2020 ᠣᠨ ᠤ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠨᠢᠭᠡᠳᠦᠯᠳᠡᠢ ᠰᠢᠯᠭᠠᠯᠲᠠ ᠶᠢᠨ ᠬᠡᠰᠡᠭ ᠤᠷᠠᠯᠢᠭ ᠤᠨ ᠲᠥᠷᠥᠯ ᠤᠨ ᠰᠤᠷᠭᠠᠭᠤᠯᠢ ᠶᠢᠨ ᠰᠢᠯᠭᠠᠯᠲᠠ ᠬᠤᠪᠢᠷᠠᠯᠲᠠ ᠲᠠᠢ ᠪᠣᠯᠪᠠ
ᠨᠡᠶᠢᠲᠡᠯᠡᠭᠰᠡᠨ ᠴᠠᠭ᠄
2020/4/30
    ᠰᠤᠷᠪᠤᠯᠵᠢᠯᠠᠭᠴᠢ ᠲᠦᠷᠦᠭᠦᠬᠡᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ ᠰᠣᠷᠣᠭᠴᠢ ᠡᠯᠰᠡᠬᠦ ᠰᠢᠯᠭᠠᠯᠲᠠ ᠵᠢᠨ‌‍ᠲ᠋ᠥ᠋ᠪ ᠠᠴᠠ ᠣᠶᠢᠯᠠᠭᠠᠭᠰᠠᠨ ᠢᠶᠠᠷ᠂ ᠲᠣᠰ ᠲᠥᠪ ᠨᠢ ᠡᠨᠡ ᠵᠢᠯ ᠤᠨ  1  ᠰᠠᠷ᠎ᠠ ᠶᠢᠨ  ᠤᠷᠢᠳ  ᠬᠤᠵᠢᠳ ᠢᠶᠠᠷ  ︽2020ᠣᠨ ᠳᠤ ᠮᠠᠨ ᠤ ᠣᠷᠣᠨ ᠳᠤ ᠴᠡᠭ ᠪᠠᠶᠢᠭᠤᠯᠤᠨ ᠰᠣᠷᠣᠭᠴᠢ ᠡᠯᠰᠡᠬᠦ ᠶᠡᠭᠡ ᠳᠡᠭᠡᠳᠦ ᠰᠤᠷᠭᠠᠭᠤᠯᠢ  ᠪᠠ  ᠲᠤᠰᠬᠠᠶ  ᠮᠡᠷᠭᠡᠵᠢᠯ ᠢ ᠨᠡᠶᠢᠲᠡᠯᠡᠬᠦ ᠲᠤᠬᠠᠶ ᠠᠯᠪᠠᠨ ᠵᠠᠷ︾ ︽2020 ᠣᠨ ᠳᠤ ᠡᠩ ᠤᠨ ᠶᠡᠭᠡ ᠳᠡᠭᠡᠳᠦ ᠰᠤᠷᠭᠠᠭᠤᠯᠢ ᠶᠢᠨ  ᠪᠤᠰᠤᠳ  ᠤᠷᠠᠯᠢᠭ ᠤᠨ ᠲᠥᠷᠥᠯ ᠤᠨ  ᠲᠤᠰᠬᠠᠶ  ᠮᠡᠷᠭᠡᠵᠢᠯ  ᠳᠤ  ᠣᠷᠣᠨ  ᠤ  ᠳᠣᠲᠣᠷᠠᠬᠢ ᠶᠡᠭᠡ  ᠳᠡᠭᠡᠳᠦ  ᠰᠤᠷᠭᠠᠭᠤᠯᠢ ᠶᠢᠨ ᠰᠢᠯᠭᠠᠯᠲᠠ ᠶᠢᠨ ᠬᠢᠷᠢ ᠪᠦᠲᠦᠮᠵᠢ ᠪᠠᠷ ᠰᠤᠷᠤᠬᠴᠢ ᠡᠯᠰᠡᠬᠦ  ᠲᠤᠬᠠᠶ  ᠠᠯᠪᠠᠨ  ᠵᠠᠷ︾  ᠪᠠ  ︽2020  ᠣᠨ ᠤ  ᠣᠷᠣᠨ ᠤ ᠳᠣᠲᠣᠷᠠᠬᠢ  ᠶᠡᠭᠡ  ᠳᠡᠭᠡᠳᠦ  ᠰᠤᠷᠭᠠᠭᠤᠯᠢ ᠶᠢᠨ  ᠤᠷᠠᠯᠢᠭ  ᠤᠨ  ᠲᠥᠷᠥᠯ  ᠤᠨ  ᠲᠤᠰᠬᠠᠶ ᠮᠡᠷᠭᠡᠵᠢᠯ ᠤᠨ ᠰᠤᠷᠭᠠᠭᠤᠯᠢ ᠶᠢᠨ ᠰᠢᠯᠭᠠᠯᠲᠠ ᠶᠢᠨ ᠲᠣᠬᠢᠷᠠᠭᠤᠯᠤᠯᠲᠠ ᠶᠢᠨ ᠲᠤᠬᠠᠶ ᠠᠯᠪᠠᠨ ᠵᠠᠷ︾ ᠎ ᠢ ᠪᠠᠭᠤᠯᠭᠠᠪᠠ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ  ᠬᠤᠷᠢᠬᠯᠠᠬᠤ ᠠᠵᠢᠯ ᠤᠨ ᠠᠬᠢᠴᠠ ᠶᠢᠨ ᠪᠠᠶᠢᠳᠠᠯ ᠢ ᠦᠨᠳᠦᠰᠦᠯᠡᠨ᠂  ᠬᠡᠰᠡᠭ ᠤᠷᠠᠯᠢᠭ ᠤᠨ ᠲᠥᠷᠥᠯ ᠤᠨ ᠰᠤᠷᠭᠠᠭᠤᠯᠢ ᠶᠢᠨ ᠰᠢᠯᠭᠠᠯᠲᠠ ᠬᠤᠪᠢᠷᠠᠯᠲᠠ ᠲᠠᠢ ᠪᠣᠯᠪᠠ᠃           ᠴᠠᠩᠴᠦ᠋ᠨ ᠶᠡᠭᠡ ᠰᠤᠷᠭᠠᠭᠤᠯᠢ ᠤᠤᠯ ᠨᠢ  ᠮᠠᠨ ᠤ  ᠣᠷᠣᠨ ᠳᠤ  ᠴᠢᠭ ᠭᠠᠷᠭᠠᠵᠤ  ᠰᠤᠷᠭᠠᠭᠤᠯᠢ  ᠶᠢᠨ  ᠰᠢᠯᠭᠠᠯᠲᠠ ᠵᠣᠬᠢᠶᠠᠨ ᠪᠠᠶᠢᠭᠤᠯᠬᠤ ᠪᠠᠷ ᠪᠠᠶᠢᠪᠠ᠂  ᠬᠡᠪᠡᠴᠦ  ᠤᠳᠤ  ᠳᠠᠭᠤᠤ  ᠬᠥᠭᠵᠢᠮ ᠤᠨ  ᠲᠣᠭᠯᠠᠯᠲᠠ  ᠪᠠ  ᠳᠠᠭᠤᠤ  ᠬᠥᠭᠵᠢᠮ ᠤᠨ ᠤᠬᠠᠭᠠᠨ ᠤ ᠲᠤᠰᠬᠠᠢ  ᠮᠡᠷᠭᠡᠵᠢᠯ ᠳᠤ  ᠨᠢᠭᠡᠳᠦᠯᠲᠡᠢ  ᠰᠢᠯᠭᠠᠯᠲᠠ ᠶᠢᠨ  ᠬᠢᠷᠢ  ᠪᠦᠲᠦᠮᠵᠢ ᠪᠠᠷ ᠰᠤᠷᠤᠬᠴᠢ ᠡᠯᠰᠡᠬᠦ  ᠪᠣᠯᠭᠠᠨ ᠦᠭᠡᠷᠡᠴᠢᠯᠡᠵᠦ᠂ ᠪᠥᠵᠢᠭ ᠤᠨ ᠲᠣᠭᠯᠠᠯᠲᠠ ᠶᠢᠨ ᠲᠤᠰᠬᠠᠢ ᠮᠡᠷᠭᠡᠵᠢᠯ ᠳᠤ ᠥᠪᠥᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠶᠢᠨ ᠪᠥᠵᠢᠭ ᠤᠨ ᠲᠣᠭᠯᠠᠯᠲᠠ ᠶᠢᠨ ᠰᠤᠷᠭᠠᠭᠤᠯᠢ ᠶᠢᠨ ᠰᠢᠯᠭᠠᠯᠲᠠ ᠶᠢᠨ ᠬᠢᠷᠢ ᠪᠦᠲᠦᠮᠵᠢ ᠪᠠᠷ ᠰᠤᠷᠤᠬᠴᠢ ᠡᠯᠰᠡᠬᠦ ᠪᠤᠯᠭᠠᠨ ᠦᠭᠡᠷᠡᠴᠢᠯᠡᠪᠡ᠃      ᠵᠡᠭᠦᠨ ᠬᠤᠶᠢᠲᠤ ᠶᠢᠨ ᠴᠢᠯᠠᠭᠤᠨ ᠲᠣᠰᠣᠨ ᠤ ᠶᠡᠭᠡ ᠰᠤᠷᠭᠠᠭᠤᠯᠢ ᠤᠤᠯ ᠨᠢ  ᠪᠥᠵᠢᠭ  ᠨᠠᠶᠢᠷᠠᠭᠤᠯᠤᠨ  ᠵᠢᠯᠣᠭᠤᠳᠬᠤ ᠲᠤᠰᠬᠠᠢ ᠮᠡᠷᠭᠡᠵᠢᠯ ᠳᠤ ᠥᠪᠥᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠶᠢᠨ ᠰᠤᠷᠭᠠᠭᠤᠯᠢ ᠶᠢᠨ ᠰᠢᠯᠭᠠᠯᠲᠠ ᠶᠢᠨ ᠬᠢᠷᠢ ᠪᠦᠲᠦᠮᠵᠢ ᠪᠠᠷ ᠰᠤᠷᠤᠬᠴᠢ ᠡᠯᠰᠡᠬᠦ ᠪᠠᠷ ᠪᠠᠶᠢᠪᠠ᠂ ᠣᠳᠣ ᠬᠠᠷᠢᠶ᠎ᠠ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ ᠰᠠᠯᠠᠭ᠎ᠠ ᠮᠥᠴᠢᠷ ᠤᠨ ᠱᠠᠭᠠᠷᠳᠠᠯᠭ᠎ᠠ ᠶᠣᠰᠣᠭᠠᠷ᠂ ᠲᠦᠷ ᠮᠠᠨ ᠤ ᠣᠷᠣᠨ ᠠᠴᠠ ᠰᠤᠷᠤᠭᠴᠢ ᠡᠯᠰᠡᠬᠦ ᠲᠥᠯᠥᠪᠯᠡᠭᠡ ᠬᠢᠭᠰᠡᠨ ᠦᠭᠡᠶ᠃            ᠥᠪᠥᠷ ᠮᠣᠩᠭᠤᠯ ᠤᠨ ᠶᠡᠭᠡ  ᠰᠤᠷᠭᠠᠭᠤᠯᠢ᠂  ᠥᠪᠥᠷ  ᠮᠣᠩᠭᠤᠯ ᠤᠨ  ᠪᠠᠭᠰᠢ ᠶᠢᠨ  ᠶᠡᠭᠡ  ᠰᠤᠷᠭᠠᠭᠤᠯᠢ  ᠪᠣᠯᠤᠨ‌‍ᠬᠥ᠋ᠬᠡᠬᠤᠲᠠ ᠶᠢᠨ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠨᠡᠪᠲᠡᠷᠡᠭᠦᠯᠭᠡ ᠬᠢᠭᠡᠳ  ᠬᠦᠳᠦᠯᠬᠦ  ᠤᠷᠠᠯᠢᠭ  ︵ᠮᠣᠩᠭᠤᠯ ᠢᠶᠠᠷ ᠬᠢᠴᠢᠶᠡᠯᠯᠡᠬᠦ︶᠎ ᠤᠨ ᠲᠤᠰᠬᠠᠢ ᠮᠡᠷᠭᠡᠵᠢᠯ ᠳᠤ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ  ᠨᠢᠭᠡᠳᠦᠯᠲᠡᠶ  ᠰᠢᠯᠭᠠᠯᠲᠠ ᠵᠢᠨ‌‍ᠰᠣᠶᠣᠯ ᠤᠨ ᠬᠢᠴᠢᠶᠡᠯ ᠤᠨ ᠬᠢᠷᠢ ᠪᠦᠳᠦᠮᠵᠢ ᠪᠠᠷ ᠰᠤᠷᠤᠬᠴᠢ ᠡᠯᠰᠡᠬᠦ ᠪᠣᠯᠭᠠᠨ ᠦᠭᠡᠷᠡᠴᠢᠯᠡᠪᠡ᠃            ᠥᠪᠥᠷ  ᠮᠣᠩᠭᠤᠯ ᠤᠨ  ᠪᠠᠭᠰᠢ ᠶᠢᠨ  ᠶᠡᠭᠡ  ᠰᠤᠷᠭᠠᠭᠤᠯᠢ᠂  ᠥᠪᠥᠷ  ᠮᠣᠩᠭᠤᠯ ᠤᠨ  ᠦᠨᠳᠦᠰᠦᠲᠡᠨ ᠤ  ᠶᠡᠭᠡ ᠰᠤᠷᠭᠠᠭᠤᠯᠢ᠂ ᠪᠠᠷᠠᠭᠤᠨ ᠬᠤᠶᠢᠲᠤ ᠶᠢᠨ  ᠦᠨᠳᠦᠰᠦᠲᠡᠨ ᠤ  ᠶᠡᠭᠡ  ᠰᠤᠷᠭᠠᠭᠤᠯᠢ᠂  ᠤᠮᠠᠷᠠᠲᠤ ᠶᠢᠨ  ᠦᠨᠳᠦᠰᠦᠲᠡᠨ ᠤ  ᠶᠡᠭᠡ ᠰᠤᠷᠭᠠᠭᠤᠯᠢ ᠪᠠ ᠪᠡᠭᠡᠵᠢᠩ ᠤᠨ ᠬᠤᠲᠠ ᠶᠢᠨ ᠳᠡᠭᠡᠳᠦ ᠰᠤᠷᠭᠠᠭᠤᠯᠢ ᠶᠢᠨ  ᠠᠭᠠᠷ ᠤᠨ ᠦᠢᠯᠡᠴᠢᠯᠡᠭᠡᠨ ᠤ  ᠤᠷᠠᠯᠢᠭ  ᠬᠢᠭᠡᠳ ᠬᠠᠮᠢᠶᠠᠷᠤᠯᠲᠠ ᠶᠢᠨ  ᠲᠤᠰᠬᠠᠢ  ᠮᠡᠷᠭᠡᠵᠢᠯ ᠳᠤ  ᠶᠡᠭᠡ  ᠳᠡᠭᠡᠳᠦ  ᠰᠤᠷᠭᠠᠭᠤᠯᠢ ᠳᠤ  ᠰᠣᠷᠣᠭᠴᠢ ᠡᠯᠰᠡᠬᠦ ᠳᠤ   ᠨᠢᠭᠡᠳᠦᠯᠲᠡᠶ ᠰᠢᠯᠭᠠᠯᠲᠠ ᠶᠢᠨ ᠰᠣᠶᠣᠯ ᠤᠨ ᠬᠢᠴᠢᠶᠡᠯ ᠤᠨ ᠬᠢᠷᠢ ᠪᠦᠲᠦᠮᠵᠢ ᠪᠠᠷ ᠰᠤᠷᠤᠬᠴᠢ ᠡᠯᠰᠡᠬᠦ ᠪᠤᠯᠭᠠᠨ ᠦᠭᠡᠷᠡᠴᠢᠯᠡᠪᠡ᠃            ᠥᠪᠥᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠶᠢᠨ ᠳᠠᠭᠤᠤ ᠬᠥᠭᠵᠢᠮ ᠤᠨ  ᠲᠣᠭᠯᠠᠯᠲᠠ  ︵ᠤᠷᠲᠤ ᠵᠢᠨ‌‍ᠲ᠋ᠠᠭᠤᠤ︶᠂ ᠳᠠᠭᠤᠤ ᠬᠥᠭᠵᠢᠮ ᠤᠨ ᠲᠣᠭᠯᠠᠯᠲᠠ ︵ᠮᠤᠷᠢᠨ ᠬᠤᠭᠤᠷ ᠴᠤᠭᠤᠷ︶᠂  ᠳᠠᠭᠤᠤ ᠬᠥᠭᠵᠢᠮ ᠤᠨ ᠲᠣᠭᠯᠠᠯᠲᠠ ᠬᠦᠭᠡᠮᠠᠢ︶᠂ ᠳᠠᠭᠤᠤ ᠬᠥᠭᠵᠢᠮ ᠤᠨ ᠲᠣᠭᠯᠠᠯᠲᠠ ︵ᠲᠤᠮᠤ ᠮᠤᠷᠢᠨ ᠬᠤᠭᠤᠷ︶᠂ ᠳᠠᠭᠤᠤ ᠬᠥᠭᠵᠢᠮ ᠤᠨ ᠤᠬᠠᠭᠠᠨ ︵ᠦᠨᠳᠦᠰᠦᠲᠡᠨ ᠤ ᠳᠠᠭᠤᠤ ᠬᠥᠭᠵᠢᠮ ᠤᠨ ᠤᠨᠤᠯ︶  ᠪᠣᠯᠤᠨ  ᠳᠠᠭᠤᠤ  ᠬᠥᠭᠵᠢᠮ ᠤᠨ  ᠤᠬᠠᠭᠠᠨ  ︵ᠵᠤᠤ  ᠤᠳᠠ  ᠠᠷᠠᠳ ᠤᠨ  ᠳᠠᠭᠤᠤ︶᠎ ᠤ  ᠲᠤᠰᠬᠠᠢ ᠮᠡᠷᠭᠡᠵᠢᠯ ᠳᠤ ᠨᠢᠭᠡᠳᠦᠯᠲᠡᠢ ᠰᠢᠯᠭᠠᠯᠲᠠ ᠶᠢᠨ ᠬᠢᠷᠢ ᠪᠦᠲᠦᠮᠵᠢ ᠪᠠᠷ ᠰᠤᠷᠤᠬᠴᠢ ᠡᠯᠰᠡᠬᠦ ᠪᠣᠯᠭᠠᠨ ᠦᠭᠡᠷᠡᠴᠢᠯᠡᠪᠡ᠃           ᠰᠢᠯᠢ ᠶᠢᠨ  ᠭᠤᠤᠯ  ᠠᠵᠢᠯ  ᠮᠡᠷᠭᠡᠵᠢᠯ ᠤᠨ  ᠳᠡᠭᠡᠳᠦ  ᠰᠤᠷᠭᠠᠭᠤᠯᠢ ᠶᠢᠨ  ᠰᠢ  ᠵᠦᠴᠦᠭᠡ  ᠺᠢᠨᠣ᠋  ᠲᠧᠯᠸᠢᠰ ‍ᠤᠨ‌‍ᠲ᠋ᠣᠭᠯᠠᠯᠲᠠ ᠶᠢᠨ ᠲᠤᠰᠬᠠᠢ ᠮᠡᠷᠭᠡᠵᠢᠯ ᠳᠤ ᠶᠡᠭᠡ ᠳᠡᠭᠡᠳᠦ ᠰᠤᠷᠭᠠᠭᠤᠯᠢ ᠳᠤ ᠰᠣᠷᠣᠭᠴᠢ  ᠡᠯᠰᠡᠬᠦ  ᠨᠢᠭᠡᠳᠦᠯᠲᠡᠶ  ᠰᠢᠯᠭᠠᠯᠲᠠ ᠵᠢᠨ‌‍ᠰᠣᠶᠣᠯ ᠤᠨ  ᠬᠢᠴᠢᠶᠡᠯ ᠤᠨ  ᠬᠢᠷᠢ  ᠪᠦᠲᠦᠮᠵᠢ ᠪᠠᠷ  ᠰᠣᠷᠣᠭᠴᠢ  ᠡᠯᠰᠡᠬᠦ  ᠪᠣᠯᠭᠠᠨ  ᠥᠭᠡᠷᠡᠴᠢᠯᠡᠵᠦ᠂  ᠰᠣᠷᠣᠭᠴᠢ ᠡᠯᠰᠡᠬᠦ ᠲᠥᠯᠥᠪᠯᠡᠭᠡ ᠪᠠᠨ  ᠡᠩ ᠤᠨ  ᠨᠡᠶᠢᠭᠡᠮ ᠤᠨ  ᠰᠢᠨᠵᠢᠯᠡᠬᠦ  ᠤᠬᠠᠭᠠᠨ᠂  ᠡᠩ ᠤᠨ  ᠪᠠᠶᠢᠭᠠᠯᠢ ᠶᠢᠨ ᠰᠢᠨᠵᠢᠯᠡᠬᠦ   ᠤᠬᠠᠭᠠᠨ᠂ ᠮᠣᠩᠭᠤᠯ ᠢᠶᠠᠷ ᠬᠢᠴᠢᠶᠡᠯᠯᠡᠬᠦ  ᠨᠡᠶᠢᠭᠡᠮ ᠤᠨ  ᠰᠢᠨᠵᠢᠯᠡᠬᠦ  ᠤᠬᠠᠭᠠᠨ᠂  ᠮᠣᠩᠭᠤᠯ ᠢᠶᠠᠷ  ᠬᠢᠴᠢᠶᠡᠯᠯᠡᠬᠦ  ᠪᠠᠶᠢᠭᠠᠯᠢ ᠶᠢᠨ  ᠰᠢᠨᠵᠢᠯᠡᠬᠦ ᠤᠬᠠᠭᠠᠨ ᠬᠡᠵᠦ ᠲᠣᠬᠢᠷᠠᠭᠤᠯᠪᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号