ᠤᠯᠠᠩᠭᠢ ᠬᠦᠮᠦᠰ ᠬᠡᠥᠬᠡᠳ ᠢᠶᠠᠨ ︽ᠪᠠᠭᠰᠢ ᠳᠤ ᠳᠤᠰᠢᠶᠠᠭᠠᠳ ᠦᠭᠴᠢᠬᠡᠪᠡᠯ ᠰᠠᠨᠠᠭ᠎ᠠ ᠠᠮᠠᠷᠠᠴᠢᠬᠠᠳᠠᠭ︾ | ᠰᠡᠳᠬᠢᠯᠭᠡ ᠡᠪᠦᠷᠯᠡᠵᠤ᠂ ᠰᠤᠷᠭᠠᠭᠤᠯᠢ ᠪᠤᠯ ᠬᠡᠥᠬᠡᠳ ᠢ ᠰᠤᠷᠭᠠᠨ ᠬᠦᠮᠦᠵᠢᠬᠦᠯᠳᠡᠭ ᠬᠠᠮᠤᠭ ᠤᠨ ᠵᠤᠬᠢᠷᠠᠮᠵᠢᠳᠠᠢ ᠭᠠᠵᠠᠷ | ᠬᠡᠮᠡᠨ ᠤᠢᠢᠯᠠᠭᠠᠳᠠᠭ᠃ ᠡᠶᠢᠮᠦᠷᠬᠦ ᠬᠡᠯᠪᠠᠶᠢᠭᠦᠦ ᠦᠵᠡᠯᠳᠡ ᠠᠴᠠ ᠪᠤᠯᠵᠦ ᠴᠦᠬᠡᠨ ᠪᠤᠰᠤ ᠳᠦᠪᠡᠭᠳᠡᠢ ᠠᠰᠠᠭᠤᠳᠠᠯ | ᠳᠤᠯᠭᠠᠷᠠᠭᠰᠠᠨ ᠭᠡᠷ ᠪᠦᠯᠢ ᠭᠠᠷᠴᠤ ᠪᠤᠢ᠃ | ᠶᠠᠭᠠᠬᠢᠭᠠᠳ ᠢᠡᠭᠭᠢᠵᠤ ᠬᠡᠯᠡᠳᠡᠭ ᠪᠤᠢ︖ ᠬᠡᠪᠡᠯ ᠰᠤᠷᠭᠠᠭᠤᠯᠢ ᠪᠤᠯ ᠶᠠᠷᠢᠶᠠᠨ ᠦᠭᠡᠢ ᠡᠷᠳᠡᠮ ᠨᠤᠮ ᠰᠤᠷᠴᠤ ᠤᠶᠤᠨ | ᠤᠬᠠᠭᠠᠨ ᠢ ᠭᠡᠭᠡᠷᠡᠭᠦᠯᠬᠦ ᠭᠠᠵᠠᠷ ᠶᠤᠮ᠃ ᠭᠡᠪᠡᠴᠦ ᠳᠤᠰᠬᠠᠢ ᠮᠡᠷᠭᠡᠵᠢᠯᠳᠡᠳ ᠤᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ | ᠬᠡᠥᠬᠡᠳ ᠢᠶᠠᠨ ᠰᠠᠶᠢᠨ ᠬᠦᠮᠦᠵᠢᠬᠦᠯᠬᠦ ᠳᠤ 70% ᠤᠨ ᠬᠦᠮᠦᠵᠢᠯ ᠨᠢ ᠭᠡᠷ ᠪᠦᠯᠢ ᠶᠢᠨ ᠬᠦᠮᠦᠵᠢᠯ ᠲᠠᠢ ᠨᠢᠭᠳᠠ | ᠬᠤᠯᠪᠤᠭ᠎ᠠ ᠲᠠᠢ ᠪᠠᠶᠢᠳᠠᠭ᠃ ᠭᠡᠷ ᠤᠨ ᠠᠬᠠᠮᠠᠳ ᠤᠨ ᠬᠦᠳᠡᠯᠥᠯ ᠶᠠᠷᠢᠶ᠎ᠠ ᠪᠦᠷᠢ ᠨᠢ ᠬᠡᠥᠬᠡᠳ ᠤᠨ ᠳᠠᠷᠢᠬᠢᠨ ᠳᠤ ᠠᠮᠠᠷᠬᠠᠨ | ᠰᠢᠩᠭᠡᠭᠳᠡᠳᠡᠭ᠃ ᠵᠢᠱᠢᠶᠡᠯᠡᠪᠡᠯ᠂ ᠪᠤᠳᠠᠳᠤ ᠠᠮᠢᠳᠤᠷᠠᠯ ᠳᠤ ᠵᠠᠷᠢᠮ ᠭᠡᠷ ᠤᠨ ᠠᠬᠠᠮᠠᠳ ᠦᠪᠡᠷ ᠢᠶᠠᠨ ︽ᠪᠤᠷᠤᠭᠤ︾ ᠵᠦᠢᠯ ᠢ | ᠬᠢᠴᠢᠬᠡᠭᠡᠳ ᠬᠡᠥᠬᠡᠳ ᠲᠤ ᠪᠠᠨ ᠦᠵᠡᠭᠳᠡᠪᠡᠯ ︽ᠬᠡᠥᠬᠡᠳ ᠢᠡᠭᠭᠢᠵᠤ ᠬᠢᠵᠤ ᠪᠤᠯᠬᠤ ᠦᠭᠡᠢ᠂ ᠪᠢᠳᠡ ᠪᠤᠯ ᠶᠡᠭᠡ ᠬᠦᠮᠦᠰ︾ | ᠬᠡᠮᠡᠨ ᠦᠪᠡᠷᠰᠡᠳ ᠤᠨ ᠪᠤᠷᠤᠭᠤ ᠪᠠᠨ ︽ᠪᠠᠯᠠᠯᠳᠠᠭ︾᠃ ᠬᠡᠥᠬᠡᠳ ᠰᠢᠨ᠎ᠠ ᠰᠡᠪᠡᠭᠦᠨ ᠵᠦᠢᠯ ᠢ ᠬᠦᠯᠢᠶᠡᠨ ᠠᠪᠬᠤ | ᠴᠢᠳᠠᠪᠤᠷᠢ ᠴᠢᠩᠭ᠎ᠠ ᠪᠠᠶᠢᠳᠠᠭ᠃ ᠡᠶᠢᠮᠦ ᠠᠴᠠ ᠭᠡᠷ ᠪᠦᠯᠢ ᠶᠢᠨ ᠬᠦᠮᠦᠵᠢᠯ ᠳᠤ ᠡᠴᠢᠬᠡ ᠡᠬᠡ ᠪᠤᠯᠤᠭᠰᠠᠳ ᠴᠠᠭ ᠢᠮᠠᠭᠳᠠ | ᠬᠡᠥᠬᠡᠳ ᠤᠨ ᠢᠶᠠᠨ ᠦᠯᠢᠭᠡᠷ ᠲᠠᠭᠤᠷᠢᠶᠠᠯ ᠪᠤᠯᠵᠤ ᠪᠠᠶᠢᠳᠠᠭ ᠢ ᠮᠡᠳᠡᠵᠤ ᠠᠪᠤᠯᠳᠠᠢ᠃ | ᠮᠠᠰᠢ ᠤᠯᠠᠨ ᠭᠡᠷ ᠤᠨ ᠠᠬᠠᠮᠠᠳ ᠬᠡᠥᠬᠡᠳ ᠢᠶᠠᠨ ᠴᠡᠴᠡᠷᠯᠢᠭ ᠲᠤ ᠤᠷᠤᠭᠰᠠᠨ ᠡᠳᠦᠷ ᠠᠴᠠ ᠡᠬᠢᠯᠡᠨ ᠡᠨᠡ ᠳᠡᠷᠡ | ᠳᠤᠷ᠎ᠠ ᠰᠤᠨᠢᠷᠬᠠᠯ ᠤᠨ ᠬᠢᠴᠢᠶᠡᠯ ᠭᠡᠳ ᠠᠮᠠᠷᠠᠯᠳᠠ ᠶᠢᠨ ᠡᠳᠦᠷ ᠭᠡᠵᠤ ᠢᠯᠭᠠᠯ ᠦᠭᠡᠢ ᠬᠡᠦᠭᠡᠳ ᠢᠶᠠᠨ ᠡᠰᠢ ᠳᠡᠰᠢ ᠴᠢᠷᠴᠤ᠂ | ᠨᠦᠢᠷ ᠬᠤᠭᠤᠯᠠ ᠶᠢ ᠨᠢ ᠳᠡᠩᠴᠡᠭᠦᠯᠦᠯ ᠦᠭᠡᠢ ᠪᠠᠷ ᠶᠠᠭᠠᠷᠠᠯᠳᠤᠨ᠎ᠠ᠃ ᠢᠡᠭᠭᠢᠬᠦ ᠨᠢ ᠬᠡᠦᠭᠡᠳ ᠤᠨ ᠰᠤᠷᠤᠯᠴᠠᠬᠤ ᠳᠤᠷ᠎ᠠ | ᠰᠤᠨᠢᠷᠬᠠᠯ ᠢ ᠨᠦᠯᠦᠭᠡᠯᠡᠵᠤ᠂ ᠵᠢᠩᠭᠢᠨᠢ ᠪᠠᠷ ᠰᠤᠷᠭᠠᠭᠤᠯᠢ ᠳᠤ ᠰᠠᠭᠤᠵᠦ ᠡᠷᠳᠡᠮ ᠮᠡᠳᠡᠯᠭᠡ ᠡᠵᠡᠮᠰᠢᠬᠦ ᠪᠤᠯᠬᠤ ᠳᠤ ᠰᠤᠷᠬᠤ | ᠰᠤᠨᠢᠭᠤᠴᠠᠯ ᠢ ᠨᠢ ᠠᠯᠳᠠᠭᠤᠯᠬᠤ ᠨᠠᠵᠠᠭᠠᠢ ᠦᠷ᠎ᠠ ᠳ᠋ᠦᠡᠭ ᠢ ᠠᠪᠴᠢᠷᠠᠳᠠᠭ᠃ | ᠡᠶᠢᠮᠦ ᠠᠴᠠ ᠭᠡᠷ ᠤᠨ ᠠᠬᠠᠮᠠᠳ ᠪᠤᠯᠤᠭᠰᠠᠳ ᠬᠡᠥᠬᠡᠳ ᠤᠨ ᠦᠰᠬᠦ ᠨᠠᠰᠤᠨ ᠤ ᠠᠳᠠᠯᠢ ᠪᠤᠰᠤ ᠴᠠᠭ | ᠬᠤᠭᠤᠴᠠᠭ᠎ᠠ ᠳᠤ ᠨᠢ ᠳᠤᠬᠢᠷᠠᠭᠤᠯᠤᠨ ᠵᠦᠪ ᠤᠨᠤᠪᠴᠢᠳᠠᠢ ᠠᠷᠭ᠎ᠠ ᠪᠠᠷᠢᠯ ᠢᠶᠠᠷ ᠳᠡᠳᠡᠡ ᠤ ᠡᠷᠡᠭᠦᠯ ᠢᠶᠠᠷ ᠦᠰᠦᠨ | ᠪᠤᠶᠢᠵᠢᠬᠤ ᠳᠤ ᠵᠦᠪ ᠵᠠᠮ ᠢ ᠳᠡᠪᠢᠰᠴᠤ ᠦᠭᠭᠦ ᠨᠢ ᠶᠠᠭᠤᠨ ᠠᠴᠠ ᠴᠤ ᠡᠷᠬᠢᠮ᠃ ᠬᠡᠥᠬᠡᠳ ᠢᠶᠠᠨ ᠰᠠᠯᠠᠢ ᠨᠢ ᠬᠠᠳᠠᠬᠤ ᠠᠴᠠ | ᠡᠮᠥᠨ᠎ᠠ ᠢᠷᠡᠭᠡᠳᠦᠢ ᠳᠤ ᠰᠦᠷᠡᠬᠡᠢ ᠶᠠᠭᠤᠮ᠎ᠠ ᠪᠤᠯᠭᠠᠬᠤ ᠭᠡᠵᠤ ᠶᠠᠭᠠᠷᠠᠬᠤ ᠪᠠᠨ ᠪᠤᠯᠢᠭᠠᠴᠢ ᠡ︕ |