ᠲᠤᠷ᠎ᠠ ᠪᠠᠷ ᠲᠡᠬᠦᠯᠢᠨ ᠳᠡᠪᠳᠡᠷᠢᠬᠦ ᠰᠢᠪᠠᠭᠤᠬᠠᠢ ᠰᠢᠭ᠋ ᠵᠢᠭᠠᠯ ᠭᠡᠤᠭᠡᠳ ᠤᠳ ᠭᠡᠭᠴᠢ ᠲᠦᠭᠦᠷᠡᠩ ᠬᠦᠰᠡᠯ | ᠮᠦᠷᠦᠭᠡᠳᠤᠯ ᠲᠠᠢ ᠪᠠᠶᠢᠳᠠᠭ᠃ ᠲᠡᠳᠡᠨ ᠤ ᠬᠦᠰᠡᠯ ᠮᠦᠷᠦᠭᠡᠳᠤᠯ ᠪᠤᠯ ᠠᠭᠤᠤ ᠶᠡᠭᠡ ᠲᠤᠮᠳᠠᠳᠤ ᠶᠢᠨ ᠬᠦᠰᠡᠯ | ᠲᠡᠷᠭᠡᠯᠰᠢᠯ ᠤᠨ ᠠᠯᠳᠠᠨ ᠭᠡᠭᠡᠨ ᠳᠤ ᠵᠤᠯᠭᠠᠯᠴᠠᠭᠰᠠᠨ᠂ ᠮᠦᠨ ᠲᠡᠭᠦᠨ ᠢ ᠤᠳᠠᠭᠠᠨ ᠤᠨ ᠵᠢᠯ ᠦᠷᠬᠦᠯᠵᠢᠯᠡᠬᠦᠯᠬᠦ | ᠢᠳᠡᠭᠡᠯ ᠤᠨ ᠢᠷᠡᠭᠡᠳᠦᠢ ᠪᠠᠶᠢᠬᠤ ᠤᠴᠢᠷᠳᠡᠢ᠃ ᠤᠷᠴᠢᠮ ᠳᠤ᠂ ᠠᠪᠠᠭ᠎ᠠ ᠬᠤᠰᠢᠭᠤᠨ ᠤ ᠪᠡᠯᠬᠦᠳᠡᠢ ᠪᠠᠯᠭᠠᠰᠤᠨ᠎ᠠ | 276 ᠰᠤᠷᠤᠭᠴᠢ ᠬᠦᠰᠡᠭᠰᠡᠨ ᠰᠠᠨᠠᠭᠰᠠᠨ ᠢᠶᠠᠨ ᠪᠠᠶᠡᠯᠡᠬᠦᠯᠦᠭᠰᠡᠨ ᠤᠳᠬ᠎ᠠ ᠠᠭᠤᠯᠭ᠎ᠠ ᠲᠠᠢ ᠠᠵᠢᠯᠯᠠᠭ᠎ᠠ | ᠶᠠᠪᠤᠬᠳᠠᠵᠦ᠂ ᠭᠡᠤᠭᠡᠳ ᠤᠨ ᠦᠴᠦᠭᠡᠨ ᠴᠤ ᠪᠤᠯᠤᠭ ᠬᠦᠰᠡᠯ ᠢ ᠲᠡᠷᠭᠡᠯᠰᠢᠬᠦᠯᠦᠭᠰᠡᠨ ᠢᠶᠠᠷ ᠢᠶᠠᠨ ᠨᠡᠶᠢᠭᠡᠮ | ᠨᠡᠶᠢᠳᠡ ᠶᠢᠨ ᠬᠢᠨ ᠤ ᠮᠠᠭᠳᠠᠭᠠᠯ ᠰᠠᠶᠢᠰᠢᠶᠠᠯ ᠢ ᠤᠯᠤᠬᠰᠠᠨ ᠪᠠᠶᠢᠯ᠎ᠠ᠃ | ᠲᠡᠭᠡᠪᠡᠯ ᠡᠳᠡᠭᠡᠷ ᠤᠯᠠᠨ ᠭᠡᠤᠭᠡᠳ ᠵᠠᠮᠠᠷ ᠬᠦᠰᠡᠯ ᠲᠠᠢ ᠪᠠᠶᠢᠭᠠᠳ ᠲᠡᠭᠦᠨ ᠢ ᠨᠢ ᠭᠡᠨ ᠶᠠᠭᠠᠬᠢᠵᠤ | ᠪᠠᠶᠠᠯᠠᠬᠦᠯᠦᠭᠰᠡᠨ ᠪᠤᠯ ᠡ⁈ | ᠲᠤᠮᠳᠠᠳᠤ ᠤᠯᠤᠰ ᠤᠨ ᠡᠪ ᠬᠠᠮᠳᠤ ᠵᠠᠯᠠᠭᠤᠴᠤᠳ ᠤᠨ ᠡᠪᠯᠡᠯ ᠤᠨ ᠠᠪᠠᠭ᠎ᠠ ᠬᠤᠰᠢᠭᠤᠨ ᠤ ᠬᠤᠷᠢᠶ᠎ᠠ᠂ | ᠲᠤᠮᠳᠠᠳᠤ ᠤᠯᠤᠰ ᠤᠨ ᠪᠠᠭᠠᠴᠤᠳ ᠤᠨ ᠬᠤᠰᠢᠭᠤᠴᠢ ᠠᠩᠬᠢ ᠶᠢᠨ ᠠᠪᠠᠭ᠎ᠠ ᠬᠤᠰᠢᠭᠤᠨ ᠤ ᠠᠵᠢᠯ ᠤᠨ ᠬᠤᠷᠢᠶ᠎ᠠ | ᠡᠨᠡ ᠵᠢᠯ ᠤᠨ 9 ᠰᠠᠷ᠎ᠠ ᠠᠴᠠ ᠭᠡᠤᠭᠡᠳ ᠪᠠᠭᠠᠴᠤᠳ ᠤᠨ ︽ᠦᠷᠦᠪᠴᠢᠭᠡᠨ ᠬᠦᠰᠡᠯ︾ ᠢ ᠲᠡᠷᠭᠡᠯᠰᠢᠬᠦᠯᠬᠦ | ᠠᠵᠢᠯᠯᠠᠭ᠎ᠠ ᠶᠢ ᠵᠤᠬᠢᠶᠠᠨ ᠪᠠᠶᠢᠭᠤᠯᠪᠠ᠃ ᠲᠡᠳᠡ ᠪᠦᠬᠦ ᠬᠤᠰᠢᠭᠤᠨ ᠤ ᠪᠠᠨ ᠡᠯ᠎ᠠ ᠲᠤᠮᠳᠠᠳᠤ ᠪᠠᠭ᠎ᠠ ᠰᠤᠷᠭᠠᠭᠤᠯᠢ ᠳᠤ | ᠬᠦᠰᠡᠯ ᠢᠶᠠᠨ ᠪᠢᠴᠢᠬᠦ ᠺᠠᠷᠲ ᠲᠠᠷᠬᠠᠭᠠᠵᠤ᠂ ᠰᠤᠷᠭᠠᠭᠤᠯᠢ ᠠᠴᠠ ᠠᠮᠢᠳᠤᠷᠠᠯ ᠨᠢ ᠬᠠᠷᠢᠴᠠᠩᠭᠤᠢ ᠬᠦᠴᠢᠷᠳᠡᠯᠳᠡᠢ | ᠰᠤᠷᠤᠭᠴᠢ ᠪᠤᠯᠤᠨ ᠰᠤᠷᠤᠯᠭ᠎ᠠ ᠮᠤᠷᠠᠯ ᠬᠤᠤᠰᠯᠠᠭᠰᠠᠨ ᠡᠪᠯᠡᠯ᠂ ᠬᠤᠰᠢᠭᠤᠴᠢ ᠠᠩᠬᠢ ᠶᠢᠨ ᠰᠢᠯᠢᠳᠡᠭ ᠺᠠᠳ᠋ᠷ ᠤᠳ | ᠠᠴᠠ ᠰᠤᠩᠭᠤᠵᠤ᠂ ᠬᠦᠰᠡᠯ ᠢ ᠨᠢ ᠲᠡᠮᠳᠡᠭᠯᠡᠬᠦᠯᠵᠤ ᠠᠪᠴᠠᠢ᠃ ︽ᠪᠢ ᠤᠷᠠᠨ ᠵᠢᠷᠤᠭ ᠢᠶᠠᠷ ᠶᠡᠭᠡ | ᠰᠤᠷᠭᠠᠭᠤᠯᠢ ᠳᠤ ᠰᠢᠯᠭᠠᠬᠤ ᠬᠦᠰᠡᠯ ᠲᠠᠢ ᠪᠤᠯᠬᠤᠷ ᠵᠢᠷᠤᠭ ᠵᠢᠷᠤᠬᠤ ᠬᠠᠪᠳᠠᠰᠤ ᠠᠪᠤᠮᠠᠷ ᠪᠠᠶᠢᠨ᠎ᠠ︾᠂ ︽ᠨᠠᠳᠠ ᠳᠤ | ᠪᠢᠴᠢᠭ ᠤᠨ ᠭᠡᠷᠡᠭᠰᠡᠯ ᠲᠤᠳᠠᠵᠤ ᠪᠠᠶᠢᠨ᠎ᠠ︾᠂ ︽ᠪᠢ ᠰᠢᠳᠠᠷ᠎ᠠ ᠨᠠᠭᠠᠳᠬᠤ ᠲᠤᠷᠠᠳᠠᠢ᠂ ᠦᠪᠡᠷ ᠤᠨ ᠭᠡᠰᠡᠨ | ᠰᠢᠳᠠᠷ᠎ᠠ ᠲᠠᠢ ᠪᠤᠯᠴᠢᠬᠠᠪᠠᠯ︾᠂ ︽ᠪᠢ ᠨᠤᠮ ᠤᠡᠭᠰᠢᠬᠤ ᠲᠤᠷᠠᠳᠠᠢ᠂ ᠰᠠᠶᠢᠬᠠᠨ ᠨᠤᠮ ᠠᠪᠤᠭᠤᠯᠬᠤ ᠬᠦᠰᠡᠯ | ᠲᠠᠢ︾᠂ ︽ᠪᠢ ᠨᠤᠮ ᠠᠪᠤᠨ᠎ᠠ᠂ ᠲᠡᠭᠡᠭᠡᠳ ᠬᠦᠴᠢᠷᠳᠡᠯᠳᠡᠢ ᠨᠦᠬᠦᠳ ᠲᠤ ᠪᠠᠨ ᠦᠭᠬᠦᠨ᠎ᠠ︾ ᠁ | ᠬᠤᠶᠠᠷᠬᠠᠨ ᠡᠳᠦᠷ ᠲᠤ 276 ᠭᠡᠤᠭᠡᠳ ᠦᠪᠡᠷᠰᠡᠳ ᠤᠨ ᠬᠦᠰᠡᠯ ᠢᠶᠠᠨ ᠺᠠᠷᠲ ᠲᠤ ᠤᠷᠮᠠᠳᠠᠶᠢᠬᠠᠨ ᠪᠢᠴᠢᠵᠡᠭᠡᠵᠡᠢ᠃ | ᠭᠡᠤᠭᠡᠳ ᠪᠠᠭᠠᠴᠤᠳ ᠡᠷᠡᠬᠦᠯ ᠴᠢᠬᠢᠷᠠᠭ᠂ ᠡᠷᠳᠡᠮ ᠨᠤᠮ ᠲᠠᠢ᠂ ᠬᠦᠰᠡᠯ ᠮᠦᠷᠦᠭᠡᠳᠦᠯ ᠲᠠᠢ ᠪᠠᠶᠢᠵᠤ ᠯᠡ | ᠪᠠᠶᠢᠪᠠᠯ ᠤᠯᠤᠰ ᠤᠷᠤᠨ ᠤ ᠢᠷᠡᠭᠡᠳᠦᠢ ᠰᠠᠶ᠋ᠢ ᠭᠡᠭᠡᠨ ᠰᠠᠷᠠᠭᠤᠯ ᠪᠠᠶᠢᠬᠤ ᠪᠤᠯᠤᠨ᠎ᠠ᠃ 276 ᠭᠡᠤᠭᠡᠳ ᠤᠨ | ᠬᠦᠭᠡᠷᠦᠬᠦᠨ ᠬᠦᠰᠡᠯ ᠲᠠᠢ᠂ ᠬᠦᠪᠴᠢᠯᠡᠭᠰᠡᠨ ᠬᠦᠰᠡᠯ ᠲᠠᠢ᠂ ᠢᠷᠡᠭᠡᠳᠦᠢ ᠶᠢᠨ ᠬᠦᠰᠡᠯ ᠲᠠᠢ ᠺᠠᠷᠲ ᠤᠳ ᠤᠳᠠᠯ | ᠦᠭᠡᠢ ᠪᠦᠬᠦ ᠬᠤᠰᠢᠭᠤᠨ ᠤ ᠡᠯ᠎ᠠ ᠪᠠᠶᠢᠭᠤᠯᠭ᠎ᠠ ᠶᠢᠨ ᠨᠠᠮ ᠤᠨ ᠡᠭᠦᠷ᠂ ᠨᠠᠮ ᠤᠨ ᠬᠡᠰᠢᠬᠦᠳ ᠤᠨ ᠭᠠᠷ ᠲᠤ | ᠳᠠᠮᠵᠢᠭᠳᠠᠪᠠ᠃ ᠺᠠᠷᠲ ᠢ ᠦᠵᠡᠭᠰᠡᠨ ᠪᠤᠯᠭᠠᠨ ᠲᠤᠭᠳᠤᠯᠵᠤ ᠤᠶᠠᠷᠠᠯ᠎ᠠ ᠭᠡᠳᠡᠭ᠂ ᠭᠡᠤᠭᠡᠳ ᠤᠨ ᠬᠦᠰᠡᠯ | ᠮᠦᠷᠦᠭᠡᠳᠤᠯ ᠢ ᠪᠢᠰᠢᠷᠠᠯ᠎ᠠ ᠭᠡᠳᠡᠭ᠃ ᠤᠴᠢᠷ ᠨᠢ ᠭᠡᠤᠭᠡᠳ ᠤᠳ ᠭᠡᠳᠦ᠋ᠢᠪᠡᠷ ᠡᠨᠡ ᠶᠢ ᠠᠪᠤᠨ᠎ᠠ᠂ ᠲᠡᠷᠡ ᠶᠢ ᠠᠪᠤᠨ᠎ᠠ | ᠭᠡᠵᠤ ᠪᠢᠴᠢᠭᠰᠡᠨ ᠴᠤ ᠭᠡᠰᠡᠨ ᠲᠡᠭᠦᠨ ᠤ ᠴᠠᠭᠠᠨ᠎ᠠ ᠢᠷᠡᠭᠡᠳᠦᠢ ᠪᠠᠨ ᠬᠠᠷᠠᠭᠰᠠᠨ ᠬᠦᠰᠡᠯ ᠤᠨ ᠵᠠᠮ ᠲᠤᠳᠤᠷᠠᠵᠤ | ᠪᠠᠶᠢᠭᠰᠠᠨ ᠢ ᠲᠤᠮᠤᠴᠤᠤᠯ ᠨᠢ ᠤᠯᠵᠤ ᠬᠠᠷᠠᠭᠠᠳ ᠪᠠᠶᠠᠷᠯᠠᠵᠤ ᠲᠤᠭᠳᠤᠯᠵᠠᠭᠠᠭᠰᠠᠨ ᠪᠠᠶᠢᠵᠠᠢ᠃ ᠲᠠᠶᠢᠨ ᠬᠦ 51 | ᠨᠠᠮ ᠤᠨ ᠡᠭᠦᠷ᠂ 104 ᠨᠠᠮ ᠤᠨ ᠬᠡᠰᠢᠬᠦᠨ ᠡᠳᠡᠭᠡᠷ ᠭᠡᠤᠭᠡᠳ ᠤᠨ ᠬᠦᠰᠡᠯ ᠢ ᠪᠠᠶᠠᠯᠠᠬᠦᠯᠬᠦ ᠪᠠᠷ ᠢᠳᠡᠪᠬᠢᠳᠡᠢ | ᠬᠦᠳᠡᠯᠤᠯᠴᠠᠵᠤ᠂ ᠠᠪᠬᠤ ᠭᠡᠰᠡᠨ ᠶᠠᠭᠤᠮᠠᠰ ᠢ ᠨᠢ ᠠᠪᠴᠤ ᠦᠭᠴᠤ᠂ ᠲᠡᠳᠡᠨ ᠤ ᠤᠨᠠᠭᠠᠨ ᠪᠤᠳᠤᠯ ᠳᠠᠬᠢ | ᠬᠦᠰᠡᠯ ᠤᠨ ᠲᠤᠬᠠᠢ ᠢᠳᠡᠭᠡᠯ ᠢ ᠨᠢ ᠪᠤᠳᠠᠳᠠᠶᠢᠴᠢᠯᠠᠨ ᠤᠷᠭᠤᠭᠤᠯᠤᠭᠰᠠᠨ ᠪᠢᠯᠡ᠃ ᠲᠡᠳᠡ ᠢᠷᠡᠭᠡᠳᠦᠢ ᠶᠢᠨ ᠲᠤᠮᠤ | ᠬᠦᠰᠡᠯ ᠤᠨ ᠢᠶᠠᠨ ᠲᠦᠯᠦᠭᠡ ᠴᠢᠷᠮᠠᠶᠢᠬᠤ ᠳᠤ ᠡᠨᠡ ᠤᠳᠠᠭᠠᠨ ᠤ ︽ᠦᠷᠦᠪᠴᠢᠭᠡᠨ ᠬᠦᠰᠡᠯ︾ ᠠᠵᠢᠯᠯᠠᠭ᠎ᠠ ᠢᠳᠡᠭᠡᠯ | ᠨᠡᠮᠡᠷᠢᠯᠡᠭᠰᠡᠨ ᠨᠢ ᠯᠠᠪᠳᠠᠢ᠃ | ︽ᠦᠷᠦᠪᠴᠢᠭᠡᠨ ᠬᠦᠰᠡᠯ︾ ᠢ ᠲᠡᠷᠭᠡᠯᠰᠢᠬᠦᠯᠬᠦ ᠵᠤᠯᠭᠠᠯᠴᠠᠭ᠎ᠠ ᠶᠢᠨ ᠶᠤᠰᠤᠯᠠᠯ ᠳᠡᠭᠡᠷ᠎ᠠ ᠠᠪᠠᠭ᠎ᠠ ᠬᠤᠰᠢᠭᠤᠨ ᠤ | ᠰᠢᠭᠤᠳ ᠬᠠᠷᠢᠶ᠎ᠠ ᠪᠠᠶᠢᠭᠤᠯᠭ᠎ᠠ᠂ ᠠᠵᠤ ᠠᠬᠤᠢᠢᠯᠠᠯ ᠤᠨ 10 ᠨᠠᠮ ᠤᠨ ᠡᠭᠦᠷ ᠲᠦᠯᠦᠭᠡᠯᠡᠭᠴᠢ ᠪᠠᠷ ᠤᠷᠤᠯᠴᠠᠵᠤ᠂ | ᠰᠤᠷᠤᠭᠴᠢ ᠶᠢᠨ ᠲᠦᠯᠦᠭᠡᠯᠡᠭᠴᠢᠳ ᠲᠤ ᠪᠤᠳᠠᠰ ᠢ ᠨᠢ ᠭᠠᠷᠳᠠᠭᠤᠯᠪᠠ᠃ ︽ᠮᠠᠨ ᠤ ᠪᠠᠶᠢᠭᠤᠯᠭ᠎ᠠ ᠨᠠᠮ ᠤᠨ | ᠡᠭᠦᠷ ᠢᠶᠠᠷ ᠢᠶᠠᠨ ᠨᠢᠭᠡᠴᠢᠯᠡᠨ᠂ 4 ᠰᠤᠷᠤᠭᠴᠢ ᠳᠤ ᠪᠢᠴᠢᠭ ᠤᠨ ᠭᠡᠷᠡᠭᠰᠡᠯ᠂ 2 ᠰᠤᠷᠤᠭᠴᠢ ᠳᠤ ᠬᠦᠯ ᠪᠦᠮᠪᠦᠭᠡ | ᠠᠪᠴᠤ ᠦᠭᠴᠠᠢ᠃ ᠪᠢᠳᠡ ᠡᠶᠢᠮᠤ ᠦᠷ᠎ᠠ ᠦᠭᠬᠦᠭᠡᠵᠢ ᠲᠠᠢ ᠠᠵᠢᠯᠯᠠᠭ᠎ᠠ ᠳᠤ ᠤᠷᠤᠯᠴᠠᠭᠠᠳ ᠲᠤᠩ ᠪᠠᠶᠠᠷᠳᠠᠢ | ᠪᠠᠶᠢᠨ᠎ᠠ᠂ ᠬᠤᠵᠢᠮ ᠴᠤ ᠢᠯᠡᠬᠦᠭᠡᠨ ᠤᠷᠤᠯᠴᠠᠨ᠎ᠠ︾ ᠭᠡᠵᠤ ᠠᠪᠠᠭ᠎ᠠ ᠬᠤᠰᠢᠭᠤᠨ ᠤ ᠰᠢᠬᠦᠬᠦ ᠬᠤᠷᠢᠶᠠᠨ ᠤ ᠤᠯᠤᠰ | ᠲᠦᠷᠦ ᠶᠢᠨ ᠬᠡᠯᠳᠡᠰ ᠤᠨ ᠳᠡᠳ᠋ ᠡᠷᠬᠢᠯᠡᠭᠴᠢ᠂ ᠨᠠᠮ ᠤᠨ ᠡᠭᠦᠷ ᠤᠨ ᠳᠡᠳ᠋ ᠱᠦᠵᠢ ᠤᠳᠤᠨᠳᠠᠨᠠ ᠤᠴᠢᠷᠯᠠᠨ᠎ᠠ᠃ | ᠨᠤᠮ ᠤᠨ ᠪᠡᠯᠡᠭ ᠲᠤᠰᠤᠭᠰᠠᠨ ᠠᠪᠠᠭ᠎ᠠ ᠬᠤᠰᠢᠭᠤᠨ ᠤ ᠮᠤᠩᠭᠤᠯ ᠲᠤᠮᠳᠠᠳᠤ ᠰᠤᠷᠭᠠᠭᠤᠯᠢ ᠶᠢᠨ 56 ᠠᠩᠬᠢ ᠶᠢᠨ | ᠰᠤᠷᠤᠭᠴᠢ ᠨᠠᠶᠠᠨᠠ᠄ ︽ᠪᠢ ᠦᠬᠦᠯᠡᠯᠭᠡ ᠲᠤᠭᠤᠵᠢ ᠶᠢᠨ ᠨᠤᠮ ᠤᠡᠭᠰᠢᠬᠤ ᠲᠤᠷᠠᠳᠠᠢ᠂ ᠨᠤᠮ ᠠᠴᠠ ᠤᠯᠠᠨ ᠠᠰᠢᠭ | ᠬᠦᠷᠳᠡᠳᠡᠭ᠂ ᠨᠤᠮ ᠠᠪᠬᠤ ᠬᠦᠰᠡᠯ ᠢ ᠮᠢᠨᠢ ᠪᠠᠶᠡᠯᠡᠬᠦᠯᠵᠤ ᠦᠭᠬᠦᠭᠰᠡᠨ ᠨᠡᠶᠢᠭᠡᠮ ᠤᠨ ᠰᠠᠶᠢᠨ ᠰᠠᠨᠠᠭᠠᠳᠤ | ᠬᠦᠮᠦᠰ ᠲᠤ ᠪᠠᠨ ᠲᠠᠯᠠᠷᠬᠠᠵᠤ ᠪᠠᠶᠢᠨ᠎ᠠ︾ ᠭᠡᠵᠤ ᠲᠤᠭᠳᠤᠯᠤᠨ ᠶᠠᠷᠢᠪᠠ᠃ ︽ᠭᠡᠤᠭᠡᠳ ᠤᠳ ᠮᠠᠨᠢ ᠦᠴᠦᠭᠡᠨ ᠴᠤ | ᠭᠡᠰᠡᠨ ᠬᠦᠰᠡᠯ ᠢᠶᠠᠨ ᠪᠠᠶᠡᠯᠡᠬᠦᠯᠵᠤ ᠪᠠᠶᠢᠪᠠᠯ ᠬᠤᠵᠢᠮ ᠬᠤᠶᠢᠰᠢᠳᠠ ᠶᠢᠨ ᠬᠦᠰᠡᠯ ᠢᠶᠠᠨ ᠡᠷᠳᠡ ᠤᠷᠤᠢ ᠦᠭᠡᠢ | ᠲᠡᠷᠭᠡᠯᠰᠢᠬᠦᠯᠵᠤ ᠴᠢᠳᠠᠨ᠎ᠠ ᠭᠡᠰᠡᠨ ᠢᠳᠡᠭᠡᠯ ᠲᠠᠢ ᠪᠠᠶᠢᠬᠤ ᠶᠢ ᠬᠦᠰᠡᠶ᠎ᠠ︾ ᠭᠡᠮᠡᠨ ᠠᠪᠠᠭ᠎ᠠ ᠬᠤᠰᠢᠭᠤᠨ ᠤ ᠮᠤᠩᠭᠤᠯ | ᠦᠨᠳᠦᠰᠦᠳᠠᠨ ᠤ ᠪᠠᠭ᠎ᠠ ᠰᠤᠷᠭᠠᠭᠤᠯᠢ ᠶᠢᠨ ᠬᠤᠰᠢᠭᠤᠴᠢ ᠠᠩᠬᠢ ᠶᠢᠨ ᠶᠡᠭᠡ ᠠᠩᠬᠢ ᠶᠢᠨ ᠬᠠᠪᠰᠤᠷᠤᠨ | ᠵᠢᠯᠤᠭᠤᠳᠤᠭᠴᠢ ᠡᠯᠪᠡᠭ ᠪᠠᠭᠰᠢ ᠪᠠᠶᠠᠷᠳᠠᠶᠢᠬᠠᠨ ᠶᠠᠷᠢᠵᠤ ᠪᠠᠶᠢᠪᠠ᠃ | |