ᠭᠦᠳᠡᠯᠮᠤᠷᠢᠴᠢ ᠭᠡᠤᠭᠡᠤᠠ ᠲᠠᠤᠨᠬᠠᠯ ᠢᠶᠠᠷ
ᠨᠡᠶᠢᠲᠡᠯᠡᠭᠰᠡᠨ ᠴᠠᠭ᠄
2020/4/1
   ᠪᠠᠷᠠᠭᠤᠨ ᠦᠵᠤᠮᠤᠴᠢᠨ ᠬᠤᠰᠢᠭᠤᠨ ᠤ ᠪᠠᠶᠠᠨᠬᠤᠰᠢᠭᠤ ᠰᠤᠮᠤᠨ ᠤ ᠪᠠᠶᠠᠨᠴᠠᠭᠠᠨ ᠭᠠᠴᠠᠭᠠᠨ ᠤ ᠡᠩᠭᠡᠪᠠᠳᠤ᠂ ᠤᠨᠳᠤᠷᠮ᠎ᠠ ᠶᠢᠨ ᠡᠩᠬᠦᠷᠡᠢ ᠭᠠᠭᠴᠠ ᠦᠬᠢᠨ ᠳᠤᠭᠤᠰ ᠰᠤᠷᠭᠠᠭᠤᠯᠢ ᠴᠤᠬᠯᠠᠷᠠᠬᠤ ᠪᠤᠯᠤᠭ᠎ᠠ ᠦᠬᠡᠢ ᠪᠤᠯᠬᠤᠷ ᠡᠳᠤᠷ ᠪᠦᠷᠢ ᠰᠦᠯᠵᠢᠶᠡᠨ ᠤ ᠬᠢᠴᠢᠶᠡᠯ ᠢᠶᠠᠨ ᠰᠤᠷᠤᠯᠴᠠᠵᠤ ᠪᠠᠷᠠᠪᠠᠯ ᠠᠪᠤ ᠡᠵᠢ ᠪᠠᠨ ᠬᠠᠪᠰᠤᠷᠴᠤ ᠭᠠᠳᠠᠨ᠎ᠠ ᠳᠤᠳᠤᠨ᠎ᠠ ᠶᠢᠨ ᠠᠵᠢᠯ ᠳᠤ ᠶᠠᠭᠠᠷᠠᠯᠳᠤᠨ᠎ᠠ᠃    ᠲᠤᠭᠤᠰ ᠪᠠᠷᠠᠭᠤᠨ ᠦᠵᠦᠮᠥᠴᠢᠨ ᠬᠤᠰᠢᠭᠤᠨ ᠤ ᠮᠤᠩᠭᠤᠯ ᠲᠤᠮᠳᠠᠳᠥ ᠰᠤᠷᠭᠠᠭᠤᠯᠢ ᠶᠢᠨ ᠠᠩᠬ᠎ᠠ ᠲᠤᠮᠳᠠᠳᠥ ᠶᠢᠨ ᠭᠤᠷᠪᠠᠳᠤᠭᠠᠷ ᠤᠨ ᠳᠤ ᠰᠤᠷᠤᠯᠴᠠᠵᠥ ᠪᠠᠶᠢᠨ᠎ᠠ᠃ ᠳᠤᠭᠤᠰ ᠦᠬᠢᠨ ᠤᠯᠠᠨ ᠰᠠᠶᠢᠬᠠᠨ ᠠᠪᠢᠶᠠᠰ ᠲᠠᠢ ᠮᠦᠷᠳᠡᠬᠡᠨ ᠪᠠᠭ᠎ᠠ ᠠᠴᠠ ᠪᠠᠨ ᠮᠤᠳᠧᠯ ᠪᠤᠯᠬᠤ ᠬᠦᠰᠡᠯ ᠲᠠᠢ ᠪᠠᠶᠢᠵᠤ ᠡᠬᠦᠨ ᠤ ᠪᠠᠨ ᠲᠦᠯᠦᠬᠡ ᠴᠢᠷᠮᠠᠶᠢᠵᠤ ᠶᠠᠪᠤᠳᠠᠭ᠃ ᠬᠠᠷᠢᠨ ᠭᠡᠷ ᠲᠡᠭᠡᠨ ᠬᠠᠷᠢᠪᠠᠯ ᠠᠵᠢᠯ ᠬᠦᠳᠡᠯᠮᠦᠷᠢ ᠳᠤ ᠤᠷᠤᠯᠴᠠᠬᠤ ᠨᠢ ᠳᠡᠬᠦᠨ ᠤ ᠶᠡᠷᠤᠳᠡ ᠶᠢᠨ ᠳᠠᠳᠬᠠᠯ ᠪᠤᠯᠵᠡᠢ᠃ ᠳᠤᠭᠤᠰ᠄ ︽ᠠᠮᠠᠷᠠᠯᠳᠠ ᠶᠢᠨ ᠬᠤᠭᠤᠴᠠᠭᠠᠨ ᠳᠤ ᠪᠢ ᠬᠦᠳᠡᠭᠡ ᠭᠡᠷ ᠲᠤ ᠪᠠᠨ ᠢᠷᠡᠵᠤ ᠠᠪᠤ ᠡᠵᠢ ᠪᠠᠨ ᠬᠠᠪᠰᠤᠷᠴᠤ ᠠᠵᠢᠯ ᠬᠦᠳᠡᠯᠮᠦᠷᠢ ᠳᠤ ᠤᠷᠤᠯᠴᠠᠬᠤ ᠪᠠᠷ ᠳᠠᠮᠵᠢᠨ ᠳᠤᠩ ᠤᠯᠠᠨ ᠮᠠᠯᠵᠢᠯ ᠰᠤᠶᠤᠯ ᠤᠨ ᠳᠤᠬᠠᠢ ᠮᠡᠳᠡᠯᠬᠡ ᠬᠤᠷᠠᠮᠳᠤᠭᠤᠯᠤᠬᠰᠠᠨ᠂ ᠮᠦᠨ ᠴᠤ ᠨᠡᠯᠢᠶᠡᠳ ᠠᠷᠪᠢᠨ ᠠᠵᠢᠯ ᠢ ᠴᠢᠳᠠᠮᠠᠭᠠᠢ ᠬᠢᠵᠤ ᠴᠢᠳᠠᠬᠤ ᠪᠤᠯᠤᠬᠰᠠᠨ ᠶᠤᠮ᠃ ᠶᠠᠭ ᠰᠠᠶᠢᠬᠠᠨ ᠲᠦᠯ ᠤᠨ ᠬᠤᠭᠤᠴᠠᠭ᠎ᠠ ᠪᠤᠯᠬᠤᠷ ᠲᠦᠯ ᠳᠤᠰᠴᠤ ᠶᠠᠭᠠᠷᠠᠯᠳᠤᠨ᠂ ᠡᠳᠤᠷ ᠪᠦᠷᠢ ᠬᠤᠷᠠᠭ᠎ᠠ ᠢᠰᠢᠬᠡ ᠶᠢᠨ ᠮᠠᠶᠢᠯᠠᠬᠤ ᠳᠠᠭᠤ ᠤᠯᠵᠤ ᠰᠤᠨᠤᠰᠳᠠᠬ ᠨᠢ ᠨᠠᠳᠠᠳᠤ ᠳᠤᠩ ᠶᠡᠭᠡ ᠠᠵᠠ ᠵᠢᠷᠭᠠᠯ ᠲᠠᠢ ᠰᠠᠨᠠᠬᠳᠠᠳᠠᠭ︾ ᠭᠡᠵᠤ ᠶᠠᠷᠢᠵᠤ ᠪᠠᠶᠢᠯ᠎ᠠ᠃    ᠳᠤᠭᠤᠰ ᠦᠬᠢᠨ ᠬᠦᠮᠦᠨ ᠤ ᠭᠠᠭᠴᠠᠬᠠᠨ ᠦᠷ᠎ᠠ ᠪᠤᠯᠵᠤ ᠵᠠᠶᠠᠭᠠᠬᠰᠠᠨ ᠳᠠᠭᠠᠨ ᠡᠷᠬᠡᠯᠡᠵᠤ ᠨᠠᠭᠠᠳᠬᠤ ᠶᠢ ᠯᠡ ᠰᠤᠷᠤᠬᠰᠠᠨ ᠪᠢᠰᠢ᠂ ᠠᠪᠤ ᠡᠵᠢ ᠶᠢᠨ ᠢᠶᠠᠨ ᠨᠠᠨᠳᠢᠨ ᠰᠤᠷᠭᠠᠯ ᠢᠶᠠᠷ ᠪᠢᠴᠢᠭ ᠨᠤᠮ ᠢᠶᠠᠨ ᠰᠠᠶᠢᠨ ᠰᠤᠷᠬᠤ ᠶᠢᠨ ᠵᠠᠪᠰᠠᠷ ᠭᠡᠷ ᠵᠠᠭᠤᠷ᠎ᠠ ᠶᠢᠨ ᠠᠵᠢᠯ ᠠᠴᠠ ᠭᠠᠳᠠᠨ᠎ᠠ ᠬᠦᠳᠡᠭᠡ ᠶᠢᠨ ᠪᠤᠷᠤ ᠠᠵᠢᠯ ᠳᠤ ᠢᠳᠡᠭᠡᠰᠢᠵᠤ᠂ ᠦᠬᠡᠷ ᠮᠠᠯ ᠵᠢᠰᠤᠯᠠᠵᠤ᠂ ᠬᠤᠷᠠᠭ᠎ᠠ ᠢᠰᠢᠬᠡ ᠤᠬᠵᠢᠨ᠂ ᠬᠤᠷᠢᠶ᠎ᠠ ᠬᠠᠰᠢᠶ᠎ᠠ ᠪᠠᠨ ᠴᠡᠪᠡᠷᠯᠡᠬᠦ ᠭᠡᠳ ᠬᠢᠷᠢ ᠶᠢᠨ ᠢᠶᠠᠨ ᠳᠤᠳᠤᠷ᠎ᠠ ᠬᠢᠵᠤ ᠯᠡ ᠪᠠᠶᠢᠳᠠᠭ ᠳ᠋ᠠ᠂ ᠳᠡᠷᠡ ᠬᠡᠯᠡᠬᠦ ᠳᠡᠭᠡᠨ ᠠᠪᠤ ᠡᠵᠢ ᠪᠠᠨ ᠳᠠᠭᠠᠵᠤ ᠠᠵᠢᠯ ᠬᠢᠭᠰᠡᠭᠡᠷ ᠪᠠᠶᠢᠭᠠᠳ ᠠᠪᠤ ᠡᠵᠢ ᠶᠢᠨ ᠢᠶᠠᠨ ᠬᠡᠴᠢᠨᠡᠨ ᠵᠦᠳᠡᠷᠡᠵᠤ ᠪᠠᠶᠢᠬᠤ ᠶᠢ ᠤᠯᠵᠤ ᠮᠡᠳᠡᠭᠰᠡᠨ᠂ ᠳᠡᠭᠡᠭᠡᠳ ᠯᠡ ᠴᠢᠯᠦᠬᠡᠨ ᠤ ᠬᠤᠭᠤᠴᠠᠭᠠᠨ ᠳᠤ ᠪᠠᠭ᠎ᠠ ᠴᠤ ᠭᠡᠰᠡᠨ ᠳᠤᠰᠠ ᠪᠤᠯᠪᠠᠯ ᠭᠡᠵᠤ ᠪᠤᠳᠤᠬᠤ ᠪᠤᠯᠤᠯ᠎ᠠ ᠭᠡᠵᠤ ᠤᠬᠠᠭᠠᠨ ᠲᠠᠢ ᠨᠢ ᠠᠷᠭ᠎ᠠ ᠦᠬᠡᠢ ᠶᠠᠷᠢᠵᠤ ᠪᠠᠶᠢᠯ᠎ᠠ᠃    ᠲᠤᠭᠤᠰ ᠦᠬᠢᠨ ᠪᠦᠭᠦ ᠤᠷᠤᠠ ᠤ ᠬᠤᠶᠠᠳᠤᠭᠠᠷ ᠤᠳᠠᠭᠠᠠ ᠤ ︽ᠠᠭᠠᠢ ᠱᠠᠪᠳᠠᠯ︾ ᠦᠰᠪᠤᠷᠢ ᠭᠡᠤᠭᠡᠤᠠ ᠤᠨ ᠠᠯᠳᠠᠠ ᠲᠢᠳᠢᠮᠳᠤ ᠮᠤᠳᠧᠯ ᠤᠨ ᠲᠡᠮᠡᠴᠡᠭᠡᠡ ᠤ ᠲᠡᠷᠢᠭᠦᠡ ᠲᠡᠰ᠂ ᠪᠦᠭᠦ ᠬᠤᠰᠢᠭᠤᠠ ᠤ ᠠᠩᠬᠠᠳᠤᠭᠠᠷ ᠤᠳᠠᠭᠠᠠ ᠤ ︽ᠤᠶᠠᠬᠠᠠ︾ ᠪᠠᠭᠠᠴᠤᠤᠠ ᠭᠡᠤᠭᠡᠤᠠ ᠤᠨ ᠮᠤᠳᠧᠯ ᠤᠨ ᠲᠡᠮᠡᠴᠡᠭᠡᠡ ᠤ ᠭᠤᠷᠪᠠᠳᠤᠭᠠᠷ ᠲᠡᠰ᠂ ᠪᠦᠭᠦ ᠬᠤᠰᠢᠭᠤᠠ ᠤ ᠭᠤᠷᠪᠠᠳᠤᠭᠠᠷ ᠤᠳᠠᠭᠠᠠ ᠤ ᠪᠠᠭᠠᠴᠤᠤᠠ ᠭᠡᠤᠭᠡᠤᠠ ᠤᠨ ᠮᠤᠳᠧᠯ ᠤᠨ ᠤᠷᠤᠯᠳᠤᠭᠠᠠ ᠤ ᠰᠢᠯᠢᠳᠡᠭ ᠨᠡᠷ᠎ᠡ᠂ ︽ᠤᠳᠤᠤᠠ ᠤᠨ ᠭᠡᠷᠡᠯ︾ ᠪᠦᠭᠦ ᠤᠷᠤᠠ ᠤ ᠬᠤᠶᠠᠳᠤᠭᠠᠷ ᠤᠳᠠᠭᠠᠠ ᠤ ᠪᠠᠭᠠᠴᠤᠤᠠ ᠭᠡᠤᠭᠡᠤᠠ ᠤᠨ ᠱᠠᠩᠨᠠᠯᠳᠤ ᠤᠷᠤᠯᠳᠤᠭᠠᠠ ᠤ ᠰᠢᠯᠢᠳᠡᠭ ᠲᠡᠰ᠂ ᠪᠠᠷᠠᠭᠤᠠ ᠦᠵᠦᠮᠦᠴᠢᠡ ᠬᠤᠰᠢᠭᠤᠠ ᠤ ᠭᠤᠷᠪᠠᠳᠤᠭᠠᠷ ᠤᠳᠠᠭᠠᠠ ᠤ ︽ᠲᠡᠭᠵᠢᠡ ᠭᠦᠡᠭᠵᠤ︾ ᠪᠠᠭᠠᠴᠤᠤᠠ ᠭᠡᠤᠭᠡᠤᠠ ᠤᠨ ᠮᠤᠳᠧᠯ ᠤᠨ ᠤᠷᠤᠯᠳᠤᠭᠠᠠ ᠤ ᠰᠢᠯᠢᠳᠡᠭ ᠲᠡᠰ ᠵᠡᠷᠭᠡ ᠤᠯᠠᠠ ᠰᠠᠶᠢᠬᠠᠠ ᠱᠠᠩᠨᠠᠯ ᠭᠦᠭᠢᠭᠦᠯᠦᠯ ᠲᠠᠢ ᠶᠠᠪᠤᠭ᠎ᠠ ᠪᠢᠯᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号