ᠬᠡᠦᠬᠡᠳ ᠪᠤᠯ ᠪᠢᠳᠡᠨ ᠤ ᠲᠤᠯᠢ ᠮᠦᠨ
ᠨᠡᠶᠢᠲᠡᠯᠡᠭᠰᠡᠨ ᠴᠠᠭ᠄
2020/12/31
    ᠭᠡᠷ ᠪᠦᠯᠢ ᠶᠢᠨ ᠰᠤᠷᠭᠠᠨ ᠬᠦᠮᠦᠵᠢᠯ ᠳᠤ ᠤᠯᠠᠩᠬᠢ ᠬᠦᠮᠦᠰ ᠬᠡᠦᠬᠡᠳ ᠤᠨ ᠡᠳᠦᠢ ᠳᠡᠳᠦᠢ ᠠᠰᠠᠭᠤᠳᠠᠯ ᠢ ᠬᠤᠪᠢᠷᠠᠭᠤᠯᠬᠤ ᠬᠡᠮᠡᠨ ᠤᠭᠤᠷᠠᠭ ᠲᠠᠷᠢᠬᠢ ᠪᠠᠨ ᠰᠢᠪᠬᠠᠳᠠᠭ᠃ ᠪᠠᠰᠠ ᠤᠯᠠᠨ ᠬᠡᠦᠬᠡᠳ ᠳᠤᠰᠬᠠᠢ ᠵᠢᠭᠠᠵᠤ ᠳᠤᠬᠢᠬᠤ ᠦᠬᠡᠢ ᠪᠠᠷ ᠤᠯᠠᠨ ᠮᠡᠳᠡᠯᠭᠡ ᠴᠢᠳᠠᠪᠤᠷᠢ ᠡᠵᠡᠮᠰᠢᠵᠦ᠂ ᠰᠠᠶᠢᠨ ᠰᠠᠶᠢᠬᠠᠨ ᠵᠠᠩ ᠳᠠᠳᠬᠠᠯ ᠲᠠᠢ ᠪᠤᠯᠵᠤ ᠬᠦᠮᠦᠵᠢᠳᠡᠭ᠃ ᠡᠨᠡ ᠨᠢ ᠳᠠᠷᠤᠢ ᠭᠡᠷ ᠤᠨ ᠠᠬᠠᠮᠠᠳ ᠤᠨ ᠬᠡᠪ ᠳᠠᠭᠤᠷᠢᠶᠠᠯ᠂ ᠭᠡᠷ ᠪᠦᠯᠢ ᠶᠢᠨ ᠤᠷᠴᠢᠨ ᠲᠤᠭᠤᠷᠢᠨ ᠤ ᠨᠦᠯᠦᠭᠡ ᠪᠤᠯᠤᠨ᠎ᠠ᠃ ᠬᠡᠷᠪᠡ ᠪᠢᠳᠡ ᠬᠡᠦᠬᠡᠳ ᠢᠶᠠᠨ ᠰᠠᠶᠢᠨ ᠰᠠᠶᠢᠬᠠᠨ ᠵᠠᠩ ᠳᠠᠳᠬᠠᠯ ᠲᠠᠢ ᠪᠤᠯᠭᠠᠶ᠎ᠠ ᠭᠡᠪᠡᠯ ᠶᠠᠭᠤᠨ ᠤ ᠡᠮᠦᠨ᠎ᠡ ᠭᠡᠷ ᠤᠨ ᠠᠬᠠᠮᠠᠳ ᠦᠪᠡᠷ ᠤᠨ ᠪᠡᠶ᠎ᠡ ᠠᠴᠠ ᠪᠠᠨ ᠡᠬᠢᠯᠡᠬᠦ ᠬᠡᠷᠡᠭᠳᠡᠢ᠃     ᠰᠤᠷᠭᠠᠨ ᠬᠦᠮᠦᠵᠢᠯ ᠤᠨ ᠳᠤᠬᠠᠢ ᠡᠶᠢᠮᠦ ᠠᠯᠳᠠᠷᠳᠤ ᠪᠠᠳᠠᠬ ᠪᠠᠶᠢᠳᠠᠭ᠃ ᠳᠠᠷᠤᠢ᠂ ᠬᠡᠦᠬᠡᠳ ᠢᠶᠠᠨ ᠰᠤᠷᠭᠠᠬᠤ ᠭᠡᠵᠤ ᠵᠤᠪᠠᠭ᠋ᠤ ᠬᠡᠷᠡᠭ ᠦᠭᠡᠢ᠂ ᠲᠡᠷᠡ ᠶᠠᠭ ᠳᠠᠨ ᠲᠠᠢ ᠠᠳᠠᠯᠢᠬᠠᠨ ᠪᠤᠯᠤᠨ᠎ᠠ᠂ ᠲᠠ ᠦᠪᠡᠷ ᠢ ᠪᠠᠨ ᠰᠠᠶᠢᠨ ᠰᠤᠷᠭᠠᠬᠤ ᠯᠡ ᠴᠢᠬᠤᠯᠠ ᠲᠠᠢ ᠪᠠᠶᠢᠨ᠎ᠠ᠃ ᠡᠨᠡ ᠨᠢ ᠬᠡᠪ ᠳᠠᠭᠤᠷᠢᠶᠠᠯ ᠪᠤᠶᠤ ᠭᠡᠷ ᠤᠨ ᠠᠬᠠᠮᠠᠳ ᠤᠨ ᠨᠦᠯᠦᠭᠡ ᠶᠢ ᠬᠡᠳᠦ ᠶᠠᠭᠡᠰᠭᠡᠭᠰᠡᠨ ᠴᠦ ᠮᠠᠭᠠᠳ᠂ ᠭᠡᠪᠡᠴᠦ ᠦᠪᠡᠷ ᠤᠨ ᠢᠶᠠᠨ ᠶᠤᠰᠤ ᠤᠴᠢᠷ ᠲᠠᠢ ᠶᠤᠮ᠃ ᠠᠮᠧᠷᠢᠺᠡ ᠶᠢᠨ ᠨᠡᠶᠢᠭᠡᠮ ᠵᠦᠢ ᠶᠢᠨ ᠡᠷᠳᠡᠮᠳᠡᠨ ᠺᠦᠯᠢ ︽ᠲᠤᠯᠢᠨ ᠳᠤᠳᠤᠷᠠᠬᠢ ᠪᠢ︾ ᠭᠡᠳᠡᠭ ᠤᠨᠤᠯ ᠳᠠᠭᠠᠨ ᠬᠦᠮᠦᠨ ᠪᠤᠯᠭᠠᠨ ᠪᠤᠰᠤᠳ ᠬᠦᠮᠦᠨ ᠤ ᠲᠤᠯᠢ᠂ ᠤᠴᠠᠷᠠᠬᠰᠠᠨ ᠬᠦᠮᠦᠨ ᠪᠤᠯᠭᠠᠨ ᠢ ᠲᠤᠯᠢᠳᠠᠨ ᠲᠤᠰᠬᠠᠵᠤ ᠪᠠᠶᠢᠳᠠᠭ ᠭᠡᠵᠤ ᠶᠠᠷᠢᠬᠰᠠᠨ ᠪᠠᠶᠢᠳᠠᠭ᠃     ᠬᠡᠨ ᠴᠤ ᠮᠡᠳᠡᠬᠡᠵᠢ ᠪᠠᠷ ᠭᠬᠢᠷ ᠦᠭᠡᠢ ᠴᠠᠭᠠᠨ ᠴᠠᠭᠠᠰᠤ ᠮᠡᠳᠦ ᠬᠡᠦᠬᠡᠳ ᠲᠤ ᠲᠤᠯᠢᠨ ᠤ ᠤᠨᠤᠯ ᠤᠨ ᠦᠢᠯᠡᠳᠦᠯ ᠨᠡᠩ ᠴᠢᠩᠭ᠎ᠠ ᠪᠠᠶᠢᠳᠠᠭ᠃ ᠬᠡᠦᠬᠡᠳ ᠲᠤ ᠤᠤᠯ ᠨᠢ ᠰᠠᠶᠢᠨ ᠮᠠᠭᠤ ᠳᠠᠳᠬᠠᠯ ᠤᠨ ᠠᠯᠢ ᠨᠢ ᠴᠦ ᠪᠠᠶᠢᠭ᠎ᠠ ᠦᠭᠡᠢ᠃ ᠭᠡᠷ ᠪᠦᠯᠢ ᠶᠢᠨ ᠬᠦᠮᠦᠵᠢᠯ᠂ ᠨᠡᠶᠢᠭᠡᠮ ᠤᠨ ᠬᠦᠮᠦᠵᠢᠯ᠂ ᠰᠤᠷᠭᠠᠭᠤᠯᠢ ᠶᠢᠨ ᠬᠦᠮᠦᠵᠢᠯ ᠤᠨ ᠳᠤᠮᠳᠠ ᠯᠡ ᠬᠡᠦᠬᠡᠳ ᠲᠤ ᠰᠠᠶᠢᠨ ᠮᠠᠭᠤ ᠳᠠᠳᠬᠠᠯ ᠪᠤᠢ ᠪᠤᠯᠤᠬᠰᠠᠨ ᠪᠠᠶᠢᠳᠠᠭ᠃ ᠡᠨᠡ ᠪᠤᠯ ᠳᠠᠷᠤᠢ ᠰᠤᠷᠭᠠᠨ ᠬᠦᠮᠦᠵᠢᠯ ᠤᠨ ᠤᠷᠴᠢᠨ ᠲᠤᠭᠤᠷᠢᠨ ᠯᠤᠭ᠎ᠠ ᠬᠤᠯᠪᠤᠭ᠎ᠠ ᠲᠠᠢ ᠶᠤᠮ᠃ ᠡᠭᠦᠨ ᠳᠤ ᠶᠠᠷᠢᠶᠠᠨ ᠦᠭᠡᠢ ᠠᠪᠤ ᠡᠵᠢ᠂ ᠭᠡᠷ ᠤᠨ ᠠᠬᠠᠮᠠᠳ ᠪᠤᠯᠤᠬᠰᠠᠳ ᠤᠨ ᠨᠦᠯᠦᠭᠡ ᠶᠡᠭᠡ ᠪᠠᠶᠢᠳᠠᠭ᠃ ᠤᠴᠢᠷ ᠨᠢ ᠳᠡᠳᠡ ᠪᠤᠯ ᠬᠡᠦᠬᠡᠳ ᠤᠨ ᠠᠩᠬᠠᠨ ᠤ ︽ᠪᠠᠭᠰᠢ︾᠂ ᠬᠡᠦᠬᠡᠳ ᠳᠡᠳᠡᠨ ᠤ ᠦᠭᠡ ᠶᠠᠷᠢᠶ᠎ᠠ ᠦᠢᠯᠡ ᠠᠵᠢᠯᠯᠠᠭ᠎ᠠ ᠠᠴᠠ ᠦᠪᠡᠷ ᠤᠨ ᠢᠶᠠᠨ ᠭᠡᠰᠡᠨ ᠦᠵᠡᠯᠳᠡ ᠪᠤᠳᠤᠯ᠂ ᠵᠠᠩ ᠳᠠᠳᠬᠠᠯ ᠢ ᠪᠦᠷᠢᠯᠳᠦᠭᠦᠯᠳᠡᠭ ᠪᠠᠶᠢᠨ᠎ᠠ᠃     ᠮᠢᠨᠤ ᠮᠡᠳᠡᠳᠡᠭ ᠬᠤᠶᠠᠷ ᠠᠶᠢᠯ ᠢᠶᠠᠷ ᠵᠢᠱᠢᠶᠡᠯᠡᠪᠡᠯ᠂ ᠨᠢᠭᠡ ᠭᠡᠷ ᠤᠨ ᠠᠪᠤ ᠨᠢ ᠨᠤᠮ ᠤᠩᠰᠢᠬᠤ ᠳᠤᠷᠠᠳᠠᠢ᠃ ᠬᠡᠦᠬᠡᠳ ᠲᠡᠭᠡᠨ ᠨᠤᠮ ᠤᠩᠰᠢᠬᠤ ᠬᠡᠷᠡᠭᠳᠡᠢ ᠭᠡᠵᠤ ᠶᠠᠷᠦ ᠱᠠᠭᠠᠷᠳᠠᠵᠤ ᠪᠠᠶᠢᠭ᠎ᠠ ᠦᠭᠡᠢ᠃ ᠭᠡᠪᠡᠴᠦ ᠬᠤᠶᠠᠷ ᠬᠡᠦᠬᠡᠳ ᠨᠢ ᠨᠤᠮ ᠤᠩᠰᠢᠬᠤ ᠳᠠᠳᠬᠠᠯ ᠲᠠᠢ ᠪᠤᠯᠴᠢᠬᠠᠪᠠ᠃ ᠪᠠᠰᠠ ᠨᠢᠭᠡ ᠭᠡᠷ ᠤᠨ ᠠᠪᠤ ᠡᠵᠢ ᠨᠢ ᠬᠡᠦᠬᠡᠳ ᠲᠡᠭᠡᠨ ᠨᠤᠮ ᠤᠩᠰᠢᠬᠤ ᠬᠡᠷᠡᠭᠳᠡᠢ ᠭᠡᠵᠤ ᠤᠯᠠᠨᠳᠠ ᠶᠠᠷᠢᠵᠤ ᠰᠤᠷᠭᠠᠵᠤ᠂ ᠨᠤᠮ ᠤᠩᠰᠢᠬᠤ ᠶᠢᠨ ᠠᠴᠢ ᠦᠢᠯᠡᠳᠦᠯ ᠢ ᠴᠢᠬᠢᠨ ᠤ ᠬᠢᠨᠢ ᠬᠤᠩᠬᠤ ᠪᠤᠯᠳᠠᠯ᠎ᠠ ᠶᠠᠷᠢᠳᠠᠭ᠃ ᠭᠡᠪᠡᠴᠦ ᠠᠪᠤ ᠡᠵᠢ ᠨᠢ ᠦᠪᠡᠷ ᠲᠡᠭᠡᠨ ᠨᠤᠮ ᠤᠩᠰᠢᠳᠠᠭ ᠦᠭᠡᠢ᠃ ᠲᠡᠭᠡᠬᠦ ᠪᠠᠷ ᠬᠡᠦᠬᠡᠳ ᠨᠢ ᠬᠡᠳᠦ᠋ᠢᠪᠡᠷ ᠨᠤᠮ ᠤᠩᠰᠢᠬᠤ ᠶᠢᠨ ᠰᠠᠶᠢᠨ ᠢ ᠮᠡᠳᠡᠵᠤ ᠪᠠᠶᠢᠪᠠᠴᠤ ᠨᠤᠮ ᠤᠩᠰᠢᠬᠤ ᠳᠠᠳᠬᠠᠯ ᠪᠠᠶᠢᠬᠤ ᠦᠭᠡᠢ᠃ ᠡᠶᠢᠮᠦᠷᠬᠦᠦ ᠵᠢᠱᠢᠶ᠎ᠡ ᠠᠮᠢᠳᠤᠷᠠᠯ ᠳᠤᠮᠳᠠ ᠮᠠᠰᠢ ᠤᠯᠠᠨ ᠶᠤᠮ᠃     ᠶᠠᠷᠢᠵᠤ ᠰᠤᠷᠭᠠᠬᠤ ᠪᠤᠯᠤᠨ ᠬᠢᠵᠤ ᠦᠵᠡᠭᠦᠯᠬᠦ ᠶᠢ ᠬᠠᠷᠢᠴᠠᠭᠤᠯᠪᠠᠯ ᠳᠠᠭᠤᠷᠢᠶᠠᠯ ᠪᠤᠯᠵᠤ ᠬᠢᠵᠤ ᠦᠵᠡᠭᠦᠯᠬᠦ ᠶᠢᠨ ᠦᠢᠯᠡᠳᠦᠯ ᠨᠢ ᠬᠤᠯᠠ ᠢᠯᠡᠭᠦᠦ ᠪᠠᠶᠢᠳᠠᠬ᠃ ᠨᠦᠯᠦᠭᠡᠯᠡᠬᠦ ᠬᠦᠴᠦᠨ ᠨᠢ ᠠᠮᠢᠳᠤᠷᠠᠯ ᠤᠨ ᠶᠠᠪᠤᠴᠠ ᠳᠤᠮᠳᠠ ᠢᠳᠡᠭ ᠢᠳᠡᠭ ᠢᠶᠠᠷ ᠶᠠᠪᠤᠬᠳᠠᠨ᠎ᠠ᠃ ᠲᠡᠭᠡᠬᠦ ᠪᠠᠷ ᠶᠠᠷᠢᠵᠤ ᠰᠤᠷᠭᠠᠬᠤ ᠪᠠᠷ ᠭᠤᠤᠯᠯᠠᠵᠤ ᠪᠠᠶᠢᠳᠠᠭ ᠭᠡᠷ ᠪᠦᠯᠢ ᠶᠢᠨ ᠰᠤᠷᠭᠠᠨ ᠬᠦᠮᠦᠵᠢᠯ ᠪᠤᠯ ᠵᠡᠷᠡᠮᠳᠡᠭ᠂ ᠬᠦᠮᠦᠵᠢᠯ ᠤᠨ  ᠦᠷ᠎ᠡ  ᠪᠦᠲᠦᠮᠵᠢ ᠪᠠᠷ ᠳᠤᠤᠷ᠎ᠠ ᠪᠠᠶᠢᠳᠠᠭ᠃ ᠤᠯᠠᠩᠬᠢ  ᠡᠵᠢ  ᠨᠠᠷ  ᠤᠨ  ᠶᠠᠷᠢᠳᠠᠭ᠄ ᠰᠠᠶᠢᠨ ᠶᠠᠭᠤᠮ᠎ᠠ ᠶᠢ ᠶᠠᠷᠢᠭᠠᠳ ᠶᠠᠷᠢᠭᠠᠳ ᠰᠤᠷᠬᠤ ᠦᠭᠡᠢ᠂ ᠮᠠᠭᠤ ᠶᠠᠭᠤᠮ᠎ᠠ ᠶᠢ ᠪᠤᠯ ᠦᠵᠡᠮᠡᠭᠴᠡ ᠰᠤᠷᠴᠢᠬᠠᠨ᠎ᠠ ᠭᠡᠳᠡᠭ ᠤᠴᠠᠭᠠᠷᠯᠠᠬᠰᠠᠨ ᠦᠭᠡ ᠨᠢ ᠦᠨᠡᠨᠳᠡᠭᠡᠨ ᠶᠠᠷᠢᠵᠤ ᠰᠤᠷᠭᠠᠬᠤ ᠪᠤᠯᠤᠨ ᠳᠠᠭᠤᠷᠢᠶᠠᠯ ᠦᠵᠡᠭᠦᠯᠬᠦ ᠶᠢᠨ ᠨᠦᠯᠦᠭᠡ ᠶᠢ ᠠᠳᠠᠯᠢᠳᠬᠠᠬᠰᠠᠨ ᠦᠭᠡ ᠪᠤᠯᠤᠨ᠎ᠠ᠃     ᠲᠡᠭᠡᠬᠦ ᠪᠠᠷ ᠦᠷᠭᠡᠨ ᠤᠯᠠᠨ ᠭᠡᠷ ᠤᠨ ᠠᠬᠠᠮᠠᠳ ᠮᠠᠨᠢ ᠬᠡᠦᠬᠡᠳ ᠢᠶᠠᠨ ᠰᠤᠷᠭᠠᠬᠤ ᠭᠡᠵᠤ ᠵᠤᠪᠠᠭ᠋ᠤ ᠬᠡᠷᠡᠭ ᠦᠭᠡᠢ᠂ ᠲᠠ ᠦᠪᠡᠷ ᠢ ᠪᠠᠨ ᠯᠡ ᠰᠤᠷᠭᠠᠬᠤ ᠴᠢᠬᠤᠯᠠᠳᠠᠢ᠃ ᠬᠡᠦᠬᠡᠳ ᠢᠶᠠᠨ ᠶᠠᠮᠠᠷ ᠬᠦᠮᠦᠨ ᠪᠤᠯᠭᠠᠶ᠎ᠠ ᠭᠡᠪᠡᠯ ᠪᠢᠳᠡ ᠦᠪᠡᠷ ᠢᠶᠠᠨ ᠤᠷᠢᠳ ᠢᠶᠠᠷ ᠲᠡᠶᠢᠮᠦ ᠬᠦᠮᠦᠨ ᠪᠤᠯᠬᠤ ᠪᠠᠷ ᠴᠢᠷᠮᠠᠶᠢᠬᠤ ᠬᠡᠷᠡᠭᠳᠡᠢ ᠰᠢᠦ︕
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号