ᠬᠡᠦᠬᠡᠳ ᠢ ᠬᠠᠰᠢᠯᠠ ᠬᠡᠦᠬᠡᠳ ᠢᠶᠠᠷ ᠨᠢ ᠪᠠᠶᠢᠯᠭ᠎ᠠ
ᠨᠡᠶᠢᠲᠡᠯᠡᠭᠰᠡᠨ ᠴᠠᠭ᠄
2020/10/13
    ᠦᠷᠢᠰᠦᠯᠳᠦᠬᠡᠨ ᠶᠡᠬᠡᠳᠡᠢ ᠤᠳᠤ ᠶᠢᠨ ᠨᠡᠶᠢᠬᠡᠮ ᠳᠤ ᠦᠰᠪᠦᠷᠢ ᠶᠢᠨ ᠬᠡᠦᠬᠡᠳ ᠤᠨ ᠡᠬᠦᠷᠬᠡ ᠲᠠᠷᠤᠭᠠᠰᠤ ᠶᠢᠨ ᠬᠦᠨᠳᠤ ᠬᠡᠳᠡᠭ ᠨᠢ ᠬᠡᠴᠡᠬᠦᠦ᠃ ᠲᠡᠳᠡ ᠡᠴᠢᠬᠡ ᠡᠬᠡᠴᠤᠤᠯ ᠤᠨ ᠢᠶᠠᠨ ︽ᠡᠬᠢᠯᠡᠯᠳᠡ ᠶᠢᠨ ᠱᠤᠭᠤᠮ ᠲᠡᠬᠡᠷ᠎ᠠ ᠠᠴᠠ ᠡᠩᠨᠡᠭᠡ ᠶᠢᠨ ᠲᠡᠷᠢᠬᠦᠨ ᠳᠤ ᠶᠠᠪᠤᠭᠤᠯᠵᠤ᠂ ᠬᠡᠴᠡᠬᠦᠦ ᠦᠷᠢᠰᠦᠯᠳᠦᠬᠡᠨ ᠳᠤ ᠬᠡᠵᠢᠶᠡᠳᠡ ᠢᠯᠡᠬᠴᠢ ᠨᠢ ᠪᠤᠯᠭᠠᠨ᠎ᠠ︾ ᠬᠡᠳᠡᠭ ᠬᠠᠳᠠᠭᠤ ᠵᠠᠬᠢᠶ᠎ᠠ ᠴᠢᠩᠭ᠎ᠠ ᠨᠠᠶᠢᠳᠠᠯᠭ᠎ᠠ ᠶᠢ ᠨᠢᠷᠠᠢ ᠮᠦᠷᠦᠨ ᠳᠡᠭᠡᠨ ᠡᠬᠦᠷᠦᠨ᠂ ᠡᠨᠡᠬᠦ ᠲᠠᠯᠠᠪᠠᠢ ᠦᠷᠢᠰᠦᠯᠳᠦᠬᠡᠨ ᠤ ᠭᠤᠤᠯ ᠤᠷᠤᠯᠴᠠᠬᠴᠢ ᠪᠦᠬᠡᠳ ᠤᠷᠤᠯᠳᠤᠬᠴᠢ ᠪᠤᠯᠵᠤ᠂ ᠪᠡᠶ᠎ᠠ ᠳᠡᠭᠡᠨ ᠡᠵᠡᠨ ᠪᠤᠯᠵᠤ ᠴᠤ ᠲᠡᠶᠢᠯᠬᠦ ᠦᠬᠡᠢ ᠪᠠᠷ ᠡᠰᠢ ᠲᠡᠰᠢ ᠶᠠᠭᠠᠷᠠᠵᠤ ᠯᠠ ᠬᠦᠶᠦᠨ᠎ᠠ᠂ ᠶᠠᠳᠠᠷᠠᠵᠤ ᠯᠡ ᠶᠠᠪᠤᠨ᠎ᠠ᠃     ᠰᠤᠷᠭᠠᠭᠤᠯᠢ ᠶᠢᠨ ᠲᠤᠬᠳᠠᠭᠰᠠᠨ ᠬᠢᠴᠢᠶᠠᠯ ᠲᠦᠷᠦᠯ ᠲᠠᠰᠬᠠᠯ ᠲᠠᠭᠠᠭᠠᠯᠭᠠᠪᠤᠷᠢ ᠶᠢ ᠴᠠᠬ ᠲᠤᠬᠠᠢ ᠳᠤᠨᠢ ᠪᠡᠶᠡᠯᠡᠬᠦᠯᠬᠦ ᠨᠢ ᠵᠠᠪᠠᠯ ᠬᠦᠢᠴᠡᠳᠬᠡᠬᠦ ᠡᠬᠦᠷᠬᠡ ᠪᠤᠯᠪᠠᠴᠤ ᠬᠡᠴᠡᠬᠦᠦ ᠬᠡᠭᠳᠡᠭᠰᠡᠨ ᠨᠢ ᠬᠠᠷᠢᠨ ᠬᠡᠷ ᠤᠨ ᠠᠬᠠᠮᠠᠳ ᠤᠨ ᠬᠢᠨᠢ ᠨᠡᠷ᠎ᠠ ᠮᠡᠳᠡᠬᠦᠯᠵᠤ ᠦᠭᠬᠦᠭᠰᠡᠨ ᠲᠠᠭᠤᠤ ᠬᠦᠭᠵᠢᠮ᠂ ᠪᠦᠵᠢᠭ ᠵᠢᠷᠤᠬ᠂ ᠲᠡᠬᠦᠯᠳᠡᠷ ᠬᠤᠭᠤᠷ᠂ ᠲᠠᠮᠢᠷ ᠤᠨ ᠪᠤᠯᠪᠠᠰᠤᠷᠠᠯ ᠬᠡᠵᠤ ᠤᠯᠠᠨ ᠠᠷᠪᠢᠨ ᠵᠦᠢᠯ ᠪᠤᠯᠬᠤ ᠶᠤᠮ᠃ ᠲᠡᠬᠡᠬᠡᠳ ᠯᠡ ᠭᠠᠶᠢᠭᠤᠢ ᠤᠨᠳᠠᠵᠤ ᠬᠠᠨᠤᠬᠤ ᠦᠬᠡᠢ᠂ ᠭᠠᠳᠠᠭ᠎ᠠ ᠨᠠᠭᠠᠳᠬᠤ ᠵᠠᠪ ᠦᠬᠡᠢ᠂ ᠴᠢᠨᠠᠬᠰᠢᠯᠠᠨ ᠬᠤᠶᠠᠷ ᠦᠵᠦᠬᠦᠷ ᠤᠨ ᠨᠠᠷᠠ ᠶᠢ ᠦᠵᠡᠬᠦ ᠴᠢᠯᠦᠬᠡ ᠦᠬᠡᠢ ᠬᠡᠦᠬᠡᠳ ᠬᠦᠬᠡᠷᠦᠬᠦᠢ ᠨᠢ ᠠᠷᠭ᠎ᠠ ᠦᠬᠡᠢ ᠤᠯᠠᠨ ᠪᠠᠶᠢᠯ᠎ᠠ᠃ ᠨᠠᠶᠢᠵᠢ ᠶᠢᠨ ᠪᠢᠴᠢᠬᠠᠨ ᠬᠡᠦᠬᠡᠨ ᠤ ︽ᠭᠠᠷᠠᠭ ᠤᠨ ᠰᠡᠬᠦᠯᠴᠢ ᠠᠴᠠ ᠠᠶᠤᠨ᠎ᠠ︾ ᠬᠡᠵᠤ ᠬᠡᠯᠡᠭᠰᠡᠨ ᠦᠬᠡ ᠨᠢ ᠮᠢᠨᠦ ᠰᠡᠳᠬᠢᠯ ᠢ ᠬᠦᠨᠳᠡᠵᠤ ᠤᠯᠠᠨ ᠶᠠᠭᠤᠮ᠎ᠠ ᠪᠤᠳᠤᠬᠳᠠᠭᠤᠯᠤᠬᠰᠠᠨ ᠶᠤᠮ᠃ ᠠᠬᠠᠮᠠᠳ ᠶᠡᠬᠡᠴᠤᠤᠯ ᠨᠢ ᠭᠠᠷᠠᠭ ᠤᠨ ᠠᠮᠠᠷᠠᠯᠳᠠ ᠪᠤᠶᠤ ᠠᠵᠢᠯ ᠤᠨ ᠭᠠᠳᠠᠨᠠᠬᠢ ᠴᠢᠯᠦᠬᠡ ᠵᠠᠪ ᠬᠡᠵᠤ ᠪᠠᠶᠢᠬᠤ ᠳᠤ ᠡᠩᠬᠦᠷᠡᠢ ᠪᠠᠭᠠᠴᠤᠳ ᠮᠠᠨᠢ ᠡᠳᠦᠷ ᠤᠨ ᠵᠤᠷᠢᠬ ᠢᠶᠠᠷ ᠡᠰᠢ ᠲᠡᠰᠢ ᠬᠦᠶᠦᠵᠤ᠂ ᠰᠤᠷᠭᠠᠭᠤᠯᠢ ᠶᠢᠨ ᠬᠦᠷᠢᠶ᠎ᠠ ᠠᠴᠠ ᠪᠠᠨ ᠭᠠᠷᠪᠠᠯ ᠪᠤᠯᠪᠠᠰᠤᠷᠠᠯ ᠤᠨ ᠲᠠᠰᠤᠬ ᠲᠤ ᠤᠷᠤᠭᠠᠳ᠂ ᠭᠠᠷᠠᠭ ᠤᠨ ᠰᠡᠬᠦᠯᠴᠢ᠂ ᠪᠠᠶᠠᠷ ᠲᠤᠷᠠᠰᠬᠠᠯ ᠤᠨ ᠡᠳᠦᠷ ᠲᠤ ᠴᠤ ᠪᠤᠯᠪᠠᠰᠤᠷᠠᠯ ᠰᠤᠷᠢᠯᠳᠠ ᠶᠢᠨ ᠡᠬᠦᠷᠬᠡ ᠨᠢ ᠤᠯᠠᠮ ᠬᠦᠨᠳᠤᠷᠴᠢᠬᠡᠳᠡᠭ ᠪᠤᠯᠬᠤᠷ ᠠᠶᠤᠬᠤ ᠨᠢ ᠴᠤ ᠠᠶᠠᠨᠳᠠᠭᠠᠨ ᠤ ᠤᠴᠢᠷ ᠪᠠᠶᠢᠯ᠎ᠠ᠃     ᠠᠬᠠᠮᠠᠳ ᠨᠠᠰᠤᠳᠠᠨ ᠠᠪᠤ ᠡᠵᠢ ᠶᠢᠨ ᠢᠶᠠᠨ ᠠᠯᠢ ᠪᠠᠶᠢᠬᠰᠠᠨ ᠬᠦᠰᠡᠯ ᠨᠠᠶᠢᠳᠠᠯᠭ᠎ᠠ ᠶᠢ ᠨᠢ ᠡᠬᠦᠷᠴᠤ ᠶᠠᠪᠤᠭ᠎ᠠ ᠬᠡᠦᠬᠡᠳ ᠤᠨ ᠮᠠᠨᠢ ᠠᠷᠤ ᠳᠠᠭᠠᠨ ᠡᠬᠦᠷᠦᠭᠰᠡᠨ ᠪᠢᠴᠢᠭ ᠤᠨ ᠪᠤᠬᠴᠤ ᠠᠴᠠ ᠨᠢ ᠨᠡᠩ ᠬᠦᠨᠳᠤ ᠨᠢ ᠬᠡᠪᠡᠯ ᠦᠶ᠎ᠠ ᠬᠤᠷᠠᠬᠴᠤᠤᠯ ᠤᠨ ᠢᠶᠠᠨ ᠲᠤᠮᠳᠠ ᠤᠳᠤᠨ ᠰᠤᠳᠤᠨ ᠪᠤᠯᠵᠤ ᠤᠷᠦ᠋ᠢᠯᠠᠵᠤ ᠲᠠᠪᠠᠵᠤ ᠶᠠᠪᠤᠬᠤ ᠬᠡᠰᠡᠨ ᠡᠬᠦᠷᠬᠡ ᠬᠠᠷᠢᠭᠤᠴᠠᠯᠭ᠎ᠠ ᠪᠤᠯᠬᠤ ᠶᠤᠮ᠃ ᠠᠪᠤ ᠡᠵᠢ ᠪᠤᠯᠤᠬᠰᠠᠳ ᠨᠢ ᠦᠪᠡᠷ ᠤᠨ ᠰᠤᠷᠴᠤ ᠲᠡᠶᠢᠯᠦᠭᠰᠡᠨ ᠦᠬᠡᠢ ᠡᠷᠳᠡᠮ ᠮᠡᠳᠡᠯᠬᠡ ᠪᠠᠨ ᠬᠡᠦᠬᠡᠳ ᠢᠶᠠᠨ ᠰᠤᠷᠬᠤ ᠶᠢ ᠱᠠᠭᠠᠷᠳᠠᠵᠤ᠂ ᠬᠢᠵᠤ ᠲᠡᠶᠢᠯᠦᠭᠰᠡᠨ ᠦᠬᠡᠢ ᠠᠵᠢᠯ ᠠᠬᠤᠢ ᠪᠠᠨ ᠬᠡᠦᠬᠡᠳ ᠢᠶᠠᠨ ᠬᠢᠬᠦ ᠶᠢ ᠬᠦᠰᠡᠵᠤ᠂ ᠪᠡᠶᠡᠯᠡᠬᠦᠯᠵᠤ ᠲᠡᠶᠢᠯᠦᠭᠰᠡᠨ ᠦᠬᠡᠢ ᠬᠦᠰᠡᠯ ᠵᠤᠷᠢᠯ ᠢᠶᠠᠨ ᠬᠡᠦᠬᠡᠳ ᠢᠶᠠᠨ ᠪᠡᠶᠡᠯᠡᠬᠦᠯᠬᠦ ᠶᠢ ᠨᠠᠶᠢᠳᠠᠵᠤ ᠱᠠᠭᠠᠷᠳᠠᠬᠤ ᠳᠠᠭᠠᠨ ᠬᠡᠦᠬᠡᠳ ᠤᠨ ᠪᠠᠶ᠎ᠠ ᠰᠡᠳᠬᠢᠯ ᠤᠨ ᠲᠠᠭᠠᠭᠠᠴᠠ ᠠᠴᠠ ᠨᠢ ᠬᠡᠷᠬᠢᠨ ᠬᠡᠳᠦᠷᠡᠬᠦᠯᠵᠤ᠂ ᠬᠤᠵᠢᠮ ᠡᠳᠦᠷ ᠦᠪᠡᠷ ᠤᠨ ᠪᠠᠶ᠎ᠠ ᠳᠤᠨᠢ ᠬᠦᠷᠦᠬᠡᠳ ᠢᠷᠡᠬᠦ ᠨᠢ ᠶᠠᠮᠠᠷᠬᠠᠨ ᠦᠷ᠎ᠠ ᠳ᠋ᠦᠡᠭ ᠪᠤᠯᠬᠤ ᠬᠡᠳᠡᠭ ᠢ ᠪᠤᠳᠤᠵᠤ ᠲᠦᠰᠦᠪᠯᠡᠬᠦ ᠴᠤ ᠦᠬᠡᠢ ᠶᠤᠮ᠃     ᠲᠡᠬᠡᠬᠦ ᠳᠡᠭᠡᠨ ᠪᠤᠯᠪᠠᠰᠤᠷᠠᠯ ᠳᠤ ᠮᠡᠳᠡᠬᠦᠯᠦᠭᠰᠡᠨ ᠬᠢᠴᠢᠶᠠᠯ ᠲᠦᠷᠦᠯ ᠨᠢ ᠬᠡᠳᠦᠢ ᠤᠯᠠᠨ ᠪᠤᠯ ᠪᠤᠰᠤᠳ ᠠᠴᠠ ᠲᠡᠳᠦᠢ ᠲᠠᠪᠠᠭᠤᠯᠢᠬ ᠲᠠᠢ ᠬᠡᠮᠡᠨ ᠦᠵᠡᠵᠤ᠂ ᠪᠤᠳᠤᠵᠤ ᠤᠯᠤᠬᠰᠠᠨ ᠬᠢᠷᠢ ᠪᠠᠷ ᠢᠶᠠᠨ ᠬᠡᠦᠬᠡᠳ ᠢᠶᠠᠨ ᠬᠦᠷᠬᠡᠵᠤ ᠰᠤᠷᠤᠯᠴᠠᠭᠤᠯᠵᠤ ᠪᠠᠶᠢᠬᠤ ᠪᠠᠷ ᠬᠢᠴᠢᠶᠠᠯ ᠤᠨ ᠭᠠᠳᠠᠭᠤᠷᠬᠢ ᠡᠨᠡ ᠲᠡᠷᠡ ᠠᠩᠬᠢ ᠶᠢᠨ ᠪᠤᠯᠪᠠᠰᠤᠷᠠᠯ ᠳᠤ ᠤᠷᠤᠯᠴᠠᠬᠤ ᠬᠡᠦᠬᠡᠳ ᠤᠨ ᠡᠬᠦᠷᠴᠤ ᠪᠠᠶᠢᠭ᠎ᠠ ᠵᠢᠷᠤᠬ ᠤᠨ ᠬᠠᠪᠳᠠᠰᠤ᠂ ᠬᠦᠭᠵᠢᠮ ᠤᠨ ᠪᠠᠭᠠᠵᠢ᠂ ᠬᠤᠪᠴᠠᠰᠤ ᠵᠠᠰᠠᠯ᠂ ᠬᠠᠮᠢᠶ᠎ᠠ ᠪᠦᠬᠦᠢ ᠬᠡᠷᠡᠭᠰᠡᠯ ᠡᠳ᠋ᠯᠡᠯ ᠨᠢ ᠤᠨᠴᠠᠭᠠᠢ ᠨᠢᠬᠡᠨ ᠦᠵᠡᠮᠵᠢ ᠪᠤᠯᠵᠤ ᠬᠠᠷᠠᠭᠠᠨ ᠳᠤ ᠬᠦᠨᠳᠦᠬᠡᠨ ᠲᠤᠰᠤᠨ᠎ᠠ᠃ ᠦᠨᠡᠨᠳᠡᠬᠡᠨ ᠬᠡᠦᠬᠡᠳ ᠬᠠᠰᠢᠯᠠ ᠬᠡᠦᠬᠡᠳ ᠪᠤᠯᠬᠤᠷ ᠨᠠᠰᠤ ᠵᠢᠯ ᠳᠡᠭᠡᠨ ᠵᠤᠬᠢᠴᠠᠬᠰᠠᠨ ᠬᠦᠯᠢᠶᠠᠨ ᠠᠪᠬᠤ ᠴᠢᠳᠠᠪᠤᠷᠢ᠂ ᠰᠡᠳᠬᠢᠨ ᠪᠤᠳᠤᠬᠤ ᠴᠢᠳᠠᠪᠤᠷᠢ ᠪᠡ ᠡᠵᠡᠮᠰᠢᠵᠤ ᠬᠡᠷᠡᠭᠵᠢᠬᠦᠯᠬᠦ ᠴᠢᠳᠠᠪᠤᠷᠢ ᠲᠠᠢ ᠯᠠ ᠪᠠᠶᠢᠵᠤ᠂ ᠡᠬᠦᠨ ᠠᠴᠠ ᠬᠡᠳᠦᠷᠡᠬᠦᠯᠬᠦ ᠨᠢ ᠪᠦᠷ ᠴᠤ ᠬᠡᠦᠬᠡᠳ ᠤᠨ ᠪᠠᠶ᠎ᠠ ᠰᠡᠳᠬᠢᠯ ᠤᠨ ᠲᠠᠮᠳᠤᠬᠯᠠᠯ ᠪᠤᠯᠳᠠᠬ ᠪᠦᠬᠡᠳ ᠯᠠᠪᠯᠠᠵᠤ ᠦᠵᠡᠪᠡᠯ ᠠᠪᠤ ᠡᠵᠢ ᠶᠢᠨ ᠢᠶᠠᠨ ᠠᠯᠪᠠ ᠪᠠᠷ ᠲᠤᠬᠢᠷᠠᠭᠤᠯᠵᠤ ᠲᠠᠯᠪᠢᠬᠰᠠᠨ ᠵᠢᠷᠤᠬ ᠲᠦᠯᠦᠪᠯᠡᠭᠡ ᠪᠠᠷ ᠬᠡᠦᠬᠡᠳ ᠨᠢ ᠮᠦᠷᠳᠡᠵᠤ ᠶᠠᠪᠤᠭᠠᠳ ᠠᠮᠵᠢᠯᠳᠠ ᠤᠯᠤᠬᠰᠠᠨ ᠦᠯᠢᠬᠡᠷ ᠵᠢᠱᠢᠶ᠎ᠠ ᠲᠤᠩ ᠴᠦᠬᠡᠨ ᠪᠢᠯᠡ᠃     ᠬᠡᠦᠬᠡᠳ ᠢᠶᠠᠨ ᠪᠢᠳᠡ ᠬᠦᠨᠳᠡᠭᠡ ᠦᠬᠡᠢ ᠴᠡᠪᠡᠷ ᠴᠠᠭᠠᠨ ᠴᠠᠭᠠᠰᠤ ᠬᠡᠳᠡᠭ᠃ ᠬᠦᠰᠡᠯ ᠢᠳᠡᠬᠡᠯ ᠬᠤᠵᠢᠮ ᠢᠷᠡᠬᠡᠳᠦᠢ ᠶᠢ ᠨᠢ ᠰᠠᠶᠢᠬᠠᠨ ᠴᠤ ᠵᠢᠷᠤᠬᠯᠠᠵᠤ ᠦᠭᠬᠦᠨ᠎ᠠ ᠬᠡᠳᠡᠭ᠃ ᠬᠡᠬᠦ ᠳᠡᠭᠡᠨ ᠡᠨᠡᠬᠦ ᠴᠠᠭᠠᠰᠤᠨ ᠲᠡᠬᠡᠷ᠎ᠠ ᠠᠪᠤ ᠡᠵᠢ ᠪᠤᠯᠤᠬᠰᠠᠳ ᠠᠯᠢ ᠵᠤᠷᠢᠭ ᠢᠶᠠᠷ ᠢᠶᠠᠨ ᠡᠷᠦᠢ ᠬᠤᠷᠤᠢ ᠦᠬᠡᠢ ᠡᠷᠢᠶᠡᠴᠢᠬᠡᠳ ᠪᠠᠶᠢᠪᠠᠯ ᠴᠡᠪᠡᠷ ᠴᠠᠭᠠᠨ ᠴᠠᠭᠠᠰᠤ ᠶᠢ ᠨᠤᠬᠤᠴᠠᠵᠤ ᠦᠡᠭᠬᠦᠴᠡᠵᠤ ᠪᠢᠯᠳᠠᠵᠤ ᠦᠬᠡᠶᠢᠬᠢᠵᠤ᠂ ᠨᠡᠩ ᠴᠢᠨᠠᠬᠰᠢᠯᠠᠨ ᠤᠤᠯ ᠵᠤᠷᠢᠬᠰᠠᠨ ᠵᠠᠮ ᠠᠴᠠ ᠪᠠᠨ ᠤᠴᠢᠷ ᠵᠦᠭ ᠦᠬᠡᠢ ᠭᠠᠵᠢᠵᠤ ᠮᠡᠳᠡᠨ᠎ᠠ᠃ ᠬᠡᠦᠬᠡᠳ ᠬᠠᠰᠢᠯᠠ ᠬᠠᠮᠤᠭ ᠤᠨ ᠠᠭᠤᠵᠢᠭᠤ ᠲᠠᠯᠪᠢᠭᠤᠨ ᠬᠠᠯᠠᠭᠤᠨ ᠲᠤᠯᠠᠭᠠᠨ ᠤᠷᠴᠢᠨ ᠲᠤᠭᠤᠷᠢᠨ ᠳᠤ ᠡᠷᠭᠡ ᠴᠢᠯᠦᠬᠡᠳᠡᠢ᠂ ᠪᠠᠶᠠᠷ ᠪᠠᠶᠠᠰᠤᠯ ᠲᠠᠢ ᠦᠰᠴᠤ ᠲᠤᠷᠨᠢᠨ᠂ ᠦᠪᠡᠷ ᠤᠨ ᠢᠶᠠᠨ ᠬᠤᠪᠢᠳᠠᠬᠰᠠᠨ ᠴᠠᠭᠠᠨ ᠴᠠᠭᠠᠰᠤᠨ᠎ᠠ ᠲᠤᠷ᠎ᠠ ᠪᠠᠬ᠎ᠠ᠂ ᠬᠦᠰᠡᠯ ᠵᠤᠷᠢᠯ᠂ ᠤᠢᠢᠯᠠᠭᠠᠯᠳᠠ ᠬᠠᠶᠢᠯᠳᠠ ᠪᠠᠨ ᠪᠢᠴᠢᠵᠤ ᠵᠢᠷᠤᠵᠤ᠂ ᠦᠪᠡᠷ ᠢ ᠪᠠᠨ ᠡᠵᠡᠮᠳᠡᠬᠦ ᠴᠢᠳᠠᠪᠤᠷᠢ ᠲᠠᠢ᠂ ᠪᠤᠰᠤᠳ ᠢ ᠬᠠᠪᠰᠤᠷᠬᠤ ᠲᠤᠷᠠᠳᠠᠢ᠂ ᠰᠤᠷᠤᠯᠴᠠᠵᠤ ᠠᠮᠢᠳᠤᠷᠠᠬᠤ ᠤᠷᠴᠢᠨ ᠲᠠᠢ ᠪᠠᠨ ᠡᠶᠡᠯᠰᠡᠭ ᠰᠠᠶᠢᠠᠬᠨ ᠵᠤᠬᠢᠴᠠᠵᠤ ᠴᠢᠳᠠᠬᠤ ᠪᠦᠬᠡᠳ ᠨᠦᠬᠦᠳ ᠵᠠᠭᠤᠷ᠎ᠠ ᠪᠠᠨ ᠪᠦᠯᠬᠦᠮᠳᠡᠨ ᠬᠠᠮᠳᠤᠪᠠᠷ ᠰᠤᠷᠤᠯᠴᠠᠵᠤ᠂ ᠶᠤᠰᠤ ᠰᠤᠷᠳᠠᠬᠤᠨ᠂ ᠤᠶᠤᠨ ᠤᠬᠠᠭᠠᠨ᠂ ᠪᠠᠶ᠎ᠠ ᠮᠠᠬᠠᠪᠤᠳ᠂ ᠭᠤᠸ᠎ᠠ ᠰᠠᠶᠢᠬᠠᠨ᠂ ᠬᠦᠳᠡᠯᠮᠦᠷᠢ ᠪᠦᠬᠦ ᠲᠠᠯ᠎ᠠ ᠪᠠᠷ ᠬᠦᠭᠵᠢᠬᠦ ᠨᠢ ᠬᠠᠮᠤᠭ ᠤᠨ ᠴᠢᠬᠤᠯᠠ ᠪᠤᠯᠬᠤᠷ ᠬᠡᠦᠬᠡᠳ ᠢ ᠬᠠᠰᠢᠯᠠ ᠬᠡᠦᠬᠡᠳ ᠢᠶᠠᠷ ᠨᠢ ᠪᠠᠶᠢᠯᠭᠠᠬᠤ ᠨᠢ ᠬᠡᠨ ᠠᠯᠢᠨ ᠤ ᠬᠢᠨᠢ ᠤᠯᠵᠠ ᠪᠤᠯᠬᠤ ᠨᠢ ᠲᠠᠷᠡ᠃  
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号