢᠲᠡ ᠶᠢᠨ ᠬᠡᠷᠡᠭᠯᠡᠭᠡᠨ ᠤ ᠵᠠᠷᠤᠳᠠᠯ ᠤᠨ | ᠰᠠᠭᠤᠷᠢ ᠲᠤᠭ᠎ᠠ ᠨᠣᠷᠮ᠎ᠠ ᠪᠠ ︽ᠬᠤᠶᠠᠷ ᠢ ᠬᠡᠯᠲᠦᠷᠢᠭᠦᠯᠵᠦ ᠨᠢᠭᠡ ᠶᠢ ᠨᠥᠬᠦᠪᠥᠷᠢᠯᠡᠬᠦ︾ ᠵᠠᠷᠤᠳᠠᠯ ᠢ ᠲᠠᠭᠠᠭᠤᠯᠤᠨ | ᠶᠠᠪᠤᠭᠤᠯᠵᠤ᠂ ᠰᠢᠮ᠎ᠡ ᠲᠡᠵᠢᠭᠡᠯ ᠢ ᠰᠠᠶᠢᠵᠢᠷᠠᠭᠤᠯᠬᠤ ᠲᠥᠯᠥᠪᠯᠡᠭᠡ ᠨᠢ ᠪᠠᠷᠤᠭ 3200 ᠲᠦᠮᠡᠨ ᠶᠠᠳᠠᠭᠤ | ᠬᠦᠴᠢᠷᠳᠡᠯᠲᠡᠶ ᠭᠠᠵᠠᠷ ᠣᠷᠣᠨ ᠤ ᠰᠤᠷᠤᠭᠴᠢᠳ ᠲᠤ ᠠᠰᠢᠭ ᠬᠦᠷᠲᠡᠭᠡᠵᠡᠢ ᠬᠡᠪᠡ᠃ |