ᠬᠦᠳᠡᠭᠡ ᠦᠰᠦᠭᠰᠡᠨ ᠬᠡᠤᠬᠡᠳ ᠠᠵᠢᠯᠴᠢ ᠪᠤᠯᠳᠠᠭ
ᠨᠡᠶᠢᠲᠡᠯᠡᠭᠰᠡᠨ ᠴᠠᠭ᠄
2020/11/2
    ᠮᠤᠩᠭᠤᠯᠴᠤᠳ ᠬᠡᠤᠬᠡᠳ ᠢᠶᠠᠨ ᠬᠠᠷᠠᠬᠠᠨ ᠪᠠᠭ᠎ᠠ ᠠᠴᠠ ᠨᠢ ᠠᠵᠢᠯ ᠬᠦᠳᠡᠯᠮᠦᠷᠢ ᠳᠤ ᠢᠯᠡᠬᠦᠦ ᠰᠤᠷᠭᠠᠳᠠᠭ ᠤᠯᠠᠮᠵᠢᠯᠠᠯ ᠲᠠᠢ᠃ ᠠᠵᠢᠯ ᠬᠦᠳᠡᠯᠮᠦᠷᠢ ᠳᠤ ᠪᠠᠶᠠᠴᠢᠯᠡᠨ ᠤᠷᠤᠯᠴᠠᠭᠤᠯᠬᠤ ᠪᠠᠷ ᠳᠠᠮᠵᠢᠨ ᠬᠡᠤᠬᠡᠳ ᠤᠨ ᠰᠡᠳᠬᠢᠬᠦᠢ ᠶᠢ ᠳᠡᠯᠡᠬᠦ᠂ ᠳᠡᠩᠴᠡᠬᠦᠷᠢ ᠪᠠᠨ ᠤᠯᠬᠤ ᠳᠤ ᠳᠤᠰᠠᠯᠠᠬᠤ᠂ ᠡᠪ ᠳᠡᠮ ᠢᠶᠠᠨ ᠤᠯᠵᠦ ᠭᠠᠷ ᠢ ᠨᠢ ᠡᠪᠰᠢᠬᠦᠯᠬᠦ᠂ ᠠᠷᠭ᠎ᠠ ᠪᠤᠳᠤᠵᠦ ᠤᠴᠢᠷ ᠶᠠᠪᠤᠳᠠᠯ ᠢ ᠰᠢᠢᠳᠪᠤᠷᠢᠯᠡᠵᠦ ᠳᠡᠶᠢᠯᠳᠡᠭ ᠪᠤᠯᠬᠤ ᠵᠡᠷᠭᠡ ᠳᠠᠯ᠎ᠠ ᠪᠠᠷ ᠳᠤᠰᠠᠯᠠᠳᠠᠭ ᠶᠤᠮ᠃ ᠠᠵᠢᠯ ᠬᠦᠳᠡᠯᠮᠦᠷᠢ ᠪᠠᠷ ᠳᠠᠮᠵᠢᠨ ᠰᠤᠷᠭᠠᠨ ᠬᠦᠮᠦᠵᠢᠬᠦᠯᠬᠦ ᠨᠢ ᠨᠢᠭᠡ ᠳᠠᠯ᠎ᠠ ᠪᠠᠷ ᠠᠪᠤ ᠡᠵᠢ ᠪᠠᠨ ᠳᠠᠭᠤᠷᠢᠶᠠᠵᠦ ᠬᠢᠬᠦ ᠪᠤᠯᠬᠤᠷ ᠬᠡᠤᠬᠡᠳ ᠤᠨ ᠬᠠᠮᠤᠭ ᠤᠨ ᠰᠠᠶᠢᠨ ᠴᠢᠳᠠᠳᠠᠭ ᠳᠠᠭᠤᠷᠢᠶᠠᠬᠤ ᠴᠢᠳᠠᠪᠤᠷᠢ ᠶᠢ ᠪᠠᠳᠠᠷᠠᠭᠤᠯᠳᠠᠭ᠂ ᠨᠦᠬᠦᠭᠡ ᠳᠠᠯ᠎ᠠ ᠪᠠᠷ ᠡᠨᠡ ᠨᠢ ᠮᠠᠰᠢ ᠠᠶᠠᠨᠳᠠᠭᠠᠨ ᠤ ᠠᠶᠢᠵᠠᠮ ᠳᠤᠮᠳᠠ ᠶᠠᠪᠤᠭᠳᠠᠳᠠᠭ ᠪᠤᠯᠬᠤᠷ ᠠᠯᠪᠠᠳᠠᠯᠭ᠎ᠠ ᠶᠢᠨ ᠴᠢᠨᠠᠷ ᠤᠭᠳᠤᠬᠠᠨ ᠴᠦ ᠦᠭᠡᠢ ᠪᠠᠶᠢᠵᠦ᠂ ᠬᠡᠤᠬᠡᠳ ᠲᠤ ᠳᠠᠷᠤᠯᠳᠠ ᠰᠢᠬᠠᠯᠳᠠ ᠦᠭᠡᠢ ᠪᠠᠶᠢᠵᠦ᠂ ᠡᠳᠦᠷ ᠤᠨ ᠤᠳᠠᠭᠠᠨ ᠳᠤ ᠪᠠᠨ ᠬᠢᠵᠦ ᠰᠤᠷᠬᠤ ᠴᠠᠭ ᠵᠠᠪ ᠢ ᠬᠡᠤᠭᠡᠳ ᠲᠤ ᠦᠭᠳᠡᠭ ᠶᠤᠮ᠃     ᠨᠠᠢᠮᠠᠳᠤᠭᠠᠷ ᠰᠠᠷ᠎ᠠ ᠶᠢᠨ ᠳᠤᠮᠳᠠᠴᠢ ᠪᠠᠷ ᠤᠯᠠᠭᠠᠢ ᠬᠠᠮᠢᠶᠠᠷᠤᠯᠳᠠ ᠶᠢᠨ ᠤᠷᠤᠨ ᠤ ᠬᠡᠰᠡᠭᠡᠨᠭᠤᠯᠠ ᠮᠠᠯᠵᠢᠯ ᠤᠨ ᠳᠠᠯᠠᠪᠠᠢ ᠪᠠᠷ ᠰᠤᠷᠪᠤᠯᠵᠢᠯᠠᠵᠦ ᠶᠠᠪᠤᠬᠤ ᠳᠤ ᠪᠠᠨ  ᠨᠢᠭᠡ  ᠬᠦᠬᠡᠷᠦᠬᠦᠨ  ᠬᠦᠦ  ᠲᠠᠢ  ᠳᠠᠨᠢᠯᠴᠠᠯ᠎ᠠ᠃ ᠳᠡᠬᠦᠨ ᠢ ᠵᠤᠯᠳᠠᠢ ᠭᠡᠳᠡᠭ᠃ ᠵᠤᠯᠳᠠᠢ ᠪᠤᠯ ᠤᠯᠠᠭᠠᠢ ᠬᠠᠮᠢᠶᠠᠷᠤᠯᠳᠠ ᠶᠢᠨ ᠤᠷᠤᠨ ᠤ ᠮᠤᠩᠭᠤᠯ ᠰᠤᠷᠭᠠᠭᠤᠯᠢ ᠶᠢᠨ ᠭᠤᠷᠪᠠᠳᠤᠭᠠᠷ ᠤᠨ ᠤ ᠰᠤᠷᠤᠭᠴᠢ ᠶᠤᠮ᠃ ᠶᠢᠰᠦᠳᠠᠢ ᠳᠡᠷᠡᠪᠡᠷ ᠠᠪᠤ ᠡᠵᠢ ᠪᠠᠨ ᠬᠠᠪᠰᠤᠷᠴᠦ ᠭᠡᠷ ᠤᠨ ᠭᠠᠳᠠᠨ᠎ᠠ ᠳᠤᠳᠤᠨᠠᠬᠢ ᠤᠯᠠᠨ ᠠᠵᠢᠯ ᠢ ᠬᠠᠮᠵᠢᠵᠦ ᠬᠢᠵᠦ ᠴᠢᠳᠠᠬᠤ ᠪᠤᠯᠵᠠᠢ᠃ ᠳᠡᠳᠡᠨ ᠤ ᠳᠤ ᠤᠴᠢᠬᠤ ᠳᠤ ᠠᠪᠤ ᠡᠵᠢ ᠨᠢ ᠢᠷᠡᠭᠰᠡᠨ  ᠵᠤᠴᠢᠳ ᠲᠤ ᠪᠠᠨ ᠬᠤᠭᠤᠯᠠ ᠤᠮᠳᠠ ᠪᠡᠯᠡᠳᠭᠡᠵᠦ ᠶᠠᠭᠠᠷᠠᠬᠤ ᠳᠤ ᠵᠤᠯᠳᠠᠢ ᠮᠠᠨᠢ ᠰᠢᠷᠡᠭᠡ ᠵᠦᠯᠬᠦᠵᠦ ᠰᠠᠨᠳᠠᠯᠢ ᠵᠦᠭᠡᠭᠡᠭᠡᠳ  ᠬᠠᠷᠠᠬᠤ ᠳᠤ ᠯᠡ ᠪᠠᠶᠢᠡᠭᠭᠤ ᠡᠨᠡ ᠠᠵᠢᠯ ᠳᠤ ᠬᠠᠮᠵᠢᠯᠴᠠᠳᠠᠭ ᠨᠢ  ᠢᠯᠡᠭᠡᠨ ᠪᠠᠶᠢᠯ᠎ᠠ᠃ ᠤᠳᠠᠭᠰᠠᠨ ᠦᠭᠡᠢ ᠳᠡᠷᠡ ᠡᠵᠢ ᠶᠢᠨ ᠢᠶᠠᠨ ᠵᠠᠬᠢᠶ᠎ᠡ ᠪᠠᠷ ᠬᠤᠭᠤᠰᠤᠨ  ᠰᠠᠭᠤᠯᠠᠭ᠎ᠠ ᠪᠠᠨ ᠪᠠᠷᠢᠵᠦ ᠬᠦᠶᠦᠭᠡᠳ ᠬᠡᠳᠦᠭᠡᠨ ᠮᠢᠨᠦ᠋ᠲ ᠤᠨ ᠳᠤᠳᠤᠷ᠎ᠠ ᠳᠦᠬᠦᠷᠡᠩ ᠠᠷᠭᠠᠯ ᠠᠪᠤᠭᠠᠳ ᠢᠷᠡᠯ᠎ᠡ᠃ ᠠᠷᠭᠠᠯ ᠳᠦᠯᠡᠭᠡ ᠤᠢᠢᠷᠠᠳᠤᠭᠤᠯᠬᠤ ᠪᠤᠯ ᠬᠡᠤᠬᠡᠳ ᠤᠨ ᠬᠠᠮᠤᠭ ᠤᠨ ᠳᠦᠷᠦᠬᠦᠦ ᠬᠢᠵᠦ ᠰᠤᠷᠳᠠᠭ ᠠᠵᠢᠯ  ᠪᠠᠶᠢᠵᠦ ᠳᠠᠭᠠᠷᠠᠨ᠎ᠠ᠃ ᠵᠤᠯᠳᠠᠢ ᠴᠦ ᠡᠨᠡ ᠠᠵᠢᠯ ᠢ ᠳᠠᠪᠤ ᠵᠢᠷᠭᠤᠭᠠᠨ ᠨᠠᠰᠤᠨ ᠠᠴᠠ ᠪᠠᠨ ᠬᠢᠵᠦ ᠰᠤᠷᠤᠭᠠᠳ ᠤᠳᠤ ᠪᠤᠯᠬᠤ ᠳᠤ  ᠬᠠᠭᠤᠴᠢᠨ ᠭᠠᠷ ᠪᠤᠯᠤᠭᠰᠠᠨ ᠪᠠᠶᠢᠨ᠎ᠠ᠃ ᠵᠤᠯᠳᠠᠢ ᠡᠵᠢ ᠳᠤ ᠪᠠᠨ ᠠᠷᠭᠠᠯ ᠤᠢᠢᠷᠠᠳᠤᠭᠤᠯᠵᠦ ᠦᠭᠬᠦᠭᠡᠳ ᠭᠡᠷ ᠤᠨ ᠢᠶᠠᠨ ᠤᠢᠢᠷᠠᠬᠠᠨ ᠪᠠᠶᠢᠭᠰᠠᠨ ᠭᠡᠳᠦᠨ ᠬᠤᠨᠢ ᠪᠠᠨ ᠬᠦᠭᠡᠭᠡᠵᠦ ᠠᠪᠴᠢᠷᠠᠭᠠᠳ ᠠᠪᠤ ᠲᠠᠢ ᠪᠠᠨ ᠬᠠᠮᠵᠢᠨ ᠤᠰᠤᠯᠠᠪᠠ᠃ ᠵᠤᠯᠳᠠᠢ  ᠬᠦᠦ ᠶᠢᠨ ᠠᠪᠤ ᠡᠵᠢ ᠨᠢ ︽ᠢᠡᠭᠬᠢ ᠴᠢᠩᠬᠢ︾ ᠭᠡᠬᠦ ᠶᠢᠨ  ᠬᠠᠷᠢᠭᠤ  ᠳᠤ ︽ᠬᠢᠬᠦ ᠦᠭᠡᠢ  ᠴᠢᠳᠠᠬᠤ ᠦᠭᠡᠢ  ︾ ᠭᠡᠬᠦ  ᠦᠭᠡ ᠶᠢ ᠬᠡᠯᠡᠬᠦ ᠦᠭᠡᠢ᠂ ᠪᠠᠰᠠ ᠵᠠᠯᠬᠠᠭᠤᠷᠠᠯ ᠦᠭᠡᠢ ᠪᠠᠶᠢᠬᠤ ᠨᠢ ᠳᠤᠮᠤᠭ᠎ᠠ ᠲᠠᠢ ᠪᠠᠶᠢᠳᠠᠭ ᠢ ᠨᠢ ᠬᠠᠷᠠᠭᠤᠯᠤᠨ᠎ᠠ ᠠᠵᠢ᠃ ᠤᠰᠤᠯᠠᠭᠰᠠᠨ ᠬᠤᠨᠢ ᠪᠠᠨ ᠬᠦᠷᠢᠶᠠᠨ ᠳᠤ ᠤᠷᠤᠭᠤᠯᠴᠢᠬᠠᠭᠠᠳ ᠬᠦᠷᠢᠶᠠᠨ ᠤ ᠪᠠᠨ ᠡᠬᠦᠳᠡ ᠶᠢ ᠰᠠᠶᠢᠨ ᠴᠢᠩᠳᠠᠯᠠᠵᠦ ᠤᠶᠠᠭᠠᠳ  ᠨᠢᠭᠡ  ᠶᠡᠭᠡ ᠠᠵᠢᠯ ᠢ ᠠᠮᠵᠢᠭᠤᠯᠤᠭᠰᠠᠨ ᠬᠦᠮᠦᠨ ᠪᠤᠯᠵᠦ ᠮᠠᠩᠨᠠᠢ ᠪᠠᠨ ᠠᠷᠴᠢᠬᠤ ᠨᠢ ᠬᠦᠭᠡᠷᠦᠬᠦᠨ ᠬᠠᠷᠠᠭᠳᠠᠨ᠎ᠠ ᠃ ᠳᠡᠷᠡ ᠪᠠᠰᠠ ᠬᠤᠳᠠᠴᠢ ᠠᠯᠠᠭ ᠢᠶᠠᠨ ᠳᠡᠵᠢᠭᠡᠬᠦ ᠠᠵᠢᠯ ᠢᠶᠠᠨ ᠵᠠᠪ ᠦᠭᠡᠢ ᠠᠮᠵᠢᠭᠤᠯᠵᠦ᠂ ᠬᠤᠨᠢ ᠳᠡᠵᠢᠭᠡᠬᠦ ᠤᠡᠭᠭᠤᠴᠠ ᠪᠠᠨ ᠴᠦ ᠱᠦᠬᠦᠷᠳᠡᠪᠡ᠃ ᠡᠳᠡᠭᠡᠷ ᠠᠵᠢᠯ ᠪᠤᠯ ᠳᠡᠬᠦᠨ ᠤ ᠪᠠᠶᠢᠡᠭᠭᠤ ᠰᠠᠨᠠᠭᠠᠨ ᠠᠴᠠ ᠪᠠᠨ ᠬᠢᠴᠢᠭᠡᠳᠡᠭ ᠠᠵᠢᠯ ᠶᠤᠮ᠃ ︽ᠬᠦᠦ ᠴᠢᠨᠢ ᠶᠤᠰᠤᠳᠠᠢ ᠠᠵᠢᠯᠴᠢ ᠪᠠᠶᠢᠨ᠎ᠠ ᠰᠢᠤ︾ ᠭᠡᠬᠦ ᠪᠠᠷ ᠵᠤᠯᠳᠠᠢ ᠶᠢᠨ ᠠᠪᠤ ᠰᠠᠶᠢᠨᠪᠠᠶᠠᠷ᠄ ︽ᠵᠠᠪᠳᠤᠬᠤ ᠦᠭᠡᠢ ᠪᠤᠯᠪᠠᠯ ᠵᠠᠷᠤᠭᠠᠳ ᠪᠠᠶᠢᠳᠠᠭ ᠪᠤᠯᠬᠤᠷ ᠮᠠᠨ ᠤ ᠬᠦᠦ ᠤᠯᠠᠨ ᠠᠵᠢᠯ ᠬᠢᠵᠦ ᠴᠢᠳᠠᠬᠤ ᠪᠤᠯᠤᠭᠰᠠᠨ︾ ᠭᠡᠪᠡ᠃ ᠤᠳᠤ ᠶᠢᠨ ᠬᠦᠮᠦᠰ ᠬᠡᠤᠬᠡᠳ ᠢ ᠠᠵᠢᠯ ᠬᠦᠳᠡᠯᠮᠦᠷᠢ ᠳᠤ  ᠤᠷᠤᠯᠴᠠᠭᠤᠯᠬᠤ ᠶᠢ  ᠬᠦᠨᠳᠦᠳᠭᠡᠨ ᠪᠤᠳᠤᠬᠤ ᠦᠭᠡᠢ ᠮᠦᠷᠳᠡᠭᠡᠨ ᠡᠮᠦᠨ᠎ᠡ ᠠᠴᠠ ᠨᠢ ᠪᠦᠬᠦ ᠶᠠᠭᠤᠮ᠎ᠠ ᠶᠢ ᠬᠢᠵᠦ ᠪᠠᠶᠢᠭ᠎ᠠ ᠪᠠᠨ ᠬᠡᠤᠬᠡᠳ ᠢᠶᠠᠨ ᠬᠠᠶᠢᠷᠠᠯᠠᠵᠦ ᠪᠠᠶᠢᠬᠤ ᠪᠠᠷ ᠪᠤᠷᠤᠭᠤ ᠤᠢᠢᠯᠠᠭᠠᠴᠢᠬᠠᠭᠰᠠᠨ ᠨᠢ ᠵᠦᠡᠭᠳᠡᠭᠡᠨ ᠪᠤᠢ᠃ ᠢᠡᠭᠬᠢᠵᠦ ᠬᠡᠤᠬᠡᠳ ᠠᠴᠠ ᠪᠠᠨ ᠠᠮᠵᠢᠵᠦ ᠬᠢᠬᠦ ᠨᠢ ᠴᠠᠭ ᠲᠤ ᠠᠷᠪᠢᠳᠠᠢ ᠭᠡᠳᠡᠭ ᠨᠢ ᠴᠦ ᠪᠤᠢ᠃ ᠦᠨᠡᠨ ᠳᠤ ᠪᠠᠨ ᠬᠡᠤᠬᠡᠳ ᠤᠯᠠᠨ ᠠᠵᠢᠯ ᠢ ᠬᠢᠵᠦ ᠴᠢᠳᠠᠳᠠᠭ ᠪᠦᠭᠡᠳ ᠳᠠᠪᠤ ᠳᠤᠯᠤᠭ᠎ᠠ ᠬᠦᠷᠦᠭᠡᠳ ᠢᠷᠡᠬᠦ ᠪᠠᠷ ᠡᠪ ᠳᠡᠮ ᠢᠶᠠᠨ ᠤᠯᠬᠤ ᠱᠠᠭᠠᠷᠳᠠᠯᠭ᠎ᠠ ᠲᠠᠢ ᠪᠠᠶᠢᠳᠠᠭ ᠪᠤᠯᠬᠤᠷ ᠠᠵᠢᠯ ᠬᠦᠳᠡᠯᠮᠦᠷᠢ ᠳᠤ ᠤᠷᠤᠯᠴᠠᠭᠤᠯᠬᠤ ᠨᠢ ᠮᠠᠰᠢ ᠴᠢᠬᠤᠯᠠ ᠪᠠᠶᠢᠳᠠᠭ᠃ ᠬᠡᠤᠬᠡᠳ ᠠᠵᠢᠯ ᠳᠤ ᠡᠷᠳᠡ ᠳᠠᠰᠴᠢᠬᠠᠪᠠᠯ ᠴᠠᠭ ᠲᠤ ᠤᠯᠠᠮ ᠠᠷᠪᠢᠳᠠᠢ ᠪᠤᠯᠳᠠᠭ ᠢ ᠠᠪᠤ ᠡᠵᠢ ᠨᠠᠷ ᠪᠤᠳᠤᠵᠦ᠂ ᠬᠡᠤᠬᠡᠳ ᠢ ᠭᠠᠷ ᠬᠦᠳᠡᠯᠦᠨ ᠬᠢᠬᠦ ᠪᠤᠯᠭᠠᠴᠢᠬᠠᠪᠠᠯ ᠤᠷᠢᠳ ᠠᠴᠠ ᠨᠢ ᠪᠦᠬᠦᠨ ᠢ ᠬᠢᠬᠦ ᠱᠠᠭᠠᠷᠳᠠᠯᠭ᠎ᠠ ᠦᠭᠡᠢ ᠪᠤᠯᠳᠠᠭ᠃ ᠡᠨᠡ ᠨᠢ ᠬᠡᠤᠬᠡᠳ ᠲᠤ ᠦᠪᠡᠷ ᠤᠨ ᠠᠵᠢᠯ ᠢᠶᠠᠨ ᠦᠪᠡᠷ ᠢᠶᠠᠨ ᠬᠢᠭᠰᠡᠨ ᠪᠤᠶᠤ ᠠᠪᠤ ᠡᠵᠢ ᠪᠠᠨ ᠬᠠᠪᠰᠤᠷᠴᠦ ᠴᠢᠳᠠᠭᠰᠠᠨ ᠭᠡᠳᠡᠭ ᠪᠠᠭ᠋ᠠᠳᠤᠯᠳᠦ ᠰᠡᠳᠬᠢᠯᠭᠡ ᠶᠢ  ᠳᠦᠷᠦᠬᠦᠯᠳᠡᠭ ᠪᠤᠯᠬᠤᠷ ᠪᠠᠶ᠎ᠠ ᠰᠡᠳᠬᠢᠴᠡ ᠶᠢᠨ ᠪᠤᠶᠢᠵᠢᠯᠳᠠ ᠳᠤ ᠨᠢ ᠴᠦ ᠠᠰᠢᠭᠳᠠᠢ  ᠪᠠᠶᠢᠳᠠᠭ ᠪᠢᠯᠡ᠃ ᠵᠤᠯᠳᠠᠢ ᠶᠢᠨ ᠡᠵᠢ ᠨᠢ᠄ ︽ᠮᠢᠨᠦ ᠬᠦᠦ ᠤᠯᠠᠭᠠᠢ ᠬᠠᠮᠢᠶᠠᠷᠤᠯᠳᠠ ᠶᠢᠨ ᠤᠷᠤᠨ ᠤ ᠮᠤᠩᠭᠤᠯ ᠰᠤᠷᠭᠠᠭᠤᠯᠢ ᠳᠤ ᠰᠠᠭᠤᠳᠠᠭ ᠶᠤᠮ᠃ ᠭᠠᠷᠠᠭ ᠤᠨ ᠳᠠᠪᠤᠨ ᠤ ᠤᠷᠤᠢ ᠪᠤᠯᠪᠠᠯ ᠭᠡᠷ ᠲᠤ ᠪᠠᠨ ᠳᠤᠰᠤᠭᠠᠳ  ᠠᠪᠴᠢᠷᠠᠴᠢᠬᠠᠳᠠᠭ᠃ ᠮᠠᠨ ᠤ ᠬᠤᠶᠠᠷ ᠲᠤ ᠬᠠᠮ ᠳᠠᠮ ᠪᠤᠯᠤᠨ᠎ᠠ ᠰᠢᠤ᠂ ᠤᠨᠴᠠᠭᠠᠢᠢᠯᠠᠨ ᠳᠦᠯ ᠤᠨ ᠦᠶ᠎ᠡ ᠳᠤ ᠶᠤᠮ ᠪᠤᠯ  ᠬᠤᠷᠠᠭ᠎ᠠ ᠵᠦᠭᠡᠭᠡᠭᠡᠳ ᠬᠡᠮᠵᠢᠶ᠎ᠡ ᠦᠭᠡᠢ ᠳᠤᠰᠠ ᠪᠤᠯᠤᠨ᠎ᠠ︾ ᠭᠡᠵᠦ ᠶᠠᠷᠢᠨ᠎ᠠ᠃     ᠬᠦᠳᠡᠭᠡ ᠶᠢᠨ ᠬᠡᠤᠬᠡᠳ ᠠᠷᠪᠠ ᠤᠢᠢᠷᠠᠳᠤᠭᠠᠳ ᠢᠷᠡᠬᠦ ᠪᠠᠷ ᠪᠦᠷ ᠵᠤᠯᠳᠠᠢ ᠰᠢᠭ᠋ ᠠᠪᠤ ᠡᠵᠢ ᠶᠢᠨ ᠢᠶᠠᠨ ᠨᠢᠳᠦᠨ ᠤ ᠬᠢᠨᠢ ᠬᠠᠵᠠᠭᠤ ᠳᠤ ᠨᠢᠳᠦ᠂ ᠭᠠᠷ ᠤᠨ ᠬᠢᠨᠢ ᠬᠠᠵᠠᠭᠤ ᠳᠤ ᠭᠠᠷ ᠪᠤᠯᠴᠢᠬᠠᠳᠠᠭ ᠨᠢ ᠡᠩ ᠤᠨ ᠤᠴᠢᠷ᠃ ᠬᠡᠤᠬᠡᠳ ᠢ ᠠᠵᠢᠯ ᠬᠦᠳᠡᠯᠮᠦᠷᠢ ᠳᠤ ᠢᠯᠡᠬᠦᠦ ᠰᠤᠷᠭᠠᠬᠤ ᠨᠢ ᠮᠠᠨ ᠤ ᠦᠨᠳᠦᠰᠦᠳᠡᠨ ᠤ ᠤᠯᠠᠮᠵᠢᠯᠠᠯᠳᠦ ᠰᠤᠷᠭᠠᠨ ᠬᠦᠮᠦᠵᠢᠯ ᠤᠨ ᠤᠨᠴᠠᠯᠢᠭ ᠪᠠᠶᠢᠵᠦ᠂ ᠦᠶ᠎ᠡ ᠶᠢᠨ ᠦᠶ᠎ᠡ ᠤᠯᠠᠮᠵᠢᠯᠠᠨ ᠪᠠᠷᠢᠮᠳᠠᠯᠠᠬᠤ ᠭᠡᠷᠡᠭᠳᠡᠢ ᠪᠢᠯᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号