ᠤᠬᠠᠭᠠᠠ ᠲᠠᠢ ᠭᠡᠤᠭᠡᠤᠠ ᠭᠦᠮᠦᠵᠢᠯ ᠢᠶᠠᠷ
ᠨᠡᠶᠢᠲᠡᠯᠡᠭᠰᠡᠨ ᠴᠠᠭ᠄
2020/4/3
    ᠰᠢᠯᠢ ᠶᠢᠨ ᠬᠤᠳᠠ ᠶᠢᠨ ᠮᠤᠩᠭᠤᠯ ᠦᠨᠳᠤᠰᠤᠳᠡᠨ ᠤ ᠳᠤᠮᠳᠠᠳᠤ ᠰᠤᠷᠭᠠᠭᠤᠯᠢ ᠶᠢᠨ ᠠᠩᠬ᠎ᠠ ᠳᠤᠮᠳᠠᠳᠤ ᠶᠢᠨ ᠨᠢᠭᠡᠳᠤᠭᠡᠷ ᠤᠨ ᠤ 228 ᠠᠩᠭᠢ ᠶᠢᠨ ᠳᠤᠯᠠᠭᠠᠨ ᠭᠡᠵᠤ ᠨᠢᠭᠡᠡ ᠠᠵᠢᠯᠰᠠᠭ ᠭᠡᠤᠭᠡᠤᠠ᠃ ᠲᠡᠷᠡ ᠭᠢᠴᠢᠶᠠᠯ ᠰᠤᠷᠤᠯᠭ᠎ᠠ ᠳᠤ ᠪᠠᠨ ᠰᠢᠮᠳᠠᠬᠤ ᠶᠢᠨ ᠲᠠᠭᠠᠤ ᠵᠠᠪ ᠴᠢᠯᠦᠭᠡ᠂ ᠠᠮᠠᠷᠠᠯᠳᠠ ᠶᠢᠨ ᠡᠳᠦᠷ ᠤᠳ ᠢᠶᠠᠷ ᠢᠶᠠᠨ ᠡᠵᠢ ᠠᠪᠤ ᠪᠠᠨ ᠬᠠᠮᠵᠢᠵᠤ ᠠᠵᠢᠯ ᠭᠢᠳᠡᠭ ᠪᠠᠶᠢᠨ᠎ᠡ᠃ ᠡᠨᠡ ᠡᠪᠤᠯ ᠤᠨ ᠠᠮᠠᠷᠠᠯᠳᠠ ᠳᠤ ᠴᠤ ᠲᠡᠷᠡ ᠨᠢᠭᠡ ᠲᠠᠯ᠎ᠡ ᠪᠠᠷ ᠲᠠᠰᠬᠠᠯ ᠲᠠᠭᠠᠭᠠᠯᠭᠠᠪᠤᠷᠢ ᠪᠠᠨ ᠰᠠᠶᠢᠡ ᠭᠢᠵᠤ ᠨᠤᠮ ᠤᠡᠭᠰᠢᠵᠤ ᠮᠡᠳᠡᠯᠭᠡ ᠮᠡᠳᠠᠴᠠ ᠪᠠᠨ ᠲᠠᠭᠡᠭᠰᠢᠯᠡᠭᠦᠯᠭᠦ ᠶᠢᠨ ᠬᠠᠮᠳᠤ ᠭᠡᠷ ᠡᠷᠤᠬᠡ ᠪᠠᠨ ᠴᠡᠪᠡᠷᠯᠡᠬᠦ ᠠᠴᠠ ᠡᠬᠢᠯᠡᠵᠤ ᠬᠤᠭᠤᠯᠠ ᠪᠤᠳᠠᠭ᠎ᠠ ᠬᠢᠬᠦ ᠬᠦᠷᠳᠡᠯ᠎ᠠ ᠠᠪᠤ ᠡᠵᠢ ᠳᠡᠭᠡᠨ ᠬᠠᠮᠵᠢᠯᠴᠠᠨ ᠭᠦᠳᠡᠯᠮᠤᠷᠢ ᠶᠢᠨ ᠲᠤᠮᠳᠠ ᠲᠠᠪᠳᠠᠭᠳᠠᠠ ᠪᠤᠯᠪᠠᠰᠤᠷᠠᠯ᠎ᠡ᠃     ᠳᠤᠯᠠᠭᠠᠨ ᠬᠤᠳᠠ ᠭᠠᠵᠠᠷ ᠦᠰᠴᠤ᠂ ᠬᠦᠳᠡᠭᠡ ᠶᠢᠨ ᠬᠡᠤᠬᠡᠳ ᠲᠠᠢ ᠠᠳᠠᠯᠢ ᠭᠠᠳᠠᠨ᠎ᠠ ᠮᠠᠯ ᠤᠨᠤᠭᠠᠨ ᠳᠤ ᠬᠦᠶᠦᠵᠤ ᠰᠤᠷᠤᠬᠰᠠᠨ ᠦᠬᠡᠢ ᠴᠤ ᠡᠵᠢ ᠶᠢᠨ ᠢᠶᠠᠨ ︽ᠠᠵᠢᠯ ᠬᠢᠵᠤ ᠬᠦᠮᠦᠨ ᠪᠤᠯᠳᠠᠭ᠂ ᠠᠷᠤ ᠳᠠᠪᠠᠵᠤ ᠮᠠᠯ ᠪᠤᠯᠳᠠᠭ︾ ᠭᠡᠰᠡᠨ ᠰᠤᠷᠭᠠᠯ ᠢᠶᠠᠷ ᠬᠠᠷᠠᠬᠠᠠ ᠪᠠᠭ᠎ᠠ ᠠᠴᠠ ᠪᠠᠨ ᠭᠡᠷ ᠤᠨ ᠠᠵᠢᠯ ᠬᠢᠵᠤ ᠰᠤᠷᠤᠬᠰᠠᠨ ᠪᠠᠶᠢᠯ᠎ᠠ᠃ ᠤᠢ ᠦᠡᠭᠭᠡᠷᠡᠮᠡᠭᠴᠡ ᠦᠪᠡᠷ ᠢᠶᠠᠨ ᠬᠤᠭᠤᠯᠠ ᠪᠤᠳᠠᠭ᠎ᠠ ᠪᠠᠨ ᠢᠳᠡᠵᠤ᠂ ᠭᠤᠭᠤᠵᠢᠭᠤᠯᠵᠤ ᠠᠰᠬᠠᠬᠰᠠᠨ ᠢ ᠨᠢ ᠰᠡᠬᠦᠯ ᠳᠤᠨᠢ ᠦᠪᠡᠷᠳᠡᠭᠡᠨ ᠴᠡᠪᠡᠷᠯᠡᠵᠤ ᠪᠠᠶᠢᠨ᠎ᠠ ᠭᠡᠵᠤ ᠤᠷᠤᠯᠳᠤᠵᠤ ᠰᠠᠭᠤᠳᠠᠭ᠂ ᠮᠦᠨᠴᠤ ᠪᠠᠭ᠎ᠠ ᠰᠤᠷᠭᠠᠭᠤᠯᠢ ᠶᠢᠨ ᠳᠠᠪᠤᠳᠤᠭᠠᠷ ᠵᠢᠷᠭᠤᠳᠤᠭᠠᠷ ᠤᠨ ᠪᠤᠯᠬᠤ ᠦᠶ᠎ᠠ ᠳᠤ ᠲᠦᠬᠦᠮ ᠬᠤᠭᠤᠯᠠ ᠬᠢᠵᠤ ᠨᠢᠭᠡ ᠭᠡᠷ ᠢᠶᠠᠷ ᠢᠶᠠᠨ ᠢᠳᠡᠳᠡᠭ ᠪᠤᠯᠤᠬᠰᠠᠨ ᠢ ᠨᠢ ᠳᠠᠨᠢᠯ ᠬᠦᠮᠦᠰ ᠨᠢ ᠬᠠᠷᠠᠵᠤ ᠭᠠᠶᠢᠬᠠᠳᠠᠭ ᠪᠠᠶᠢᠬᠰᠠᠨ ᠭᠡᠵᠤ ᠡᠵᠢ ᠨᠢ ᠶᠠᠷᠢᠵᠤ ᠪᠠᠶᠢᠯ᠎ᠠ᠃ ᠡᠨᠡ ᠡᠪᠤᠯ ᠤᠨ ᠠᠮᠠᠷᠠᠯᠳᠠ ᠶᠢᠨ ᠴᠢᠯᠦᠬᠡᠠ ᠳᠤ ᠳᠤᠯᠠᠭᠠᠨ ᠡᠵᠢ ᠠᠪᠤ ᠠᠴᠠ ᠪᠠᠨ ᠤᠯᠠᠨ ᠲᠦᠷᠦᠯ ᠤᠨ ᠰᠢᠨ᠎ᠠ ᠠᠮᠳᠠᠳᠤ ᠬᠤᠭᠤᠯᠠ ᠤᠮᠳᠠᠭᠠᠨ ᠬᠢᠵᠤ ᠰᠤᠷᠤᠯ᠎ᠡ᠃ ᠳᠤᠯᠠᠭᠠᠨ᠄ ︽ᠡᠵᠢ ᠨᠠᠮᠠᠢᠢ ᠪᠠᠭ᠎ᠠ ᠠᠴᠠ ᠠᠵᠢᠯ ᠬᠦᠳᠡᠯᠮᠦᠷᠢ ᠬᠢᠯᠬᠡᠵᠤ ᠰᠤᠷᠭᠠᠬᠰᠠᠨ᠂ ᠴᠡᠴᠡᠷᠯᠢᠭ ᠲᠤ ᠤᠷᠤᠬᠤ ᠦᠶ᠎ᠠ ᠳᠤ ᠬᠤᠪᠴᠠᠰᠤ ᠬᠤᠨᠠᠷ ᠢᠶᠠᠨ ᠦᠪᠡᠷᠳᠡᠭᠡᠨ ᠡᠮᠤᠰᠴᠤ ᠴᠢᠳᠠᠬᠤ᠂ ᠪᠠᠭ᠎ᠠ ᠰᠤᠷᠭᠠᠭᠤᠯᠢ ᠳᠤ ᠤᠷᠤᠬᠤ ᠦᠶ᠎ᠠ ᠳᠤ ᠦᠪᠡᠷᠳᠡᠭᠡᠨ ᠬᠤᠪᠴᠠᠰᠤ ᠪᠠᠨ ᠤᠬᠢᠶᠠᠬᠤ ᠵᠡᠷᠭᠡ ᠪᠠᠷ ᠨᠠᠮᠠᠢᠢ ᠱᠠᠭᠠᠷᠳᠠᠳᠠᠭ᠂ ᠤᠳᠤ ᠪᠢ ᠲᠦᠬᠦᠮ ᠬᠤᠭᠤᠯᠠ ᠬᠢᠬᠦ᠂ ᠬᠡᠷ ᠴᠡᠪᠡᠷᠯᠡᠬᠦ᠂ ᠦᠪᠡᠷ ᠤᠨ ᠦᠷᠤᠬᠡ ᠪᠠᠨ ᠳᠡᠭᠰᠢᠯᠡᠬᠦ ᠵᠡᠷᠭᠡ ᠠᠵᠢᠯ ᠳᠤ ᠡᠵᠢ ᠪᠠᠷ ᠢᠶᠠᠨ ᠬᠠᠪᠰᠤᠷᠤᠭᠤᠯᠬᠤ ᠪᠠᠨ ᠪᠤᠯᠢᠬᠰᠠᠨ᠂ ᠡᠵᠢ ᠳᠡᠬᠦᠤ ᠪᠢᠳᠡ ᠬᠤᠶᠠᠷ ᠲᠤ ᠪᠠᠰᠠ ᠭᠡᠷ ᠤᠨ ᠬᠤᠸᠠᠷ ᠴᠡᠴᠡᠭ ᠢ ᠤᠰᠤᠯᠠᠬᠤ᠂ ᠵᠢᠭᠠᠰᠤ ᠳᠡᠵᠢᠬᠡᠬᠦ ᠠᠵᠢᠯ ᠢ ᠳᠠᠭᠠᠭᠠᠯᠭᠠᠵᠤ ᠦᠭᠭᠦᠭᠰᠡᠨ᠂ ᠳᠡᠬᠦᠤ ᠶᠢᠨ ᠬᠢᠵᠤ ᠴᠢᠳᠠᠬᠤ ᠦᠬᠡᠢ ᠠᠵᠢᠯ ᠢ ᠪᠢ ᠵᠢᠭᠠᠵᠤ ᠦᠭᠬᠦ ᠶᠢᠨ ᠬᠠᠮᠳᠤ ᠬᠠᠮᠵᠢᠵᠤ ᠬᠢᠵᠤ ᠦᠭᠳᠡᠭ︾ ᠬᠡᠯ᠎ᠠ᠃      ᠳᠤᠯᠠᠭᠠᠨ ᠢ ᠪᠠᠭ᠎ᠠ ᠠᠴᠠ ᠨᠢ ᠠᠵᠢᠯ ᠳᠤ ᠢᠯᠡᠬᠦᠤ ᠤᠷᠤᠯᠴᠠᠭᠤᠯᠬᠤ ᠶᠢᠨ ᠬᠠᠮᠳᠤ ᠪᠤᠰᠤᠳ ᠢ ᠬᠠᠪᠰᠤᠷᠬᠤ᠂ ᠵᠢᠱᠢᠶᠡᠯᠡᠬᠦ ᠳᠤ ᠠᠪᠤ ᠡᠵᠢ ᠲᠠᠢ ᠪᠠᠨ ᠳᠡᠯᠬᠡᠬᠦᠷ ᠲᠤ ᠤᠴᠢᠵᠤ ᠪᠤᠴᠠᠬᠤ ᠦᠶ᠎ᠠ ᠳᠤ ᠵᠠᠪᠠᠯ ᠠᠪᠤ ᠡᠵᠢ ᠪᠠᠨ ᠬᠠᠪᠰᠤᠷᠴᠤ ᠦᠪᠡᠷ ᠤᠨ ᠴᠢᠳᠠᠯ ᠤᠨ ᠬᠡᠮᠵᠢᠶᠡᠨ ᠳᠡᠭᠡᠨ ᠶᠠᠭᠤᠮ᠎ᠠ ᠳᠡᠬᠦᠵᠢᠯᠡᠵᠤ ᠬᠠᠷᠢᠬᠤ᠂ ᠠᠬᠠᠮᠠᠳ ᠢᠶᠠᠨ ᠬᠦᠨᠳᠤᠳᠬᠡᠬᠦ᠂ ᠬᠡᠵᠢᠶ᠎ᠠ ᠴᠤ ᠭᠡᠰᠡᠨ᠂ ᠶᠠᠮᠠᠷ ᠦᠶ᠎ᠠ ᠳᠤ ᠴᠤ ᠭᠡᠰᠡᠨ ᠢᠳᠡᠭᠡᠨ ᠠᠴᠠ ᠪᠠᠨ ᠵᠠᠪᠠᠯ ᠬᠠᠵᠠᠭᠤ ᠶᠢᠨ ᠬᠦᠮᠤᠰ ᠤᠨ ᠠᠬᠠᠮᠠᠳ ᠠᠴᠠ ᠡᠬᠢᠯᠡᠵᠤ ᠤᠷᠢᠳᠡᠪᠡᠷ ᠲᠦᠬᠡᠬᠡᠵᠤ ᠦᠭᠭᠦᠭᠰᠡᠨ ᠤ ᠳᠠᠷᠠᠭ᠎ᠠ ᠰᠠᠶ᠋ᠢ ᠦᠪᠡᠷᠳᠡᠭᠡᠨ ᠢᠳᠡᠬᠦ ᠬᠡᠬᠦ ᠮᠡᠳᠤᠴᠢᠯᠡᠨ ᠶᠤᠰᠤ ᠨᠤᠮ ᠲᠠᠢ ᠰᠤᠷᠭᠠᠵᠤ ᠢᠷᠡᠭᠰᠡᠨ ᠠᠴᠠ ᠤᠳᠤ ᠪᠤᠯᠬᠤ ᠳᠤ ᠳᠤᠯᠠᠭᠠᠨ ᠪᠤᠰᠤᠳ ᠢ ᠬᠠᠪᠰᠤᠷᠬᠤ᠂ ᠠᠬᠠᠮᠠᠳ ᠢᠶᠠᠨ ᠬᠦᠨᠳᠤᠤᠡᠬᠡᠬᠦ ᠰᠠᠶᠢᠬᠠᠨ ᠰᠤᠷᠳᠠᠯ ᠲᠠᠢ ᠪᠤᠯᠤᠬᠰᠠᠨ ᠢᠶᠠᠷ ᠦᠯᠦ ᠪᠠᠷᠠᠮ ᠳᠡᠬᠦᠤ ᠪᠠᠨ ᠪᠠᠰᠠ ᠶᠤᠰᠤ ᠨᠤᠮ ᠲᠠᠢ ᠠᠵᠢᠯᠴᠢ ᠬᠦᠳᠡᠯᠮᠦᠷᠢᠴᠢ ᠬᠦᠮᠦᠨ ᠪᠤᠯᠭᠠᠬᠤ ᠭᠡᠵᠤ ᠲᠠᠭᠠᠭᠤᠯᠬᠤ ᠪᠤᠯᠤᠬᠰᠠᠨ ᠨᠢ ᠠᠪᠤ ᠡᠵᠢ ᠶᠢᠨ ᠢᠶᠠᠨ ᠬᠠᠮᠤᠭ ᠤᠨ ᠶᠡᠭᠡ ᠪᠠᠶᠠᠷ ᠪᠠᠶᠠᠰᠤᠯ ᠪᠤᠯᠤᠬᠰᠠᠨ ᠪᠠᠶᠢᠨ᠎ᠠ      ᠳᠤᠯᠠᠭᠠᠨ ᠤ ᠡᠵᠢ᠄ ︽ᠪᠢ ᠬᠡᠤᠬᠡᠳ ᠢᠶᠠᠨ ᠤᠷᠢᠳᠠᠪᠡᠷ ᠬᠦᠮᠦᠨ ᠪᠤᠯᠬᠤ ᠶᠢ ᠰᠤᠷᠴᠤ ᠳᠠᠷᠠᠭ᠎ᠠ ᠨᠢ ᠴᠢᠳᠠᠪᠦᠷᠢᠳᠠᠨ ᠪᠤᠯᠬᠤ ᠳᠤᠬᠠᠢ ᠰᠤᠷᠭᠠᠳᠠᠭ᠂ ︿ᠠᠵᠢᠯ ᠬᠢᠵᠤ ᠬᠦᠮᠦᠨ ᠪᠤᠯᠳᠠᠭ ᠠᠷᠤ ᠳᠠᠪᠠᠵᠤ ᠮᠠᠯ ᠪᠤᠯᠳᠠᠭ﹀ ᠭᠡᠳᠡᠭ ᠢᠶᠠᠷ ᠬᠤᠶᠠᠷ ᠬᠡᠤᠬᠡᠳ ᠢᠶᠠᠨ ᠠᠵᠢᠯ ᠬᠦᠳᠡᠯᠮᠦᠷᠢ ᠳᠤ ᠤᠷᠤᠯᠴᠠᠵᠤ ᠪᠤᠯᠪᠠᠰᠤᠷᠠᠬᠤ ᠶᠢ ᠰᠤᠷᠭᠠᠵᠤ ᠢᠷᠡᠭᠰᠡᠨ᠂ ᠠᠩᠬ᠎ᠠ ᠡᠬᠢᠯᠡᠬᠡᠳ ᠠᠵᠢᠯ ᠬᠢᠯᠬᠡᠨ᠎ᠠ ᠭᠡᠪᠡᠯ ᠮᠢᠨᠤ ᠦᠬᠢᠨ ᠶᠡᠭᠡ ᠤᠨᠳᠤᠭᠤᠴᠠᠳᠠᠭ ᠪᠠᠶᠢᠬᠰᠠᠨ᠂ ᠤᠳᠤ ᠪᠤᠯᠬᠤ ᠳᠤ ᠶᠡᠭᠡ ᠪᠠᠶᠠᠷ ᠬᠦᠷ ᠲᠠᠢ ᠪᠠᠷ ᠬᠦᠯᠢᠶᠡᠵᠤ ᠠᠪᠴᠤ ᠰᠠᠶᠢᠬᠠᠨ ᠪᠡᠶᠡᠯᠡᠬᠦᠯᠳᠡᠭ ᠮᠦᠷᠳᠡᠭᠡᠨ ᠤᠬᠠᠮᠰᠠᠷ ᠠᠴᠠ ᠪᠠᠨ ᠬᠢᠳᠡᠭ ᠪᠤᠯᠤᠭᠰᠠᠨ᠂ ᠬᠡᠤᠬᠡᠨ ᠮᠢᠨᠢ ᠦᠪᠡᠷ ᠤᠨ ᠦᠷᠤᠬᠡ ᠪᠠᠨ ᠦᠪᠡᠰᠤᠪᠡᠨ ᠴᠡᠪᠡᠷᠯᠡᠳᠡᠭ᠂ ᠳᠤᠮᠳᠠᠳᠤ ᠰᠤᠷᠭᠠᠭᠤᠯᠢ ᠳᠤ ᠤᠷᠤᠬᠰᠠᠨ ᠤ ᠳᠠᠷᠠᠭ᠎ᠠ᠂ ᠪᠡᠶ᠎ᠠ ᠪᠠᠨ ᠤᠬᠢᠶᠠᠬᠤ᠂ ᠬᠤᠪᠴᠠᠰᠤ ᠪᠠᠨ ᠤᠬᠢᠶᠠᠬᠤ᠂ ᠡᠪᠬᠡᠵᠤ ᠲᠢᠭᠯᠡᠬᠦ ᠬᠦᠷᠳᠡᠯ᠎ᠠ ᠪᠢ ᠤᠷᠤᠯᠴᠠᠬᠤ ᠬᠡᠷᠡᠭ ᠦᠬᠡᠢ ᠪᠤᠯᠤᠬᠰᠠᠨ ᠰᠢᠤ ︾ ᠭᠡᠵᠤ ᠪᠠᠶᠠᠷᠳᠡᠢ ᠶᠠᠷᠢᠵᠤ ᠪᠠᠶᠢᠯ᠎ᠠ᠃      ᠳᠤᠯᠠᠭᠠᠨ ᠡᠨᠡ ᠵᠢᠯ 14 ᠬᠦᠷᠴᠤ᠂ ᠳᠡᠬᠦᠤ ᠨᠢ 8 ᠬᠦᠷᠴᠤ ᠪᠠᠶᠢᠨ᠎ᠠ᠃ ᠠᠵᠢᠯ ᠬᠦᠳᠡᠯᠮᠦᠷᠢ ᠳᠤ ᠤᠷᠤᠯᠴᠠᠭᠤᠯᠵᠤ ᠰᠤᠷᠭᠠᠬᠰᠠᠨ ᠪᠤᠯᠬᠤᠷ ᠠᠪᠤ ᠡᠵᠢ ᠶᠢᠨ ᠬᠢᠨᠢ ᠠᠵᠢᠯ ᠬᠡᠳᠤᠢ ᠶᠠᠭᠠᠷᠠᠤ ᠪᠠᠶᠢᠬᠰᠠᠨ ᠴᠤ ᠳᠤᠯᠠᠭᠠᠨ ᠳᠡᠬᠦᠤ ᠪᠠᠨ ᠰᠠᠭᠠᠳᠠᠭᠤᠯᠳᠠᠭ ᠮᠦᠷᠳᠡᠭᠡᠨ ᠳᠠᠰᠬᠠᠯ ᠳᠠᠭᠠᠭᠠᠯᠭᠠᠪᠦᠷᠢ ᠪᠠᠨ ᠪᠡᠶᠡᠯᠡᠬᠦᠯᠬᠦ ᠠᠴᠠ ᠡᠬᠢᠯᠡᠵᠤ ᠪᠡᠶ᠎ᠠ ᠪᠠᠨ ᠳᠠᠭᠠᠭᠠᠵᠤ ᠦᠪᠡᠷ ᠤᠨ ᠠᠵᠢᠯ ᠢᠶᠠᠨ ᠬᠢᠳᠡᠭ ᠪᠤᠯᠬᠤᠷ ᠡᠵᠢ ᠨᠢ ᠠᠵᠢᠯ ᠦᠢᠯᠡᠰ᠂ ᠠᠶᠢᠯ ᠭᠡᠷ ᠭᠡᠳ ᠳᠠᠪᠬᠤᠷ ᠳᠠᠷᠤᠭᠠᠰᠤ ᠦᠬᠡᠢ ᠪᠠᠶᠢᠵᠤ ᠠᠵᠢᠯ ᠤᠨ ᠴᠢᠯᠦᠬᠡᠨ ᠤ ᠬᠤᠭᠤᠴᠠᠭᠠᠨ ᠳᠤ ᠨᠢᠬᠡ ᠭᠡᠷ ᠢᠶᠠᠷ ᠢᠶᠠᠨ ᠪᠠᠶᠠᠷ ᠬᠦᠷ ᠲᠠᠢ ᠵᠤᠯ ᠵᠢᠷᠭᠠᠯ ᠲᠠᠢ ᠦᠡᠭᠭᠡᠷᠡᠭᠡᠳᠡᠭ ᠪᠠᠶᠢᠨ᠎ᠠ᠃ ᠳᠤᠯᠠᠭᠠᠨ ᠭᠡᠷ ᠤᠨ ᠠᠬᠠᠮᠠᠳ ᠪᠠ ᠪᠠᠭᠰᠢ ᠨᠠᠷ ᠤᠨ ᠢᠶᠠᠨ ᠵᠢᠯᠦᠭᠤᠳᠤᠯᠭ᠎ᠠ ᠪᠠᠷ ᠢᠡᠭᠭᠢᠵᠤ ᠳᠠᠪᠳᠠᠨ ᠪᠤᠯᠪᠠᠰᠤᠷᠠᠬᠤ ᠳᠠᠭᠠᠨ 2018 ᠤᠨ ᠤ ᠦᠪᠦᠷ ᠮᠤᠩᠭᠤᠯ ᠤᠨ ᠷᠠᠳᠢᠤ᠋ ᠲᠧᠯᠸᠢᠰ ᠬᠤᠷᠢᠶᠠᠨ ᠤ ︽ᠬᠠᠤᠯᠢ ᠲᠦᠬᠡᠮᠡᠯᠵᠢᠬᠦᠯᠦᠭᠰᠡᠨ ᠪᠠᠭᠠᠴᠤᠤᠯ︾᠂ 2017 ᠤᠨ ᠳᠤ ︽ᠪᠠᠶᠠᠰᠤᠯᠳᠤ ᠨᠠᠭᠠᠳᠤᠮ︾ ᠰᠢᠯᠢ ᠶᠢᠨ ᠭᠤᠤᠯ ᠠᠶᠢᠮᠠᠭ ᠤᠨ ᠵᠠᠯᠠᠭᠤᠴᠤᠳ ᠪᠠᠭᠠᠴᠤᠳ ᠤᠨ ᠷᠠᠳᠢᠤ᠋ ᠲᠧᠯᠸᠢᠰ ᠦᠳᠡᠰᠢᠯᠡᠭᠡ ᠶᠢᠨ ᠰᠢᠯᠢᠳᠡᠭ ᠫᠷᠦᠭᠷᠠᠮ ᠤᠨ ᠱᠠᠩᠨᠠᠯ᠂ 2017 ᠤᠨ ᠤ ᠳᠤᠮᠳᠠᠳᠤ ᠤᠯᠤᠰ ᠤᠨ ᠬᠡᠤᠬᠡᠳ ᠤᠨ ᠳᠠᠭᠤᠤ ᠬᠦᠭᠵᠢᠮ ᠤᠨ ᠨᠡᠶᠢᠭᠡᠮᠯᠢᠭ ᠤᠨ ᠨᠠᠢᠮᠠᠳᠤᠭᠠᠷ ᠬᠤᠭᠤᠴᠠᠭᠠᠨ ᠤ ᠤᠷᠠᠯᠢᠭ ᠤᠨ ᠤᠷᠤᠯᠳᠤᠭᠠᠨ ᠤ ᠤᠨᠴᠠ ᠳᠡᠰ ᠤᠨ ᠱᠠᠩᠨᠠᠯ᠂ 2015 ᠤᠨ ᠳᠤ ᠰᠢᠯᠢ ᠶᠢᠨ ᠭᠤᠤᠯ ᠠᠶᠢᠮᠠᠭ ᠤᠨ ᠮᠢᠨ ᠱᠸᠡᠭ ᠬᠤᠳᠠᠯᠳᠤᠭᠠᠨ ᠤ ᠲᠦᠪ ᠤᠨ ᠪᠠᠭᠠᠴᠤᠳ ᠬᠡᠤᠬᠡᠳ ᠤᠨ ᠪᠦᠵᠢᠭ ᠤᠨ ᠤᠷᠤᠯᠳᠤᠭᠠᠨ ᠤ ᠬᠤᠶᠠᠳᠤᠭᠠᠷ ᠳᠡᠰ ᠤᠨ ᠱᠠᠩᠨᠠᠯ ᠵᠡᠷᠭᠡ ᠶᠢ ᠬᠦᠷᠳᠡᠵᠤ ᠪᠠᠶᠢᠬᠰᠠᠨ ᠢᠶᠠᠷ ᠪᠠᠷᠠᠬᠤ ᠦᠬᠡᠢ ᠰᠤᠷᠭᠠᠭᠤᠯᠢ ᠶᠢᠨ ᠳᠡᠰ ᠤᠨ ᠰᠢᠯᠢᠳᠡᠭ ᠠᠩᠭᠢ ᠶᠢᠨ ᠺᠠᠳ᠋ᠷ ᠵᠡᠷᠭᠡ ᠤᠯᠠᠨ ᠤᠯᠠᠨ ᠱᠠᠩᠨᠠᠯ ᠬᠦᠬᠢᠬᠦᠯᠦᠯ ᠢ ᠬᠦᠷᠳᠡᠵᠤ ᠦᠡᠭᠭᠡᠷᠡᠭᠰᠡᠨ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号