ᠤᠯᠠᠮᠵᠢᠯᠠᠯᠲᠤ ᠭᠡᠷ ᠤᠨ ᠬᠦᠮᠦᠵᠢᠯ ᠠᠴᠠ ᠪᠠᠨ ᠪᠢᠳᠡ ᠶᠠᠭᠤ ᠶᠢ ᠨᠢ ᠦᠪᠯᠠᠬᠦ ᠴᠢᠬᠤᠯᠠᠳᠡᠢ ᠪᠤᠢ
ᠨᠡᠶᠢᠲᠡᠯᠡᠭᠰᠡᠨ ᠴᠠᠭ᠄
2019/11/5
    ᠮᠠᠨ ᠤ ᠮᠤᠩᠭᠤᠯᠴᠤᠳ ᠶᠡᠷᠤᠨᠢ ᠡᠷᠳᠡ ᠲᠡᠭᠡᠳᠤ ᠠᠴᠠ ᠭᠡᠷ ᠤᠨ ᠰᠤᠷᠭᠠᠨ ᠬᠦᠮᠦᠵᠢᠯ ᠢ ᠮᠠᠰᠢ ᠴᠢᠬᠤᠯᠠᠴᠢᠯᠠᠨ ᠦᠵᠡᠳᠡᠭ᠃ ᠦᠷ᠎ᠡ ᠬᠡᠤᠬᠡᠳ ᠤᠨ ᠦᠰᠦᠯᠳᠡ ᠪᠤᠶᠢᠵᠢᠯᠲᠠ ᠶᠢᠨ ᠶᠠᠪᠤᠴᠠ ᠳᠤ ᠭᠡᠷ ᠤᠨ ᠰᠤᠷᠭᠠᠨ ᠬᠦᠮᠦᠵᠢᠯ ᠨᠢ ᠲᠤᠳᠠᠭᠳᠠᠵᠦ ᠪᠤᠯᠤᠰᠢ ᠦᠭᠡᠢ ᠬᠦᠮᠦᠨ ᠶᠤᠰᠤᠨ ᠤ ᠠᠩᠬᠠᠨ ᠤ ᠬᠢᠴᠢᠶᠠᠯ ᠪᠠᠶᠢᠵᠦ᠂  ᠴᠢᠨᠠᠭᠰᠢᠲᠠ‌ᠨᠢᠭᠡ ᠨᠠᠰᠤ ᠶᠢ ᠨᠢ ᠨᠦᠯᠦᠭᠡᠯᠡᠬᠦ ᠪᠦᠭᠡᠳ ᠨᠡᠩᠳᠡ ᠨᠢᠬᠡ ᠤᠯᠤᠰ ᠦᠨᠳᠦᠰᠦᠳᠡᠨ ᠤ ᠬᠤᠵᠢᠮ ᠢᠷᠡᠭᠡᠳᠤᠢ ᠲᠠᠢ ᠬᠤᠯᠪᠤᠭᠠᠲᠠᠢ ᠲᠤᠮᠤ ᠶᠠᠪᠤᠳᠠᠯ ᠪᠤᠯᠳᠠᠭ ᠪᠢᠯᠡ᠃ ᠬᠠᠷᠢᠨ ᠡᠳᠤᠭᠡ ᠪᠤᠯᠬᠤ ᠳᠤ ᠬᠡᠷ ᠤᠨ ᠰᠤᠷᠭᠠᠨ ᠬᠦᠮᠦᠵᠢᠯ᠂ ᠲᠡᠷᠡ ᠲᠤᠳᠤᠮ ᠢᠶᠠᠨ ᠮᠤᠩᠭᠤᠯᠴᠤᠳ ᠤᠨ ᠤᠯᠠᠮᠵᠢᠯᠠᠯᠳᠦ ᠬᠡᠷ ᠤᠨ ᠬᠦᠮᠦᠵᠢᠯ ᠨᠢ ᠨᠡᠶᠢᠬᠡᠮ ᠤᠨ ᠡᠯ᠎ᠠ ᠲᠠᠯ᠎ᠠ ᠶᠢᠨ ᠰᠢᠯᠳᠠᠭᠠᠨ ᠠᠴᠠ ᠪᠤᠯᠵᠦ ᠤᠤᠯ ᠤᠨ ᠪᠠᠶᠢᠷᠢ ᠰᠠᠭᠤᠷᠢ ᠪᠠᠨ ᠠᠯᠳᠠᠵᠦ᠂ ᠴᠠᠰᠢᠳᠡ ᠤᠮᠳᠤᠭᠠᠶᠢᠯᠠᠭᠳᠠᠬᠤ᠂ ᠮᠡᠷᠳᠠᠬᠳᠠᠵᠦ ᠤᠷᠭᠢᠭᠳᠠᠬᠤ ᠬᠡᠮᠵᠢᠶᠡᠨ ᠳᠤ ᠭᠦᠷᠴᠦ ᠪᠠᠶᠢᠭ᠎ᠠ ᠶᠢ ᠪᠢᠳᠡ ᠰᠡᠷᠬᠡᠭ ᠢᠶᠠᠷ ᠤᠶᠢᠯᠠᠭᠠᠵᠦ ᠲᠠᠨᠢᠬᠤ ᠴᠢᠬᠤᠯᠠ ᠲᠠᠢ ᠶᠤᠮ᠃    ᠲᠡᠭᠡᠪᠡᠯ ᠤᠯᠠᠮᠵᠢᠯᠠᠯᠲᠤ ᠭᠡᠷ ᠤᠨ ᠰᠤᠷᠭᠠᠨ ᠬᠦᠮᠦᠵᠢᠯ ᠠᠴᠠ ᠪᠠᠨ ᠪᠢᠳᠡ ᠶᠠᠭᠤ ᠶᠢ ᠨᠢ ᠤᠯᠠᠮᠵᠢᠯᠠᠬᠤ ᠠᠪᠬᠤ ᠬᠡᠷᠡᠭᠳᠡᠢ ᠪᠤᠢ ᠬᠡᠳᠡᠭ ᠨᠢ ᠨᠢᠳᠤᠨ ᠡᠮᠤᠨ᠎ᠡ ᠲᠠᠯᠪᠢᠭᠳᠠᠵᠦ ᠪᠠᠶᠢᠭ᠎ᠠ ᠴᠢᠬᠤᠯᠠ ᠠᠰᠠᠭᠤᠳᠠᠯ ᠪᠤᠯᠵᠦ ᠪᠠᠶᠢᠨ᠎ᠠ᠃ ᠡᠬᠦᠨ ᠤ ᠲᠤᠬᠠᠢ ᠴᠤᠬᠤᠰ ᠲᠤᠷᠠᠳᠤᠮᠠᠷ ᠰᠠᠨᠠᠬᠳᠠᠯ᠎ᠠ᠃ ᠬᠠᠮᠤᠭ ᠲᠡᠷᠢᠬᠦᠨ ᠳᠤ ᠬᠠᠶᠢᠷ᠎ᠠ ᠰᠡᠳᠬᠢᠯᠭᠡ ᠶᠢᠨ ᠬᠦᠮᠦᠵᠢᠯ ᠢ  ᠴᠢᠬᠤᠯᠴᠢᠯᠠᠬᠤ ᠶᠤᠰᠤᠲᠠᠢ᠃ ᠡᠨᠡ ᠦᠶ᠎ᠡ ᠶᠢᠨ ᠪᠠᠭᠠᠴᠤᠳ ᠲᠤ ᠠᠪᠤ ᠡᠵᠢ ᠪᠠᠨ ᠬᠠᠶᠢᠷᠠᠯᠠᠬᠤ᠂ ᠭᠦᠭᠰᠢᠳ ᠨᠠᠰᠤᠳᠠᠶᠢᠴᠤᠤᠯ ᠢᠶᠠᠨ ᠬᠦᠨᠳᠦᠯᠡᠬᠦ᠂ ᠨᠤᠳᠤᠭ ᠤᠰᠤ᠂ ᠪᠠᠶᠢᠭᠠᠯᠢ ᠲᠡᠯᠡᠬᠡᠢ᠂ ᠠᠮᠢᠳᠠᠨ ᠭᠦᠷᠦᠬᠡᠰᠦ ᠶᠢ ᠬᠠᠶᠢᠷᠠᠯᠠᠬᠤ᠂ ᠨᠠᠶᠢᠵᠠ ᠨᠦᠭᠦᠳ ᠵᠠᠭᠤᠷ᠎ᠠ ᠪᠠᠨ ᠶᠠᠭᠤ ᠪᠦᠬᠦᠨ ᠢᠶᠠᠨ ᠬᠠᠷᠠᠮ ᠦᠭᠡᠢ ᠬᠤᠪᠢᠶᠠᠯᠴᠠᠬᠤ ᠦᠭᠬᠢᠶᠡᠮᠤᠷ ᠬᠠᠶᠢᠷ᠎ᠠ᠂ ᠠᠭᠤᠳᠠᠮ ᠪᠠᠭᠳᠠᠭᠠᠮᠵᠢ ᠤᠪᠤᠷ ᠰᠤᠷᠳᠠᠯ ᠲᠤᠳᠠᠬᠳᠠᠵᠦ ᠪᠠᠶᠢᠨ᠎ᠠ᠃ ᠪᠢᠳᠠᠨ ᠤ ᠠᠪᠤ ᠡᠵᠢ ᠶᠢᠨ ᠪᠠᠭ᠎ᠠ ᠨᠠᠰᠤ ᠪᠠᠷ ᠵᠢᠱᠢᠶᠡᠯᠡᠵᠦ ᠶᠠᠷᠢᠪᠠᠯ᠂ ᠬᠠᠷᠢᠴᠠᠩᠭᠤᠢ ᠪᠠᠷ ᠠᠬ᠎ᠠ ᠲᠡᠬᠦᠦ ᠤᠯᠠᠠᠲᠠᠢ᠂ ᠠᠮᠢᠳᠤᠷᠠᠯ ᠬᠠᠳᠠᠭᠤᠵᠢᠯᠲᠠᠢ ᠪᠠᠶᠢᠬᠰᠠᠨ ᠴᠤ ᠠᠬ᠎ᠠ ᠡᠭᠡᠴᠢ ᠨᠡᠷ ᠨᠢ ᠲᠡᠬᠦᠤᠨᠡᠷ ᠢᠶᠠᠨ ᠠᠰᠠᠷᠠᠵᠦ ᠬᠠᠷᠠᠭᠠᠯᠵᠠᠭᠠᠳ᠂ ᠶᠠᠭᠤᠮ᠎ᠠ ᠬᠤᠪᠤᠷ ᠴᠤ ᠶᠠᠷᠤᠨᠢ ᠶᠡᠭᠡ ᠨᠢ ᠪᠠᠭ᠎ᠠ ᠳᠠᠭᠠᠨ ᠨᠠᠶᠢᠷ ᠲᠠᠯᠪᠢᠳᠠᠭ ᠪᠠᠶᠢᠨ᠎ᠠ᠃ ᠴᠠᠰᠢᠳᠠ ᠨᠢᠯᠬ᠎ᠠ ᠪᠠᠨ ᠬᠠᠶᠢᠷᠠᠯᠠᠵᠦ᠂ ᠠᠬᠠᠮᠠᠳ ᠢᠶᠠᠨ ᠬᠦᠨᠳᠦᠳᠭᠡᠬᠦ ᠶᠢ ᠮᠠᠰᠢ ᠴᠢᠬᠤᠯᠠᠴᠢᠯᠠᠨ ᠦᠵᠡᠵᠦ᠂ ᠬᠦᠮᠦᠨ ᠪᠦᠬᠦᠨ ᠵᠠᠪᠠᠯ ᠵᠢᠷᠤᠮᠯᠠᠳᠠᠭ ᠶᠤᠰᠤ ᠲᠠᠳᠬᠠᠯ ᠪᠤᠯᠭᠠᠳᠠᠭ ᠪᠠᠶᠢᠬᠰᠠᠨ ᠪᠡ ᠬᠡᠷᠪᠡ ᠬᠡᠤᠬᠡᠳ ᠪᠠᠭᠠᠴᠤᠤᠯ ᠡᠨᠡ ᠲᠠᠯ᠎ᠠ ᠪᠠᠷ ᠠᠯᠳᠠᠭ᠎ᠠ ᠭᠠᠷᠭᠠᠪᠠᠯ ᠠᠬᠠᠮᠠᠳ ᠤᠯᠤᠰ ᠮᠠᠰᠢ ᠬᠢᠨᠠᠮᠠᠭᠠᠢ ᠬᠠᠨᠳᠤᠵᠦ᠂ ᠲᠦᠪ ᠴᠢᠩᠭ᠎ᠠ ᠪᠠᠷ ᠵᠢᠭᠠᠨ ᠰᠤᠷᠭᠠᠳᠠᠭ ᠪᠠᠶᠢᠬᠰᠠᠨ ᠰᠠᠨᠵᠢ᠃     ᠬᠡᠤᠬᠡᠳ ᠢᠶᠠᠨ ᠦᠭᠡᠳᠡᠷᠬᠡᠭ ᠰᠡᠳᠬᠢᠯ ᠲᠠᠢ᠂ ᠵᠦᠪ ᠦᠵᠡᠯᠳᠡ ᠲᠠᠨᠢᠯᠳᠠ᠂ ᠬᠦᠰᠡᠯ ᠵᠤᠷᠢᠯᠲᠠ ᠲᠠᠢ ᠬᠦᠮᠦᠨ ᠪᠤᠯᠭᠠᠵᠦ ᠬᠦᠮᠦᠵᠢᠬᠦᠯᠬᠦ ᠶᠤᠰᠤᠲᠠᠢ᠃ ᠮᠠᠨ ᠤ ᠮᠤᠩᠭᠤᠯᠴᠤᠳ ᠦᠷ᠎ᠡ ᠬᠡᠤᠬᠡᠳ ᠢᠶᠠᠨ ᠰᠤᠷᠭᠠᠨ ᠬᠦᠮᠦᠵᠢᠭᠦᠯᠬᠦ ᠳᠤ ᠶᠡᠷᠤᠨᠢ ᠬᠠᠭᠤᠴᠢ ᠲᠤᠮᠤᠭ᠂ ᠦᠯᠢᠭᠡᠷ ᠤᠨᠢᠰᠤᠭ᠎ᠠ᠂ ᠵᠦᠢᠷ ᠰᠡᠴᠠᠨ ᠦᠬᠡ᠂ ᠰᠤᠷᠭᠠᠯ ᠦᠬᠡᠰ ᠢᠶᠠᠷ ᠵᠢᠱᠢᠶ᠎ᠠ ᠲᠠᠳᠠᠨ ᠪᠠᠶᠢᠵᠦ ᠠᠮᠢᠳᠤᠷᠠᠯ ᠤᠨ ᠬᠦᠨ ᠤᠬᠠᠭᠠᠨ ᠢ ᠲᠠᠮ ᠢᠶᠠᠷ ᠲᠠᠨᠢᠭᠤᠯᠵᠦ ᠰᠡᠩᠬᠡᠷᠡᠭᠦᠯᠵᠦ ᠰᠤᠷᠭᠠᠳᠠᠭ ᠪᠠᠶᠢᠵᠠᠢ᠃ ᠬᠡᠰᠡᠷ᠂ ᠵᠠᠩᠭᠠᠷ ᠤᠨ ᠦᠯᠢᠬᠡᠷ᠂ ︽ᠭᠤᠷᠪᠠᠨ ᠨᠠᠰᠤᠳᠠᠢ ᠭᠤᠨᠠᠭᠠᠨ ᠤᠯᠠᠭᠠᠨ ᠪᠠᠭᠠᠳᠤᠷ︾᠂ ︽ᠠᠯᠤᠩᠭᠤᠸ᠎ᠠ ᠡᠬᠡ ᠶᠢᠨ ᠲᠠᠪᠤᠨ ᠮᠦᠰᠦᠨ ᠤ ᠰᠤᠷᠭᠠᠯ︾᠎ ᠠᠴᠠ ᠡᠬᠢᠯᠡᠭᠡᠳ ᠠᠬ᠎ᠠ ᠲᠡᠭᠦᠤᠨᠡᠷ ᠬᠤᠭᠤᠷᠤᠨᠲᠤ ᠪᠠᠨ ᠡᠶ᠎ᠡ ᠪᠦᠯᠬᠦᠮᠳᠡᠯ ᠲᠠᠢ ᠪᠠᠶᠢᠬᠤ ᠶᠢ ᠰᠤᠷᠭᠠᠭᠰᠠᠨ ᠲᠤᠮᠤᠭ ᠬᠠᠭᠤᠴᠢ᠂ ︽ᠠᠪᠤ ᠶᠢᠨ ᠪᠤᠢ ᠳᠤ ᠬᠦᠮᠦᠨ ᠲᠠᠨᠢᠵᠦ᠂ ᠠᠭᠳᠠ ᠶᠢᠨ ᠪᠤᠢ ᠳᠤ ᠭᠠᠵᠠᠷ ᠦᠵᠡ︾᠂ ︽ᠤᠯᠪᠤᠭ ᠢᠶᠠᠨ ᠴᠤᠭᠤᠷᠠᠳᠠᠯ᠎ᠠ ᠰᠠᠭᠤᠬᠰᠠᠨ ᠮᠡᠷᠭᠡᠨ ᠠᠴᠠ᠂ ᠤᠷᠴᠢᠯᠠᠩ ᠤᠨ ᠲᠤᠭᠤᠷᠢᠭᠰᠠᠨ ᠮᠤᠩᠬᠠᠭ ᠲᠠᠬᠡᠷ᠎ᠡ︾ ᠬᠡᠬᠦᠴᠢᠯᠠᠨ ᠵᠦᠢᠷ ᠰᠡᠴᠠᠨ ᠦᠬᠡ᠂ ᠤᠨᠢᠰᠤᠭ᠎ᠠ ᠤᠨᠢᠭ᠎ᠠ ᠪᠠᠷ ᠬᠦᠮᠦᠨ ᠪᠤᠯᠬᠤ ᠶᠢᠨ ᠶᠤᠰᠤ ᠤᠴᠢᠷ ᠢ ᠲᠡᠯᠬᠡᠨ᠂ ᠰᠤᠷᠭᠠᠮᠵᠢ ᠴᠡᠭᠡᠷᠯᠡᠯ ᠢ ᠤᠶᠠᠯᠳᠤᠭᠤᠯᠤᠨ᠂ ᠦᠭᠡᠳᠡᠷᠬᠡᠭ ᠬᠦᠰᠡᠯ ᠮᠦᠷᠦᠭᠡᠳᠤᠯ᠂ ᠵᠦᠪ ᠢᠯᠴᠢ ᠡᠨᠧᠷᠬᠢ ᠲᠠᠢ ᠪᠤᠯᠭᠠᠨ ᠬᠦᠮᠦᠵᠢᠬᠦᠯᠳᠡᠭ ᠪᠠᠶᠢᠭᠰᠠᠨ ᠠᠵᠢ᠃ ᠬᠠᠷᠢᠨ ᠤᠳᠤ ᠬᠠᠭᠤᠴᠢᠨ ᠤ ᠦᠯᠢᠬᠡᠷ ᠲᠤᠮᠤᠭ᠂ ᠤᠨᠢᠰᠤᠭ᠎ᠠ ᠲᠠᠭᠠᠷᠢᠯᠴᠠᠭ᠎ᠠ᠂ ᠰᠤᠷᠭᠠᠯ ᠰᠡᠴᠠᠨ ᠦᠬᠡᠰ ᠴᠦ ᠬᠡᠷ ᠪᠦᠯᠢ ᠠᠴᠠ ᠨᠢᠬᠡᠨᠳᠡ ᠵᠠᠶᠢᠳᠠᠵᠦ᠂ ᠨᠢᠬᠡ ᠶᠤᠰᠤᠨ ᠳᠠᠭᠠᠨ ᠡᠷᠦᠬᠡ ᠬᠡᠷ ᠤᠨ ᠮᠤᠩᠭᠤᠯ ᠤᠶᠤᠨ ᠤᠬᠠᠭᠠᠨ ᠤ ᠵᠦᠢᠯ ᠲᠠᠳᠠᠭᠤᠷᠠᠵᠦ ᠪᠠᠶᠢᠨ᠎ᠠ᠃     ᠤᠳᠤ ᠶᠢᠨ ᠬᠡᠤᠬᠡᠳ ᠤᠨ ᠪᠡᠶ᠎ᠡ ᠪᠠᠨ ᠲᠠᠭᠠᠭᠠᠬᠤ ᠴᠢᠳᠠᠪᠤᠷᠢ ᠠᠨᠠᠢ ᠪᠤᠯᠤᠬᠰᠠᠨ ᠲᠤᠯᠠ ᠡᠨᠡ ᠲᠠᠯ᠎ᠠ ᠶᠢᠨ ᠤᠯᠠᠮᠵᠢᠯᠠᠯᠳᠦ ᠬᠦᠮᠦᠵᠢᠯ ᠢ ᠴᠢᠬᠤᠯᠠᠴᠢᠯᠠᠬᠤ ᠬᠡᠷᠡᠭᠳᠡᠢ ᠪᠠᠶᠢᠨ᠎ᠠ᠃ ᠤᠤᠯ ᠳᠠᠭᠠᠨ ᠮᠤᠩᠭᠤᠯ ᠬᠡᠤᠬᠡᠳ ᠤᠨ ᠪᠠᠶ᠎ᠠ ᠪᠠᠨ ᠲᠠᠭᠠᠭᠠᠬᠤ ᠴᠢᠳᠠᠪᠤᠷᠢ ᠮᠠᠰᠢ ᠰᠠᠶᠢᠨ ᠪᠠᠶᠢᠬᠰᠠᠨ ᠶᠤᠮ᠃ ᠪᠠᠭ᠎ᠠ ᠠᠴᠠ ᠪᠠᠨ ᠢᠰᠢᠭᠡ ᠬᠤᠷᠠᠭ᠎ᠠ ᠬᠠᠷᠢᠭᠤᠯᠬᠤ᠂ ᠲᠦᠯᠡᠭᠡ ᠮᠤᠲᠤ ᠲᠡᠬᠦᠬᠦ ᠠᠴᠠ ᠡᠬᠢᠯᠡᠭᠡᠳ ᠠᠬ᠎ᠠ ᠡᠭᠡᠴᠢ ᠨᠠᠷ ᠨᠢ ᠲᠡᠭᠦᠦ ᠪᠠᠨ ᠠᠰᠠᠷᠠᠵᠦ ᠲᠤᠳᠤᠮᠳᠠᠬᠤ᠂ ᠰᠤᠷᠭᠠᠭᠤᠯᠢ ᠳᠤ ᠤᠷᠤᠭᠰᠠᠨ ᠤ ᠲᠠᠷᠠᠭᠠᠪᠡᠷ ᠲᠠᠰᠬᠠᠯ ᠲᠠᠭᠠᠭᠠᠯᠭᠠᠪᠤᠷᠢ ᠪᠠᠨ ᠪᠡᠶ᠎ᠡ ᠪᠠᠨ ᠲᠠᠭᠠᠭᠠᠵᠦ ᠪᠡᠶᠡᠯᠡᠬᠦᠯᠬᠦ ᠬᠡᠭᠦᠴᠢᠯᠠᠨ ᠮᠠᠰᠢ ᠰᠠᠶᠢᠨ ᠪᠡᠶ᠎ᠡ ᠪᠠᠨ ᠲᠠᠭᠠᠭᠠᠬᠤ ᠴᠢᠳᠠᠪᠤᠷᠢ ᠲᠠᠢ ᠪᠠᠶᠢᠳᠠᠭ᠃ ᠬᠠᠷᠢᠨ ᠤᠳᠤ ᠶᠢᠨ ᠪᠠᠭᠠᠴᠤᠤᠯ ᠵᠢᠭᠠᠯ ᠪᠠᠭ᠎ᠠ ᠠᠴᠠ ᠪᠠᠨ ᠲᠡᠩᠳᠡᠭᠦᠦ ᠡᠷᠬᠡ ᠲᠡᠩᠬᠢ ᠦᠰᠦᠭᠰᠡᠨ ᠪᠤᠯᠬᠤᠷ ᠠᠵᠢᠯ ᠬᠦᠳᠡᠯᠮᠤᠷᠢ ᠠᠴᠠ ᠵᠠᠶᠢᠳᠠᠭᠤ᠂ ᠬᠠᠯᠠ ᠶᠢ ᠲᠠᠭᠠᠭᠠᠬᠤ ᠴᠢᠳᠠᠪᠤᠷᠢ ᠠᠨᠠᠢ᠂ ᠪᠦᠷᠢᠮᠤᠰᠤᠨ ᠪᠡᠶ᠎ᠡ ᠪᠠᠨ ᠲᠠᠭᠠᠭᠠᠵᠦ ᠠᠵᠢᠯ ᠢᠶᠠᠨ ᠪᠡᠶᠠᠯᠠᠬᠦᠯᠬᠦ᠂ ᠲᠠᠰᠬᠠᠯ ᠲᠠᠭᠠᠭᠠᠯᠭᠠᠪᠤᠷᠢ ᠪᠠᠨ ᠴᠦ ᠬᠦᠢᠴᠡᠬᠡᠬᠦ ᠤᠬᠠᠮᠰᠠᠷ ᠲᠤᠳᠠᠮᠠᠭ ᠦᠰᠴᠦ ᠪᠠᠶᠢᠬᠤ ᠶᠤᠮ᠃ ᠵᠦᠪᠬᠡᠨ ᠨᠢᠬᠡᠨ ᠵᠢᠱᠢᠶ᠎ᠠ ᠶᠢ ᠲᠤᠷᠠᠳᠪᠠᠯ᠂ ᠤᠯᠠᠩᠭᠢ ᠬᠡᠷ ᠪᠦᠯᠢ ᠳᠤ ᠠᠪᠴᠦ ᠬᠡᠯᠡᠪᠡᠯ ᠬᠡᠤᠬᠡᠳ ᠤᠨ ᠬᠡᠷ ᠤᠨ ᠲᠠᠰᠬᠠᠯ ᠨᠢ ᠬᠡᠷ ᠤᠨ ᠠᠬᠠᠮᠠᠳ ᠨᠡᠷ ᠤᠨ ᠪᠠᠶᠠᠯᠠᠭᠦᠯᠵᠦ ᠦᠭᠭᠦ ᠠᠯᠪᠠ ᠡᠭᠦᠷᠬᠡ ᠪᠤᠯᠴᠢᠬᠠᠭᠠᠳ ᠪᠠᠶᠢᠬᠤ ᠶᠢ ᠲᠠᠨᠠᠷ ᠠᠩᠬᠠᠷᠤᠬᠰᠠᠨ ᠪᠢᠵᠠ︖ ᠲᠠᠶᠢᠮᠤ ᠠᠴᠠ ᠤᠯᠠᠮᠵᠢᠯᠠᠯᠳᠦ ᠬᠦᠮᠦᠵᠢᠯ ᠤᠨ ᠶᠤᠰᠤᠭᠠᠷ ᠬᠡᠤᠬᠡᠳ ᠢ ᠬᠠᠷ᠎ᠠ ᠪᠠᠭ᠎ᠠ ᠠᠴᠠ ᠨᠢ ᠬᠠᠷ᠎ᠠ ᠪᠤᠷᠤ ᠠᠵᠢᠯ ᠭᠦᠳᠡᠯᠮᠤᠷᠢ ᠲᠠᠢ ᠤᠶᠢᠷᠠᠳᠤᠭᠤᠯᠤᠨ᠂ ᠬᠦᠴᠢᠷ ᠢ ᠲᠠᠪᠠᠵᠦ᠂ ᠪᠠᠶ᠎ᠠ ᠪᠠᠨ ᠲᠠᠭᠠᠭᠠᠬᠤ ᠴᠢᠳᠠᠪᠤᠷᠢ ᠶᠢ ᠨᠢ ᠪᠤᠯᠪᠠᠰᠤᠷᠠᠭᠤᠯᠬᠤ ᠬᠡᠷᠡᠭᠳᠡᠢ ᠪᠠᠶᠢᠨ᠎ᠠ᠃ ︽ᠡᠷᠬᠡ ᠶᠢ ᠰᠤᠷᠬᠤ ᠪᠠᠷ ᠢᠶᠠᠨ ᠪᠡᠷᠬᠡ ᠶᠢ ᠰᠤᠷ︾ ᠬᠡᠳᠡᠭ ᠪᠢᠵᠠ᠃      ᠮᠦᠨ ᠮᠠᠨ ᠤ ᠮᠤᠩᠭᠤᠯ ᠠᠷᠠᠳ ᠤᠨ ᠠᠮᠠᠨ ᠶᠠᠷᠢᠶᠡᠨ ᠳᠤ ︽ᠨᠤᠮ ᠢ ᠨᠢ ᠰᠤᠷᠴᠦ ᠴᠢᠳᠠᠬᠤ ᠦᠬᠡᠢ ᠴᠦ ᠨᠤᠮᠤᠬᠠᠨ ᠢ ᠨᠢ ᠰᠤᠷ︾ ᠬᠡᠳ ᠪᠠᠶᠢᠳᠠᠭ᠃ ︽ᠨᠤᠮᠤᠬᠠᠨ︾ ᠬᠡᠳᠡᠭ ᠨᠢ ᠬᠦᠮᠦᠨ ᠪᠤᠯᠬᠤ ᠶᠢᠨ ᠶᠤᠰᠤ ᠤᠴᠢᠷ ᠶᠤᠮ᠃ ᠡᠷᠳᠡᠮ ᠨᠤᠮ ᠤᠨ ᠶᠡᠭᠡ ᠶᠢ ᠰᠤᠷᠴᠦ ᠴᠢᠳᠠᠬᠤ ᠦᠬᠡᠢ ᠴᠦ ᠵᠠᠪᠠᠯ ᠶᠤᠰᠤ ᠰᠤᠷᠭᠠᠯ ᠲᠠᠢ ᠪᠠᠶᠢᠬᠤ ᠬᠡᠷᠡᠭᠳᠡᠢ᠃ ᠶᠡᠷᠤᠨᠢ ᠬᠡᠤᠬᠡᠳ ᠤᠨ ᠠᠭᠠᠰᠢ ᠠᠷᠠᠨᠰᠢᠨ᠂ ᠤᠬᠠᠭᠠᠨ ᠰᠠᠮᠪᠠᠭ᠎ᠠ ᠨᠢ ᠶᠠᠮᠠᠷ ᠪᠠᠶᠢᠬᠤ ᠪᠠᠷ ᠨᠢ ᠡᠨᠡ ᠬᠡᠷ ᠪᠦᠯᠢ᠂ ᠪᠦᠬᠦ᠋ᠢᠯᠡ ᠤᠪᠤᠭ ᠤᠬᠰᠠᠭᠠᠨ ᠤ ᠬᠢᠨᠢ ᠶᠤᠰᠤ ᠵᠠᠩᠰᠢᠯ᠂ ᠬᠡᠷ ᠤᠨ ᠰᠤᠷᠭᠠᠯ ᠬᠦᠮᠦᠵᠢᠯ ᠨᠢ ᠶᠠᠮᠠᠷ ᠪᠠᠶᠢᠬᠤ ᠶᠢ ᠭᠠᠳᠠᠷᠯᠠᠳᠠᠭ᠃ ᠡᠴᠢᠬᠡ ᠡᠬᠡ ᠪᠤᠯᠤᠬᠰᠠᠳ ᠤᠨ ᠬᠡᠤᠬᠡᠳ ᠢᠶᠠᠨ ᠶᠠᠭᠠᠬᠢᠵᠦ ᠭᠦᠮᠦᠵᠢᠭᠦᠯᠦᠭᠰᠡᠨ᠂ ᠡᠭᠦᠷᠬᠡ ᠬᠠᠷᠢᠭᠤᠴᠠᠯᠭ᠎ᠠ ᠪᠠᠨ ᠶᠠᠭᠠᠬᠢᠵᠤ ᠬᠦᠢᠴᠡᠬᠡᠭᠰᠡᠨ᠂ ᠤᠢ ᠤᠬᠠᠭᠠᠨ᠂ ᠬᠦᠴᠦ ᠬᠦᠳᠠᠯᠮᠤᠷᠢ ᠳᠤ ᠨᠢ ᠬᠡᠴᠢᠨᠠᠨ ᠶᠡᠭᠡ ᠡᠷᠴᠢ ᠬᠦᠴᠤ ᠪᠠᠶᠢᠬᠤ ᠶᠢ ᠨᠢ ᠤᠶᠢᠯᠠᠭᠠᠳᠠᠭ ᠪᠢᠯᠠ᠃ ᠬᠡᠤᠬᠡᠳ ᠤᠨ ᠨᠢᠯᠬ᠎ᠠ ᠪᠠᠯᠴᠢᠷ ᠤᠢ ᠤᠬᠠᠭᠠᠨ ᠳᠤ ᠠᠪᠤ ᠡᠵᠢ᠂ ᠠᠬᠠᠮᠠᠳ ᠲᠤᠮᠤᠭᠠᠳᠠᠨ ᠤ ᠦᠭᠡ ᠶᠠᠷᠢᠶ᠎ᠠ᠂ ᠤᠶᠢᠯᠡ ᠬᠦᠳᠡᠯᠦᠯ ᠪᠦᠬᠦᠨ ᠨᠢ ᠲᠠᠭᠤᠷᠢᠶᠠᠯ ᠪᠤᠯᠵᠦ ᠴᠠᠰᠢ ᠵᠠᠩᠰᠢᠯ ᠲᠠᠳᠬᠠᠯ ᠪᠤᠯᠵᠦ ᠬᠡᠪᠰᠢᠨ᠎ᠡ᠃ ᠲᠠᠶᠢᠮᠤ ᠠᠴᠠ ᠪᠢᠳᠡ ᠤᠯᠠᠮᠵᠢᠯᠠᠯᠳᠦ ᠰᠤᠷᠭᠠᠨ ᠬᠦᠮᠦᠵᠢᠯ ᠠᠴᠠ ᠪᠠᠨ ᠠᠪᠬᠤ ᠶᠠᠭᠤᠮ᠎ᠠ ᠶᠡᠭᠡ ᠪᠤᠢ᠃ ᠡ᠊ᠡᠳᠡ ᠵᠦᠪᠬᠡᠨ ᠬᠤᠶᠠᠷᠬᠠᠨ ᠵᠦᠢᠯ ᠢᠶᠠᠷ ᠵᠢᠱᠢᠶ᠎ᠠ ᠲᠠᠳᠠᠬᠰᠠᠨ ᠲᠠᠳᠤᠢ ᠶᠤᠮ᠃ ᠲᠡᠬᠦᠨ ᠠᠴᠠ ᠴᠠᠰᠢ ᠤᠶᠤᠨ ᠢ ᠭᠦᠭᠵᠢᠬᠡᠬᠦ ᠤᠯᠠᠮᠵᠢᠯᠠᠯᠳᠦ ᠨᠠᠭᠠᠳᠤᠮ ᠲᠤᠬᠯᠠᠭᠠᠮ ᠠᠴᠠ ᠦᠭᠰᠦᠭᠦᠯᠦᠨ ᠡᠷ᠎ᠠ ᠬᠦᠮᠦᠨ ᠪᠠᠶᠢᠬᠤ ᠶᠢᠨ ᠡᠭᠦᠷᠬᠡ ᠬᠠᠷᠢᠭᠤᠴᠠᠯᠭ᠎ᠠ ᠶᠢᠨ ᠬᠦᠮᠦᠵᠢᠯ᠂ ᠪᠦᠰᠡᠬᠦᠢ ᠬᠦᠮᠦᠨ ᠪᠠᠶᠢᠬᠤ ᠶᠢᠨ ᠶᠤᠰᠤ ᠰᠤᠷᠳᠠᠬᠤᠨ ᠤ ᠬᠦᠮᠦᠵᠢᠯ᠂ ᠬᠠᠶᠢᠷ᠎ᠠ ᠰᠡᠳᠬᠢᠯᠬᠡ ᠶᠢᠨ ᠬᠦᠮᠦᠵᠢᠯ᠂ ᠡᠷᠬᠢᠮ ᠲᠡᠬᠡᠳᠦ ᠦᠵᠠᠯ ᠰᠠᠨᠠᠭ᠎ᠠ ᠬᠢᠬᠡᠳ ᠬᠦᠰᠡᠯ ᠬᠦᠬᠡᠬᠡᠴᠡᠯᠳᠦᠯ᠂ ᠵᠠᠩ ᠴᠢᠨᠡᠷ ᠤᠨ ᠬᠦᠮᠦᠵᠢᠯ ᠁ ᠲᠠᠢ ᠬᠤᠯᠪᠤᠬᠳᠠᠬᠤ ᠤᠯᠠᠮᠵᠢᠯᠠᠯ ᠤᠨ ᠤᠬᠢ ᠰᠤᠳᠤᠨ ᠵᠦᠢᠯᠡᠰ ᠢ ᠡ᠊ᠡᠳᠡ ᠶᠠᠷᠢᠭᠠᠳ ᠲᠠᠭᠤᠰᠤᠰᠢ ᠦᠬᠡᠢ ᠶᠤᠮ᠃ ᠬᠠᠷᠢᠨ ᠤᠯᠠᠮᠵᠢᠯᠠᠯ ᠢᠶᠠᠨ ᠢᠯᠡᠬᠦᠦ ᠠᠩᠬᠠᠷᠴᠦ ᠤᠯᠠᠮ ᠨᠢᠬᠳᠠᠯᠠᠵᠦ᠂ ᠤᠯᠠᠮᠵᠢᠯᠠᠯ ᠠᠴᠠ ᠪᠠᠨ ︽ᠰᠢᠨ᠎ᠠ︾᠎ ᠶᠢ ᠡᠷᠢᠵᠦ ᠪᠠᠶᠢᠭᠠᠷᠠᠢ ᠬᠡᠳᠡᠭ ᠢ ᠬᠡᠯᠡᠬᠦ ᠬᠡᠳ ᠪᠠᠶᠢᠨ᠎ᠠ᠃ ᠠᠪᠤ ᠡᠵᠢ ᠪᠤᠯ ᠬᠡᠤᠬᠡᠳ ᠤᠨ ᠠᠩᠬᠠᠨ ᠤ ᠪᠠᠭᠰᠢ᠂ ᠭᠡᠷ ᠪᠦᠯᠢ ᠪᠤᠯ ᠬᠡᠤᠬᠡᠳ ᠤᠨ ᠠᠩᠬᠠᠨ ᠤ ᠰᠤᠷᠭᠠᠭᠤᠯᠢ ᠮᠦᠨ᠃ ᠦᠨᠦᠳᠦᠷ ᠠᠴᠠ ᠡᠬᠢᠯᠡᠵᠦ ᠤᠯᠠᠮᠵᠢᠯᠠᠯᠳᠦ ᠬᠡᠷ ᠤᠨ ᠬᠦᠮᠦᠵᠢᠯ ᠤᠨ ᠢᠶᠠᠨ ᠰᠠᠶᠢᠨ ᠰᠠᠶᠢᠬᠠᠨ ᠢᠶᠠᠷ ᠬᠡᠷ ᠢᠶᠠᠨ ᠬᠡᠶᠢᠭᠦᠯᠬᠦ ᠪᠠᠷ ᠬᠢᠴᠢᠶᠡᠵᠦ ᠦᠵᠡᠬᠡᠷᠡᠢ︕
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号