ᠲᠡᠭᠡᠳᠤ  ᠲᠤᠮᠳᠠᠳᠤ ᠲᠡᠭᠦᠰᠦᠭᠰᠡᠨ ︵  ᠶᠡᠭᠡ  ᠰᠤᠷᠭᠠᠭᠤᠯᠢ  ᠳᠤ  ᠡᠯᠰᠡᠭᠳᠡᠭᠰᠡᠨ  ᠦᠭᠡᠢ︶  ᠰᠤᠷᠤᠬᠴᠢ ᠳᠤ ᠰᠢᠯᠢ ᠶᠢᠨ  ᠭᠤᠤᠯ  ᠠᠵᠢᠯ  ᠮᠡᠷᠭᠡᠵᠢᠯ  ᠤᠨ  ᠲᠡᠭᠡᠳᠤ ᠰᠤᠷᠭᠠᠭᠤᠯᠢ  ᠳᠤ ᠰᠤᠶᠢᠳᠬᠡᠯ ᠬᠤᠷᠢᠶᠠᠬᠤ  ᠦᠭᠡᠢ  ᠲᠡᠭᠡᠳᠤ  ᠵᠡᠷᠭᠡ  ᠶᠢᠨ  ᠠᠵᠢᠯ  ᠮᠡᠷᠭᠡᠵᠢᠯ  ᠤᠨ ᠰᠣᠷᠭᠠᠨ  ᠬᠦᠮᠦᠵᠢᠯ  ᠤᠨ ᠪᠤᠯᠪᠠᠰᠤᠷᠠᠯ  ᠬᠦᠷᠳᠡᠭᠡᠬᠦ  ᠲᠦᠰᠤᠯ  ᠤᠨ  ᠲᠤᠪᠴᠢ
ᠨᠡᠶᠢᠲᠡᠯᠡᠭᠰᠡᠨ ᠴᠠᠭ᠄
2016/7/25
        ︽ᠰᠢᠯᠢ   ᠶᠢᠨ  ᠭᠤᠤᠯ  ᠠᠶᠢᠮᠠᠭ   ᠤᠨ  ᠵᠠᠬᠢᠷᠭ᠎ᠠ   ᠶᠢᠨ  ᠠᠯᠪᠠᠨ  ᠲᠠᠩᠬᠢᠮ   ᠤᠨ  ᠨᠠᠶᠢᠳᠡᠯᠡᠭᠰᠡᠨ  ᠶᠡᠭᠡ  ᠰᠤᠷᠭᠠᠭᠤᠯᠢ   ᠳᠤ  ᠡᠯᠰᠡᠭᠳᠡᠭᠰᠡᠨ  ᠦᠭᠡᠢ  ᠲᠡᠭᠡᠳᠤ ᠲᠤᠮᠳᠠᠳᠤ  ︵ᠠᠵᠢᠯ ᠮᠡᠷᠭᠡᠵᠢᠯ ᠤᠨ  ᠲᠡᠭᠡᠳᠤ ᠲᠤᠮᠳᠠᠳᠤ  ᠪᠠᠭᠳᠠᠨ᠎ᠠ  ︶ ᠲᠡᠭᠦᠰᠦᠭᠰᠡᠨ  ᠰᠤᠷᠤᠬᠴᠢ   ᠶᠢ  ᠰᠤᠶᠢᠳᠬᠡᠯ  ᠬᠤᠷᠢᠶᠠᠬᠤ  ᠦᠭᠡᠢ   ᠪᠠᠷ ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠳᠤ ᠲᠡᠭᠡᠳᠤ ᠵᠡᠷᠭᠡ   ᠶᠢᠨ  ᠠᠵᠢᠯ   ᠮᠡᠷᠭᠡᠵᠢᠯ   ᠤᠨ  ᠰᠣᠷᠭᠠᠨ  ᠬᠦᠮᠦᠵᠢᠯ ᠤᠨ  ᠪᠤᠯᠪᠠᠰᠤᠷᠠᠯ  ᠬᠦᠷᠳᠡᠬᠡᠬᠦ  ᠲᠦᠰᠦᠯ︾ ︵ ᠰᠢᠯᠢ  ᠵᠠᠬᠢᠷᠭ᠎ᠠ  ᠠᠯᠪᠠᠨ  ᠲᠠᠷᠬᠠᠭᠠᠬᠰᠠᠨ  ︿2011﹀ 60 ᠲᠤᠭᠠᠳᠤ︶  ᠪᠢᠴᠢᠭ  ᠮᠠᠲ᠋ᠧᠷᠢᠶᠠᠯ   ᠤᠨ  ᠲᠤᠬᠳᠠᠭᠠᠯ   ᠢ  ᠦᠨᠳᠣᠰᠣᠯᠡᠨ᠂ ᠶᠡᠭᠡ  ᠰᠤᠷᠭᠠᠭᠤᠯᠢ   ᠳᠤ  ᠡᠯᠰᠡᠭᠳᠡᠭᠰᠡᠨ  ᠦᠭᠡᠢ  ᠲᠡᠭᠡᠳᠤ ᠲᠤᠮᠳᠠᠳᠤ  ︵ᠠᠵᠢᠯ ᠮᠡᠷᠭᠡᠵᠢᠯ ᠤᠨ  ᠲᠡᠭᠡᠳᠤ ᠲᠤᠮᠳᠠᠳᠤ  ᠪᠠᠭᠳᠠᠨ᠎ᠠ  ︶ ᠲᠡᠭᠦᠰᠦᠭᠰᠡᠨ  ᠰᠤᠷᠤᠬᠴᠢ   ᠶᠢ  ᠰᠤᠶᠢᠳᠬᠡᠯ  ᠬᠤᠷᠢᠶᠠᠬᠤ  ᠦᠭᠡᠢ   ᠪᠠᠷ ᠲᠡᠭᠡᠳᠤ ᠵᠡᠷᠭᠡ   ᠶᠢᠨ  ᠠᠵᠢᠯ   ᠮᠡᠷᠭᠡᠵᠢᠯ   ᠤᠨ  ᠰᠣᠷᠭᠠᠨ  ᠬᠦᠮᠦᠵᠢᠯ ᠤᠨ  ᠪᠤᠯᠪᠠᠰᠤᠷᠠᠯ  ᠬᠦᠷᠳᠡᠬᠡᠬᠦ ᠶᠢ 2011 ᠤᠨ   ᠤ 6 ᠰᠠᠷ᠎ᠠ   ᠠᠴᠠ  ᠡᠬᠢᠯᠡᠨ ᠬᠡᠷᠡᠭᠵᠢᠭᠦᠯᠦᠨ᠎ᠠ᠃ ᠠᠭᠤᠯᠭ᠎ᠠ   ᠶᠢᠨ  ᠲᠤᠪᠴᠢ   ᠨᠢ ᠲᠤᠤᠷᠠᠬᠢ  ᠮᠡᠳᠤ  ᠄           ᠵᠢᠯᠤᠭᠤᠳᠬᠤ  ᠦᠵᠡᠯ  ᠰᠠᠨᠠᠭ᠋᠎ᠠ          ︽ ᠬᠦᠮᠦᠨ ᠢᠶᠠᠷ  ᠦᠨᠳᠣᠰᠦ  ᠪᠤᠯᠭᠠᠬᠤ  ᠂  ᠴᠢᠳᠠᠪᠤᠷᠢ   ᠪᠠᠷ ᠭᠤᠤᠯ   ᠪᠤᠯᠭᠠᠬᠤ᠂   ᠪᠤᠳᠠᠳᠤ ᠬᠡᠷᠡᠭᠴᠡᠭᠡᠳᠡᠢ᠂  ᠬᠡᠯᠪᠡᠷᠢ   ᠨᠢ ᠠᠮᠢᠳᠣᠯᠢᠭ︾   ᠵᠠᠷᠴᠢᠮ   ᠢ  ᠪᠠᠷᠢᠮᠳᠠᠯᠠᠨ᠂   ᠶᠡᠭᠡ  ᠲᠡᠭᠡᠳᠤ  ᠵᠡᠷᠭᠡ   ᠶᠢᠨ  ᠰᠤᠷᠭᠠᠭᠤᠯᠢ   ᠳᠤ  ᠲᠠᠪᠰᠢᠵᠤ  ᠲᠡᠶᠢᠯᠦᠭᠰᠡᠨ  ᠦᠭᠡᠢ ᠲᠡᠭᠡᠳᠤ ᠲᠤᠮᠳᠠᠳᠤ ᠲᠡᠭᠦᠰᠦᠭᠰᠡᠨ  ᠰᠤᠷᠤᠬᠴᠢ   ᠳᠤ ᠰᠤᠶᠢᠳᠬᠡᠯ  ᠬᠤᠷᠢᠶᠠᠬᠤ  ᠦᠭᠡᠢ ᠦᠨᠳᠤᠷ  ᠵᠡᠷᠭᠡ   ᠶᠢᠨ  ᠠᠵᠢᠯ  ᠮᠡᠷᠭᠡᠵᠢᠯ   ᠤᠨ  ᠰᠣᠷᠭᠠᠨ  ᠬᠦᠮᠦᠵᠢᠯ ᠤᠨ  ᠪᠤᠯᠪᠠᠰᠤᠷᠠᠯ ᠬᠦᠷᠳᠡᠭᠡᠨ᠂  ᠠᠵᠢᠯ  ᠮᠡᠷᠭᠡᠵᠢᠯ   ᠤᠨ  ᠰᠣᠷᠭᠠᠨ ᠬᠦᠮᠦᠵᠢᠯ᠂  ᠠᠵᠤ  ᠦᠯᠡᠰ   ᠤᠨ  ᠬᠦᠭᠵᠢᠯᠳᠡ᠂  ᠠᠵᠢᠯ  ᠣᠯᠭᠤᠯᠳᠠ   ᠶᠢ  ᠬᠠᠷᠢᠯᠴᠠᠨ   ᠵᠤᠯᠭᠠᠭᠤᠯᠤᠬᠰᠠᠨ᠂  ᠠᠵᠤ ᠠᠬᠤᠢ  ᠨᠡᠶᠢᠭᠡᠮ   ᠤᠨ  ᠬᠦᠭᠵᠢᠯᠳᠡ  ᠶᠢᠨ ᠬᠡᠷᠡᠭᠴᠡᠭᠡ ᠳᠤ  ᠵᠤᠬᠢᠴᠠᠬᠰᠠᠨ ᠴᠢᠳᠠᠪᠤᠷᠢᠳᠠᠨ ᠢ ᠪᠤᠯᠪᠠᠰᠤᠷᠠᠭᠤᠯᠬᠤ  ᠰᠢᠰᠲ᠋ᠧᠮ   ᠶᠢ  ᠪᠠᠶᠢᠭᠤᠯᠵᠤ᠂  ᠲᠡᠭᠡᠳᠤ  ᠲᠤᠮᠳᠠᠳᠤ ᠲᠡᠭᠦᠰᠦᠭᠰᠡᠨ  ᠰᠤᠷᠤᠬᠴᠢ   ᠳᠤ ᠠᠵᠢᠯ  ᠮᠡᠷᠭᠡᠵᠢᠯ   ᠤᠨ  ᠴᠢᠳᠠᠪᠤᠷᠢ  ᠡᠵᠡᠮᠰᠢᠭᠦᠯᠦᠨ᠂ ᠬᠤᠳᠠ  ᠪᠠᠯᠭᠠᠰᠤᠨ   ᠳᠤ ᠲᠤᠬᠳᠠᠪᠤᠷᠢᠳᠠᠢ ᠠᠵᠢᠯ  ᠣᠶᠢᠯᠡᠰ  ᠡᠷᠬᠢᠯᠡᠬᠦ   ᠶᠢ  ᠪᠡᠶᠡᠯᠡᠭᠦᠯᠦᠨ᠂ ᠪᠦᠬᠦ  ᠠᠶᠢᠮᠠᠭ   ᠤᠨ  ︽  ᠰᠢᠯᠵᠢᠭᠦᠯᠦᠯᠳᠡ  ᠬᠤᠪᠢᠷᠠᠭᠤᠯᠤᠯᠳᠠ ᠬᠤᠤᠰ  ᠠᠮᠵᠢᠯᠳᠠ  ︾᠂ ︽ ᠬᠤᠳᠠ  ᠪᠠᠯᠭᠠᠰᠤᠵᠢᠯᠳᠠ︾   ᠶᠢᠨ ᠪᠠᠶᠢᠯᠳᠤᠬᠤ  ᠪᠤᠳᠤᠯᠭ᠎ᠠ   ᠶᠢᠨ  ᠤᠷᠤᠬᠰᠢᠳᠠᠢ ᠶᠠᠪᠤᠬᠳᠠᠬᠤ   ᠶᠢ  ᠠᠬᠢᠭᠤᠯᠬᠤ ᠳᠤ  ᠢᠳᠡᠪᠬᠢᠳᠡᠢ  ᠬᠤᠪᠢ  ᠨᠡᠮᠡᠭᠦᠷᠢ  ᠦᠵᠡᠭᠦᠯᠦᠨ᠎ᠡ᠃          ᠪᠤᠯᠪᠠᠰᠤᠷᠠᠭᠤᠯᠬᠤ  ᠠᠷᠭ᠎ᠠ  ᠮᠠᠶ᠋ᠢᠭ         ᠰᠤᠷᠤᠬᠴᠢᠳ ᠰᠣᠶᠢᠳᠬᠡᠯ  ᠬᠤᠷᠢᠶᠠᠬᠤ  ᠦᠭᠡᠢ  ᠬᠤᠶᠠᠷ  ᠵᠢᠯ   ᠤᠨ  ᠪᠦᠬᠦᠯᠢ  ᠡᠳᠤᠷ   ᠤᠨ  ᠲᠦᠷᠢᠮᠳᠤ  ᠪᠤᠯᠪᠠᠰᠤᠷᠠᠯ   ᠬᠦᠷᠳᠡᠵᠤ᠂ ᠲᠤᠤᠷᠠᠬᠢ ᠨᠢᠭᠡ  ᠲᠦᠷᠦᠯ   ᠤᠨ  ᠪᠤᠯᠪᠠᠰᠤᠷᠠᠭᠤᠯᠬᠤ  ᠠᠷᠭ᠎ᠠ  ᠮᠠᠶ᠋ᠢᠭ  ᠤᠨ  ᠲᠤᠷ᠎ᠠ   ᠶᠢᠨ  ᠨᠢᠭᠡ   ᠶᠢ  ᠰᠤᠩᠭᠤᠵᠤ  ᠪᠤᠯᠤᠨ᠎ᠠ  ᠄  ᠨᠢᠭᠡ   ᠳᠤ᠂  ᠪᠦᠬᠦ  ᠣᠯᠣᠰ   ᠤᠨ ᠨᠠᠰᠤᠨ   ᠳᠤ  ᠬᠦᠷᠦᠭᠰᠡᠳ ᠤᠨ  ᠣᠯᠣᠰ   ᠤᠨ  ᠰᠢᠯᠭᠠᠯᠳᠠ ᠳᠤ ᠣᠷᠣᠯᠴᠠᠵᠤ᠂  ᠮᠦᠨ ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ ᠳᠤ  ᠰᠣᠷᠣᠯᠴᠠᠬᠤ ᠡᠷᠡᠮᠡᠯᠵᠡᠯ  ᠲᠠᠬᠯᠠᠨ᠎ᠠ᠂ ᠡᠯᠰᠡᠭᠳᠡᠭᠰᠡᠨ   ᠤ  ᠲᠠᠷᠠᠭ᠎ᠠ  ᠲᠤᠰᠬᠠᠢ ᠮᠡᠷᠭᠡᠵᠢᠯ   ᠤᠨ  ᠰᠠᠭᠤᠷᠢ ᠬᠢᠴᠢᠶᠡᠯ  ᠂  ᠠᠵᠢᠯ  ᠲᠦᠷᠦᠯ   ᠤᠨ  ᠮᠡᠷᠭᠡᠵᠢᠯ   ᠤᠨ  ᠬᠢᠴᠢᠶᠡᠯ   ᠢ   ᠰᠣᠷᠣᠯᠴᠠᠨ  ᠪᠤᠯᠪᠠᠰᠤᠷᠠᠵᠤ᠂  ᠡᠨᠡ ᠲᠤᠮᠳᠠ  ᠬᠠᠷᠠᠭᠠᠯᠵᠠᠬᠰᠠᠨ ᠠᠵᠢᠯ  ᠮᠡᠷᠭᠡᠵᠢᠯ   ᠤᠨ  ᠬᠢᠷᠢ  ᠭᠡᠮ   ᠤᠨ  ᠦᠨᠡᠮᠯᠡᠯ  ᠤᠯᠭᠤᠨ᠎ᠠ᠂  ᠮᠦᠨ  ᠰᠢᠯᠭᠠᠯᠳᠠ  ᠂ ᠬᠢᠨᠠᠨ ᠪᠠᠶᠢᠴᠠᠭᠠᠯᠳᠠ   ᠪᠠᠷ  ᠲᠠᠮᠵᠢᠨ  ᠬᠢᠷᠢ  ᠲᠡᠩᠴᠡᠭᠰᠡᠳ   ᠲᠤ ᠰᠢᠯᠢ  ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠶᠢᠨ   ᠨᠠᠰᠤᠨ   ᠳᠤ  ᠬᠦᠷᠦᠭᠰᠡᠳ   ᠤᠨ  ᠲᠤᠰᠬᠠᠢ ᠮᠡᠷᠭᠡᠵᠢᠯ   ᠤᠨ  ᠰᠣᠷᠤᠯᠭ᠎ᠠ   ᠶᠢᠨ  ᠨᠠᠮᠳᠠᠷ  ᠤᠯᠭᠤᠨ᠎ᠠ  ᠃  ᠬᠤᠶᠠᠷ   ᠲᠤ᠂ ᠪᠦᠬᠦ  ᠣᠯᠣᠰ   ᠤᠨ ᠨᠠᠰᠤᠨ   ᠳᠤ  ᠬᠦᠷᠦᠭᠰᠡᠳ ‍ᠤᠨ‌ᠣᠯᠣᠰ   ᠤᠨ  ᠰᠢᠯᠭᠠᠯᠳᠠ ᠳᠤ  ᠤᠷᠤᠯᠴᠠᠬᠤ  ᠦᠭᠡᠢ ᠪᠤᠶᠤ  ᠨᠠᠰᠤᠨ   ᠳᠤ  ᠬᠦᠷᠦᠭᠰᠡᠳ ‍ᠤᠨ‌ᠣᠯᠣᠰ   ᠤᠨ  ᠰᠢᠯᠭᠠᠯᠳᠠ ᠳᠤ  ᠤᠷᠤᠯᠴᠠᠭᠠᠳ   ᠬᠤᠪᠢᠨ   ᠳᠤ  ᠬᠦᠷᠦᠭᠰᠡᠨ  ᠦᠭᠡᠢ  ᠰᠤᠷᠤᠬᠴᠢᠳ  ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠳᠤ ᠰᠣᠶᠢᠳᠬᠡᠯ  ᠬᠤᠷᠢᠶᠠᠬᠤ  ᠦᠭᠡᠢ  ᠬᠤᠶᠠᠷ  ᠵᠢᠯ   ᠤᠨ  ᠪᠦᠬᠦᠯᠢ  ᠡᠳᠤᠷ   ᠤᠨ  ᠲᠦᠷᠢᠮᠳᠤ  ᠪᠤᠯᠪᠠᠰᠤᠷᠠᠯ ᠬᠦᠷᠳᠡᠵᠤ᠂ ᠲᠤᠰᠬᠠᠢ ᠮᠡᠷᠭᠡᠵᠢᠯ   ᠤᠨ  ᠰᠠᠭᠤᠷᠢ ᠬᠢᠴᠢᠶᠡᠯ  ᠂ ᠠᠵᠢᠯ  ᠲᠦᠷᠦᠯ   ᠤᠨ ᠮᠡᠷᠭᠡᠵᠢᠯ   ᠤᠨ  ᠬᠢᠴᠢᠶᠡᠯ   ᠢ  ᠰᠣᠷᠣᠯᠴᠠᠨ  ᠪᠤᠯᠪᠠᠰᠤᠷᠠᠵᠤ᠂  ᠡᠨᠡ ᠲᠤᠮᠳᠠ  ᠬᠠᠷᠠᠭᠠᠯᠵᠠᠬᠰᠠᠨ ᠠᠵᠢᠯ  ᠮᠡᠷᠭᠡᠵᠢᠯ   ᠤᠨ  ᠬᠢᠷᠢ  ᠭᠡᠮ   ᠤᠨ  ᠦᠨᠡᠮᠯᠡᠯ  ᠤᠯᠭᠤᠨ᠎ᠠ᠂  ᠮᠦᠨ  ᠰᠢᠯᠭᠠᠯᠳᠠ  ᠂ ᠬᠢᠨᠠᠨ ᠪᠠᠶᠢᠴᠠᠭᠠᠯᠳᠠ   ᠪᠠᠷ  ᠲᠠᠮᠵᠢᠨ  ᠬᠢᠷᠢ  ᠲᠡᠩᠴᠡᠭᠰᠡᠳ ᠳᠤ ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠤᠨ  ᠲᠡᠭᠡᠳᠤ ᠵᠡᠷᠭᠡ   ᠶᠢᠨ  ᠠᠵᠢᠯ  ᠮᠡᠷᠭᠡᠵᠢᠯ   ᠤᠨ  ᠰᠣᠷᠭᠠᠨ  ᠬᠦᠮᠦᠵᠢᠯ  ᠲᠡᠭᠦᠰᠦᠭᠰᠡᠨ ᠦᠨᠡᠮᠯᠡᠯ  ᠤᠯᠭᠤᠨ᠎ᠠ᠃  ᠰᠣᠷᠤᠬᠴᠢᠳ   ᠤᠨ  ᠰᠤᠷᠤᠯᠴᠠᠯᠭ᠎ᠠ  ᠪᠤᠯᠪᠠᠰᠤᠷᠠᠯ  ᠲᠠᠭᠤᠰᠤᠬᠰᠠᠨ   ᠤ   ᠲᠠᠷᠠᠭ᠎ᠠ  ᠂ ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ ᠬᠠᠮᠢᠶ᠎ᠠ  ᠪᠦᠬᠦᠢ  ᠰᠠᠯᠠᠭ᠎ᠠ  ᠮᠦᠴᠢᠷ ᠲᠠᠢ ᠬᠠᠮᠳᠤᠷᠠᠨ ᠢᠳᠡᠪᠬᠢᠳᠡᠢ   ᠪᠠᠷ ᠠᠵᠢᠯ  ᠲᠠᠨᠢᠯᠴᠠᠭᠤᠯᠤᠨ᠎ᠠ᠂  ᠠᠵᠢᠯ  ᠤᠯᠭᠤᠯᠳᠠ   ᠶᠢᠨ  ᠬᠢᠷᠢ  ᠲᠦᠪᠰᠢᠨ   ᠢ  ᠪᠦᠬᠦᠯᠢ  ᠡᠳᠣᠷ ᠤᠨ  ᠲᠦᠷᠢᠮᠳᠤ  ᠲᠡᠭᠡᠳᠤ  ᠵᠡᠷᠭᠡ   ᠶᠢᠨ  ᠠᠵᠢᠯ  ᠮᠡᠷᠭᠡᠵᠢᠯ   ᠤᠨ  ᠲᠡᠭᠦᠰᠦᠭᠰᠡᠨ  ᠰᠤᠷᠤᠬᠴᠢᠳ   ᠲᠠᠢ  ᠠᠳᠠᠯᠢ  ᠪᠠᠶᠢᠬᠤ   ᠶᠢ  ᠪᠠᠳᠤᠯᠠᠨ᠎ᠠ᠃          ᠨᠡᠷ᠎ᠡ  ᠮᠡᠳᠡᠭᠦᠯᠬᠦ   ᠬᠦᠷᠢᠶ᠎ᠡ  ᠬᠡᠪᠴᠢᠶ᠎ᠡ   ᠪᠠ  ᠬᠢᠷᠢ  ᠭᠡᠮ   ᠢ  ᠬᠢᠨᠠᠨ  ᠬᠠᠷᠭᠤᠭᠤᠯᠬᠤ          ᠰᠢᠯᠢ   ᠶᠢᠨ  ᠭᠤᠤᠯ  ᠠᠶᠢᠮᠠᠭ   ᠤᠨ  ᠡᠷᠦᠬᠡ  ᠠᠮᠠ ᠲᠠᠢ  ᠲᠤᠰ ᠬᠤᠭᠤᠴᠠᠭ᠎ᠠ ᠲᠡᠭᠡᠳᠤ  ᠲᠤᠮᠳᠠᠳᠤ ︵ᠠᠵᠢᠯ ᠮᠡᠷᠭᠡᠵᠢᠯ ᠤᠨ  ᠲᠡᠭᠡᠳᠤ ᠲᠤᠮᠳᠠᠳᠤ  ᠪᠠᠭᠳᠠᠨ᠎ᠠ  ︶ ᠲᠡᠭᠦᠰᠦᠭᠰᠡᠨ  ᠰᠣᠷᠣᠬᠴᠢᠳ  ᠰᠠᠶᠢᠨ  ᠲᠤᠷ᠎ᠠ   ᠠᠴᠠ   ᠪᠠᠨ  ᠨᠡᠷ᠎ᠡ  ᠮᠡᠳᠡᠭᠦᠯᠵᠤ  ᠰᠤᠶᠢᠳᠬᠡᠯ  ᠬᠤᠷᠢᠶᠠᠬᠤ  ᠦᠭᠡᠢ   ᠪᠠᠷ ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠳᠤ ᠲᠡᠭᠡᠳᠤ ᠵᠡᠷᠭᠡ   ᠶᠢᠨ  ᠠᠵᠢᠯ   ᠮᠡᠷᠭᠡᠵᠢᠯ   ᠤᠨ  ᠰᠣᠷᠭᠠᠨ  ᠬᠦᠮᠦᠵᠢᠯ ᠤᠨ  ᠪᠤᠯᠪᠠᠰᠤᠷᠠᠯ   ᠬᠦᠷᠳᠡᠵᠤ  ᠪᠤᠯᠤᠨ᠎ᠠ᠂ ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠠᠴᠠ ᠰᠤᠷᠤᠬᠴᠢ  ᠡᠯᠰᠡᠬᠦ  ᠠᠵᠢᠯ ᠪᠠ  ᠨᠡᠷ᠎ᠡ  ᠮᠡᠳᠡᠭᠦᠯᠬᠦ ᠬᠢᠷᠢ  ᠭᠡᠮ   ᠢ  ᠬᠢᠨᠠᠨ  ᠬᠠᠷᠭᠤᠭᠤᠯᠬᠤ   ᠶᠢ  ᠬᠠᠷᠢᠭᠤᠴᠠᠨ᠎ᠠ  ᠂  ᠡᠯ᠎ᠡ  ᠬᠤᠰᠢᠭᠤ  ᠰᠢᠶᠠᠨ ᠬᠤᠳᠠ  ︵ ᠤᠷᠤᠨ︶   ᠶᠢᠨ ᠰᠤᠷᠭᠠᠨ  ᠬᠦᠮᠦᠵᠢᠯ   ᠤᠨ  ᠲᠤᠪᠴᠢᠶ᠎ᠠ  ᠬᠠᠮᠵᠢᠯᠴᠠᠨ  ᠡᠯᠰᠡᠬᠦ  ᠠᠵᠢᠯ  ᠲᠠᠭᠤᠰᠤᠬᠰᠠᠨ   ᠤ  ᠲᠠᠷᠠᠭ᠎ᠠ  ᠠᠶᠢᠮᠠᠭ   ᠤᠨ  ᠰᠤᠷᠭᠠᠨ  ᠬᠦᠮᠦᠵᠢᠯ   ᠤᠨ  ᠲᠤᠪᠴᠢᠶ᠎ᠠ ᠳᠤ  ᠲᠠᠩᠰᠡᠨ   ᠳᠤ  ᠲᠡᠮᠳᠡᠭᠯᠡᠭᠦᠯᠦᠨ᠎ᠡ  ᠃            ᠲᠤᠰᠬᠠᠢ  ᠮᠡᠷᠭᠡᠵᠢᠯ   ᠤᠨ  ᠲᠤᠬᠢᠷᠠᠭᠤᠯᠤᠯᠳᠠ            ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠶᠢᠨ  ᠵᠢᠯ   ᠪᠤᠯᠭᠠᠨ  ᠨᠡᠶᠢᠳᠡᠯᠡᠭᠰᠡᠨ ᠶᠡᠭᠡ  ᠰᠤᠷᠭᠠᠭᠤᠯᠢ   ᠳᠤ  ᠡᠯᠰᠡᠭᠳᠡᠭᠰᠡᠨ  ᠦᠭᠡᠢ  ᠲᠡᠭᠡᠳᠤ ᠲᠤᠮᠳᠠᠳᠤ  ︵ᠠᠵᠢᠯ ᠮᠡᠷᠭᠡᠵᠢᠯ ᠤᠨ  ᠲᠡᠭᠡᠳᠤ ᠲᠤᠮᠳᠠᠳᠤ  ᠪᠠᠭᠳᠠᠨ᠎ᠠ  ︶ ᠲᠡᠭᠦᠰᠦᠭᠰᠡᠨ  ᠰᠤᠷᠤᠬᠴᠢ   ᠶᠢ  ᠪᠤᠯᠪᠠᠰᠣᠷᠠᠭᠤᠯᠬᠤ  ᠲᠤᠰᠬᠠᠢ  ᠮᠡᠷᠭᠡᠵᠢᠯ   ᠤᠨ  ᠲᠤᠬᠢᠷᠠᠭᠤᠯᠤᠯᠳᠠ   ᠶᠢ  ᠦᠨᠳᠣᠰᠣᠯᠡᠨ  ᠪᠤᠯᠪᠠᠰᠣᠷᠠᠭᠤᠯᠤᠨ᠎ᠠ  ᠃           ᠬᠠᠷᠠᠭᠠᠯᠵᠠᠬᠤ  ᠲᠦᠷᠦ   ᠶᠢᠨ  ᠪᠤᠳᠤᠯᠭ᠎ᠠ             ᠰᠢᠯᠢ   ᠶᠢᠨ  ᠭᠤᠤᠯ  ᠠᠶᠢᠮᠠᠭ   ᠤᠨ  ᠡᠷᠦᠬᠡ  ᠠᠮᠠ ᠲᠠᠢ   ᠲᠡᠭᠡᠳᠤ  ᠲᠤᠮᠳᠠᠳᠤ ︵ᠠᠵᠢᠯ ᠮᠡᠷᠭᠡᠵᠢᠯ ᠤᠨ  ᠲᠡᠭᠡᠳᠤ ᠲᠤᠮᠳᠠᠳᠤ  ᠪᠠᠭᠳᠠᠨ᠎ᠠ  ︶ ᠲᠡᠭᠦᠰᠦᠭᠰᠡᠨ  ᠰᠣᠷᠣᠬᠴᠢᠳ  ᠰᠢᠯᠢ   ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠳᠤ  ᠰᠤᠷᠤᠯᠴᠠᠯᠭ᠎ᠠ  ᠪᠤᠯᠪᠠᠰᠤᠷᠠᠯ  ᠬᠦᠷᠳᠡᠬᠦ   ᠳᠤ  ︽ᠭᠤᠷᠪᠠ   ᠶᠢ  ᠬᠡᠯᠳᠦᠷᠢᠭᠦᠯᠵᠤ  ᠨᠢᠭᠡ   ᠶᠢ  ᠨᠦᠬᠦᠪᠦᠷᠢᠯᠡᠬᠦ︾  ᠰᠤᠷᠤᠯᠭ᠎ᠠ  ᠲᠡᠳᠬᠦᠬᠦ  ᠲᠦᠷᠤ   ᠶᠢᠨ ᠪᠤᠳᠤᠯᠭ᠎ᠠ ᠶᠢᠨ  ᠬᠠᠷᠠᠭᠠᠯᠵᠠᠯ  ᠬᠦᠷᠳᠡᠭᠡᠨ᠎ᠡ᠂  ᠲᠠᠷᠤᠢ  ᠰᠤᠷᠤᠯᠭ᠎ᠠ   ᠶᠢᠨ  ᠰᠤᠶᠢᠳᠬᠡᠯ  ᠂  ᠨᠤᠮ   ᠤᠨ  ᠰᠤᠶᠢᠳᠬᠡᠯ᠂  ᠪᠠᠶᠢᠷᠢ   ᠶᠢᠨ  ᠰᠤᠶᠢᠳᠬᠡᠯ   ᠢ   ᠭᠡᠯᠳᠦᠷᠢᠭᠦᠯᠦᠨ᠂  ᠰᠤᠷᠤᠬᠴᠢ  ᠪᠦᠷᠢ ᠵᠢᠯ ᠪᠦᠷᠢ  ᠠᠮᠢᠳᠤᠷᠠᠯ   ᠤᠨ ᠰᠤᠶᠢᠳᠬᠡᠯ 1500  ᠲᠦᠭᠦᠷᠢᠭ  ᠨᠦᠬᠦᠪᠦᠷᠢᠯᠡᠨ᠎ᠡ᠃  ᠤᠯᠠᠨ  ᠠᠷᠭ᠎ᠠ  ᠵᠠᠮ   ᠢᠶᠠᠷ  ᠵᠠᠷᠤᠳᠠᠯ  ᠬᠤᠷᠠᠮᠳᠤᠭᠤᠯᠵᠤ᠂  ᠡᠨᠡᠬᠦ  ᠠᠷᠠᠳ   ᠲᠤ  ᠠᠰᠢᠬᠳᠠᠢ ᠲᠦᠷᠦ   ᠶᠢᠨ  ᠪᠤᠳᠤᠯᠭ᠎ᠠ   ᠶᠢᠨ  ᠤᠷᠤᠬᠰᠢᠳᠠᠢ  ᠶᠠᠪᠤᠬᠳᠠᠬᠤ   ᠶᠢ  ᠪᠠᠳᠤᠯᠠᠬᠤ  ᠬᠡᠷᠡᠭᠳᠡᠢ᠃  ᠨᠢᠭᠡ ᠳᠤ᠂  ᠲᠡᠭᠡᠷ᠎ᠡ  ᠱᠠᠳᠤᠨ   ᠤ ᠬᠠᠮᠢᠶ᠎ᠠ  ᠪᠦᠬᠦᠢ  ᠰᠤᠷᠤᠯᠭ᠎ᠠ   ᠶᠢᠨ  ᠲᠡᠳᠬᠦᠮᠵᠢ   ᠶᠢᠨ  ᠮᠦᠩᠬᠦ   ᠶᠢ  ᠢᠳᠡᠪᠬᠢᠳᠡᠢ  ᠲᠡᠮᠡᠴᠡᠨ  ᠤᠯᠬᠤ  ᠬᠡᠷᠡᠭᠳᠡᠢ  ᠃  ᠬᠤᠶᠠᠷ   ᠲᠤ  ︽ ᠰᠢᠯᠢ   ᠶᠢᠨ  ᠭᠤᠤᠯ  ᠠᠶᠢᠮᠠᠭ   ᠤᠨ  ᠲᠡᠭᠡᠳᠤ  ᠲᠤᠮᠳᠠᠳᠤ   ᠶᠢᠨ  ᠱᠠᠳᠣᠨ   ᠤ  ᠰᠤᠶᠢᠳᠬᠡᠯ  ᠬᠤᠷᠢᠶᠠᠬᠤ  ᠦᠭᠡᠢ  ᠰᠤᠷᠭᠠᠨ  ᠬᠦᠮᠦᠵᠢᠯ   ᠤᠨ  ᠬᠡᠷᠡᠭᠵᠢᠬᠦᠯᠬᠦ  ᠠᠷᠭ᠎ᠠ︾   ᠤᠨ ᠬᠠᠮᠢᠶ᠎ᠠ  ᠪᠦᠬᠦᠢ  ᠲᠤᠬᠳᠠᠭᠠᠯ  ᠶᠤᠰᠤᠭᠠᠷ  ᠠᠶᠢᠮᠠᠭ  ᠂ ᠬᠤᠰᠢᠭᠤ  ᠬᠤᠶᠠᠷ ᠱᠠᠳᠤᠨ   ᠤ  ᠡᠳ᠋   ᠤᠨ  ᠵᠠᠰᠠᠭ   ᠠᠴᠠ  ᠬᠠᠷᠢᠴᠠᠯ  ᠶᠣᠰᠤᠭᠠᠷ  ᠡᠭᠦᠷᠭᠡᠯᠡᠨ᠎ᠡ  ᠃  ᠭᠤᠷᠪᠠ  ᠳᠤ  ᠂ ᠬᠦᠮᠦᠨ   ᠤ  ᠬᠦᠴᠦᠨ   ᠤ  ᠡᠬᠢ  ᠪᠠᠶᠠᠯᠢᠭ  ᠪᠤᠯᠤᠨ  ᠨᠡᠶᠢᠭᠡᠮ   ᠤᠨ  ᠪᠠᠳᠤᠯᠠᠯᠳᠠ  ᠂  ᠲᠠᠷᠢᠶᠠᠯᠠᠩ ᠮᠠᠯ ᠠᠵᠤ ᠠᠬᠤᠢ᠂  ᠶᠠᠳᠠᠭᠤ   ᠶᠢ  ᠲᠡᠳᠬᠦᠬᠦ  ᠵᠡᠷᠭᠡ  ᠰᠠᠯᠠᠭ᠎ᠠ  ᠮᠦᠴᠢᠷ   ᠤᠨ  ᠤᠬᠤᠷ  ᠬᠤᠭᠤᠴᠠᠭᠠᠨ   ᠤ  ᠪᠤᠯᠪᠠᠰᠤᠷᠠᠯ   ᠤᠨ  ᠵᠠᠷᠤᠳᠠᠯ   ᠠᠴᠠ  ᠵᠤᠬᠢᠬᠤ  ᠬᠡᠮᠵᠢᠶᠡᠨ   ᠤ  ᠨᠦᠬᠦᠪᠦᠷᠢ  ᠤᠯᠭᠤᠨ᠎ᠠ᠃ ᠲᠡᠭᠡᠳᠤ  ᠲᠤᠮᠳᠠᠳᠤ ᠲᠡᠭᠦᠰᠦᠭᠰᠡᠨ  ᠰᠤᠷᠤᠬᠴᠢ  ᠰᠤᠶᠢᠳᠬᠡᠯ  ᠬᠤᠷᠢᠶᠠᠬᠤ  ᠦᠭᠡᠢ  ᠲᠡᠭᠡᠳᠤ  ᠵᠡᠷᠭᠡ   ᠶᠢᠨ  ᠠᠵᠢᠯ  ᠮᠡᠷᠭᠡᠵᠢᠯ   ᠤᠨ  ᠰᠣᠷᠭᠠᠨ  ᠬᠦᠮᠦᠵᠢᠯ ᠤᠨ  ᠪᠤᠯᠪᠠᠰᠤᠷᠠᠯ  ᠬᠦᠷᠳᠡᠬᠦ  ᠵᠠᠷᠤᠳᠠᠯ   ᠢ ᠠᠶᠢᠮᠠᠭ  ᠂ ᠬᠤᠰᠢᠭᠤ  ᠬᠤᠶᠠᠷ ᠱᠠᠳᠤᠨ   ᠤ  ᠰᠤᠷᠤᠯᠭ᠎ᠠ  ᠲᠡᠳᠬᠦᠬᠦ  ᠬᠠᠮᠢᠶᠠᠷᠤᠯᠳᠠ   ᠶᠢᠨ  ᠲᠦᠪ  ᠡᠳ᠋   ᠤᠨ  ᠵᠠᠰᠠᠭ   ᠤᠨ ᠰᠠᠯᠠᠭ᠎ᠠ  ᠮᠦᠴᠢᠷ ᠲᠠᠢ ᠬᠠᠮᠳᠤᠷᠠᠨ  ᠲᠦᠰᠤᠪᠯᠡᠨ ᠪᠤᠳᠤᠵᠤ  ᠨᠢᠭᠡᠳᠬᠡᠬᠦ   ᠶᠢᠨ  ᠬᠠᠮᠳᠤ  ᠴᠠᠭ ᠲᠤᠬᠠᠢ   ᠳᠤᠨᠢ ᠰᠢᠯᠢ ᠶᠢᠨ  ᠭᠤᠤᠯ  ᠠᠵᠢᠯ  ᠮᠡᠷᠭᠡᠵᠢᠯ   ᠤᠨ  ᠲᠡᠭᠡᠳᠤ  ᠰᠤᠷᠭᠠᠭᠤᠯᠢ   ᠳᠤ  ᠰᠠᠯᠭᠠᠵᠤ  ᠦᠭᠬᠦ  ᠬᠡᠷᠭᠳᠡᠢ᠃
 
ᠢᠷᠡᠯᠲᠡ᠄ ᠠᠶᠢᠮᠠᠭ  ᠤᠨ ᠰᠤᠷᠭᠠᠨ ᠬᠦᠮᠤᠵᠢᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号