ᠨᠢᠭᠡᠳᠦᠭᠡᠷ ᠪᠦᠯᠦᠭ ᠶᠡᠷᠦᠩᠬᠡᠢ ᠲᠦᠷᠢᠮ | ᠨᠢᠭᠡᠳᠦᠭᠡᠷ ᠵᠦᠢᠯ ︽ᠦᠪᠦᠷ ᠮᠤᠩᠭᠤᠯ ᠤᠨ ᠡᠳ᠋ ᠤᠨ ᠵᠠᠰᠠᠭ ᠤᠨ ᠲᠢᠩᠬᠢᠮ᠂ ᠰᠤᠷᠭᠠᠨ ᠬᠦᠮᠦᠵᠢᠯ | ᠤᠨ ᠲᠢᠩᠬᠢᠮ ᠤᠨ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠳᠡᠳᠬᠦᠮᠵᠢ ᠶᠢᠨ ᠲᠦᠷᠢᠮ | ᠢ ᠬᠡᠷᠡᠭᠵᠢᠬᠦᠯᠬᠦ ᠲᠤᠬᠠᠢ ᠮᠡᠳᠡᠭᠳᠡᠯ︾ ︵ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ᠂ ᠰᠤᠷᠭᠠᠨ ᠬᠦᠮᠦᠵᠢᠯ | ᠤᠨ ᠲᠢᠩᠬᠢᠮ ᠲᠠᠷᠬᠠᠭᠠᠬᠰᠠᠨ ﹇2011﹈ 2416 ᠳ᠋ᠤᠭᠠᠷ ᠲᠤᠭᠠᠳᠤ︶ ᠪᠠ ︽ᠰᠢᠯᠢ ᠶᠢᠨ ᠭᠤᠤᠯ ᠠᠶᠢᠮᠠᠭ | ᠤᠨ ᠰᠤᠷᠭᠠᠨ ᠬᠦᠮᠦᠵᠢᠯ ᠤᠨ ᠦᠢᠯᠡᠰ ᠤᠨ ︿12.5﹀ ᠵᠢᠯ ᠤᠨ ᠲᠦᠯᠦᠪᠵᠢᠬᠦᠯᠬᠡ︾ ︵ᠰᠢᠯᠢ ᠵᠠᠬᠢᠷᠭ᠎ᠠ ᠠᠯᠪᠠᠨ | ᠲᠠᠷᠬᠠᠭᠠᠭᠰᠠᠨ ﹇2011﹈ 120 ᠳ᠋ᠤᠭᠠᠷ ᠲᠤᠭᠠᠳᠤ︶ ᠶᠢ ᠦᠨᠳᠦᠰᠦᠯᠡᠵᠦ ᠲᠤᠰ ᠠᠷᠭ᠎ᠠ ᠶᠢ ᠲᠤᠭᠳᠠᠭᠠᠪᠠ᠃ | ᠬᠤᠶᠠᠳᠤᠭᠠᠷ ᠵᠦᠢᠯ ᠲᠤᠰ ᠠᠷᠭ᠎ᠠ ᠶᠢ ᠰᠢᠯᠢ ᠶᠢᠨ ᠭᠤᠤᠯ ᠠᠶᠢᠮᠠᠭ ᠤᠨ ᠡᠷᠦᠭᠡ ᠠᠮᠠ ᠶᠢᠨ ᠲᠠᠩᠰᠠ ᠲᠠᠢ | ᠮᠦᠷᠳᠡᠭᠡᠨ ᠠᠶᠢᠮᠠᠭ ᠤᠨ ᠲᠤᠳᠤᠷᠠᠬᠢ ᠠᠯᠪᠠᠨ ᠠᠴᠠ ᠡᠷᠬᠢᠯᠡᠭᠰᠡᠨ ᠬᠡᠥᠬᠡᠳ ᠤᠨ ᠴᠡᠴᠡᠷᠯᠢᠭ᠂ ᠠᠷᠠᠳ ᠠᠴᠠ | ᠡᠷᠬᠢᠯᠡᠭᠰᠡᠨ ᠬᠡᠥᠬᠡᠳ ᠤᠨ ᠴᠡᠴᠡᠷᠯᠢᠭ ᠂ ᠰᠤᠷᠭᠠᠭᠤᠯᠢ ᠶᠢᠨ ᠨᠠᠰᠤᠨ ᠠᠴᠠ ᠡᠮᠥᠨᠡᠬᠢ ᠠᠩᠭᠢ ᠳᠤ ᠬᠢᠴᠢᠶᠡᠯᠯᠡᠵᠤ | ᠪᠠᠶᠢᠭ᠎ᠠ ᠬᠡᠥᠬᠡᠳ ᠳᠤ ᠬᠡᠷᠡᠭᠵᠢᠬᠦᠯᠦᠨ᠎ᠡ᠃ | ᠬᠤᠶᠠᠳᠤᠭᠠᠷ ᠪᠦᠯᠦᠭ ᠰᠤᠷᠤᠯᠭ᠎ᠠ ᠶᠢᠨ ᠳᠡᠳᠬᠦᠮᠵᠢ ᠶᠢᠨ ᠠᠭᠤᠯᠭ᠎ᠠ᠂ ᠪᠠᠷᠢᠮᠵᠢᠶ᠎ᠡ | ᠭᠤᠷᠪᠠᠳᠤᠭᠠᠷ ᠵᠦᠢᠯ ᠨᠦᠬᠦᠴᠡᠯ ᠳᠤ ᠲᠤᠬᠢᠷᠠᠭᠰᠠᠨ ᠮᠤᠩᠭᠤᠯ ᠢᠶᠠᠷ ᠬᠢᠴᠢᠶᠡᠯᠯᠡᠵᠤ ᠪᠠᠶᠢᠭ᠎ᠠ ᠬᠡᠥᠬᠡᠳ | ᠲᠤ ᠠᠰᠠᠷᠠᠬᠤ ᠰᠦᠢᠳᠭᠡᠯ᠂ ᠬᠠᠮᠢᠶᠠᠷᠣᠯᠳᠠ ᠶᠢᠨ ᠰᠦᠢᠳᠭᠡᠯ ᠶᠢ ᠬᠡᠯᠳᠦᠷᠢᠬᠦᠯᠦᠭᠰᠡᠨ ᠰᠠᠭᠤᠷᠢᠨ ᠳᠡᠭᠡᠷ᠎ᠡ | ᠴᠡᠴᠡᠷᠯᠢᠭ ᠳᠠᠬᠢ ᠬᠡᠤᠬᠡᠳ ᠤᠨ ᠬᠤᠭᠤᠯᠠᠨ ᠰᠦᠢᠳᠭᠡᠯ ᠢ ᠨᠦᠬᠦᠪᠦᠷᠢᠯᠡᠵᠦ᠂ ︽ᠬᠤᠶᠠᠷ ᠢ ᠬᠡᠯᠳᠦᠷᠢᠭᠦᠯᠵᠦ | ᠨᠢᠭᠡ ᠶᠢ ᠨᠦᠬᠦᠪᠦᠷᠢᠯᠡᠬᠦ︾ ᠲᠦᠷᠦ ᠶᠢᠨ ᠪᠤᠳᠤᠯᠭ᠎ᠠ ᠶᠢ ᠬᠡᠷᠡᠭᠵᠢᠬᠦᠯᠦᠨ᠎ᠡ᠃ ᠠᠰᠠᠷᠠᠬᠤ ᠰᠦᠢᠳᠭᠡᠯ᠂ | ᠬᠠᠮᠢᠶᠠᠷᠤᠯᠳᠠ ᠶᠢᠨ ᠰᠦᠢᠳᠭᠡᠯ ᠶᠢᠨ ᠪᠠᠷᠢᠮᠵᠢᠶ᠎ᠠ ᠶᠢ ᠬᠦᠮᠦᠨ ᠪᠤᠯᠭᠠᠨ ᠨᠢᠭᠡ ᠰᠤᠷᠤᠯᠭ᠎ᠠ ᠶᠢᠨ ᠵᠢᠯ ᠳᠤ 1200 | ᠲᠦᠬᠦᠷᠢᠭ ᠠᠴᠠ ᠲᠤᠤᠷ᠎ᠡ ᠪᠠᠶᠢᠯᠭᠠᠵᠦ ᠪᠤᠯᠬᠤ ᠦᠭᠡᠢ᠂ ᠡᠨᠡᠬᠦ ᠪᠠᠷᠢᠮᠵᠢᠶ᠎ᠠ ᠠᠴᠠ ᠦᠨᠳᠦᠷ ᠪᠠᠶᠢᠭ᠎ᠠ ᠴᠡᠴᠡᠷᠯᠢᠭ ᠨᠢ | ᠲᠤᠰ ᠭᠠᠵᠠᠷ ᠤᠨ ᠦᠨ᠎ᠡ ᠬᠠᠩᠰᠢ ᠶᠢᠨ ᠰᠠᠯᠠᠭ᠎ᠠ ᠮᠦᠴᠢᠷ ᠠᠴᠠ ᠬᠢᠨᠠᠨ ᠵᠦᠪᠰᠢᠶᠡᠷᠡᠭᠰᠡᠨ ᠪᠤᠳᠠᠳᠠᠢ ᠰᠦᠢᠳᠭᠡᠯ | ᠢᠶᠠᠷ ᠨᠢ ᠪᠠᠷᠢᠮᠵᠢᠶᠠᠯᠠᠵᠤ ᠬᠡᠯᠳᠦᠷᠢᠬᠦᠯᠵᠦ ᠦᠭᠬᠦᠨ᠎ᠡ᠃ ᠬᠤᠭᠤᠯᠠᠨ ᠤ ᠰᠦᠢᠳᠭᠡᠯ ᠬᠦᠮᠦᠨ ᠪᠤᠯᠭᠠᠨ ᠨᠢᠭᠡ | ᠰᠤᠷᠤᠯᠭ᠎ᠠ ᠶᠢᠨ ᠵᠢᠯ ᠳᠤ 1000 ᠲᠦᠬᠦᠷᠢᠭ ︵ᠰᠠᠷ᠎ᠡ ᠶᠢᠨ100 ᠲᠦᠬᠦᠷᠢᠭ︶ ᠢᠶᠠᠷ ᠨᠦᠬᠦᠪᠦᠷᠢᠯᠡᠨ᠎ᠡ᠃ | ᠲᠦᠷᠪᠡᠳᠦᠭᠡᠷ ᠵᠦᠢᠯ ᠨᠦᠬᠦᠴᠡᠯ ᠳᠤ ᠲᠤᠬᠢᠷᠠᠭᠰᠠᠨ ᠬᠢᠳᠠᠳ ᠢᠶᠠᠷ ᠬᠢᠴᠢᠶᠡᠯᠯᠡᠵᠤ ᠪᠠᠶᠢᠭ᠎ᠠ ᠬᠡᠤᠬᠡᠳ | ᠲᠤ ᠠᠰᠠᠷᠠᠬᠤ ᠰᠦᠢᠳᠭᠡᠯ᠂ ᠬᠠᠮᠢᠶᠠᠷᠣᠯᠳᠠ ᠶᠢᠨ ᠰᠦᠢᠳᠭᠡᠯ ᠢ ᠨᠦᠬᠦᠪᠦᠷᠢᠯᠡᠬᠦ ᠲᠦᠷᠦ ᠶᠢᠨ ᠪᠤᠳᠤᠯᠭ᠎ᠠ | ᠬᠡᠷᠡᠭᠵᠢᠬᠦᠯᠵᠦ᠂ ᠪᠠᠷᠢᠮᠵᠢᠶ᠎ᠠ ᠨᠢ ᠬᠦᠮᠦᠨ ᠪᠤᠯᠭᠠᠨ ᠨᠢᠭᠡ ᠰᠤᠷᠤᠯᠭ᠎ᠠ ᠶᠢᠨ ᠵᠢᠯ ᠳᠤ 1200 ᠲᠦᠬᠦᠷᠢᠭ ︵ᠰᠠᠷ᠎ᠡ | ᠶᠢᠨ120 ᠲᠦᠬᠦᠷᠢᠭ︶᠃ ᠠᠷᠠᠳ ᠠᠴᠠ ᠡᠷᠬᠢᠯᠡᠭᠰᠡᠨ ᠴᠡᠴᠡᠷᠯᠢᠭ ᠨᠢ ᠲᠤᠰ ᠭᠠᠵᠠᠷ ᠤᠨ ᠦᠨ᠎ᠡ ᠬᠠᠩᠰᠢ ᠶᠢᠨ | ᠰᠠᠯᠠᠭ᠎ᠠ ᠮᠦᠴᠢᠷ ᠤᠨ ᠬᠢᠨᠠᠨ ᠵᠦᠪᠰᠢᠶᠡᠷᠡᠭᠰᠡᠨ ᠪᠤᠳᠠᠳᠠᠢ ᠰᠦᠢᠳᠭᠡᠯ ᠬᠤᠷᠢᠶᠠᠬᠤ ᠪᠠᠷᠢᠮᠵᠢᠶ᠎ᠠ ᠪᠠ ᠳᠤᠭᠳᠠᠭᠠᠯ ᠢᠶᠠᠷ | ᠬᠦᠷᠦᠯᠴᠡᠭᠦ ᠦᠭᠡᠢ ᠬᠡᠰᠡᠭ ᠢ ᠨᠢ ᠭᠡᠷ ᠤᠨ ᠠᠬᠠᠮᠠᠳ ᠠᠴᠠ ᠬᠤᠷᠢᠶᠠᠨ ᠠᠪᠴᠤ ᠪᠤᠯᠤᠨ᠎ᠠ᠃ | ᠭᠤᠷᠪᠠᠳᠤᠭᠠᠷ ᠪᠦᠯᠦᠭ ᠠᠵᠢᠯ ᠤᠨ ᠠᠯᠬᠤᠮ ᠲᠠᠷᠠᠭᠠᠯᠠᠯ | ᠲᠠᠪᠣᠳᠣᠭᠠᠷ ᠵᠦᠢᠯ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠤᠯᠭ᠎ᠠ ᠶᠢᠨ ᠳᠡᠳᠬᠦᠮᠵᠢ ᠶᠢᠨ | ᠮᠥᠩᠬᠦ ᠶᠢ ᠰᠤᠷᠤᠯᠭ᠎ᠠ ᠶᠢᠨ ᠬᠤᠭᠤᠴᠠᠭ᠎ᠠ ᠪᠠᠷ ᠭᠤᠶᠤᠴᠢᠯᠠᠨ ᠮᠡᠳᠡᠬᠦᠯᠦᠨ᠎ᠡ᠂ ᠬᠠᠪᠤᠷ ᠤᠨ ᠤᠯᠠᠷᠢᠯ ᠳᠤ 3 | ᠰᠠᠷ᠎ᠡ ᠶᠢᠨ15᠂ ᠨᠠᠮᠤᠷ ᠤᠨ ᠤᠯᠠᠷᠢᠯ ᠳᠤ 9 ᠰᠠᠷ᠎ᠡ ᠶᠢᠨ15 ᠠᠴᠠ ᠡᠮᠦᠨ᠎ᠡ᠂ ᠰᠤᠷᠭᠠᠭᠤᠯᠢ ᠪᠤᠯᠤᠨ ᠬᠡᠦᠬᠡᠳ | ᠤᠨ ᠴᠡᠴᠡᠷᠯᠢᠭ ᠬᠠᠮᠢᠶ᠎ᠠ ᠪᠦᠬᠦᠢ ᠪᠦᠷᠢᠳᠭᠡᠯ ᠢ ᠦᠨᠡᠨ ᠪᠤᠳᠠᠳᠠᠢ ᠲᠠᠭᠯᠠᠬᠤ ᠶᠢᠨ ᠬᠠᠮᠳᠤ ᠱᠠᠳᠤ ᠲᠠᠷᠠᠭᠠᠯᠠᠨ ᠬᠢᠨᠠᠨ | ᠬᠠᠷᠭᠤᠭᠤᠯᠵᠦ ᠠᠶᠢᠮᠠᠭ ᠤᠨ ᠰᠤᠷᠤᠯᠭ᠎ᠠ ᠶᠢᠨ ᠳᠡᠳᠬᠦᠮᠵᠢ ᠶᠢᠨ ᠬᠠᠮᠢᠶᠠᠷᠤᠯᠳᠠ ᠶᠢᠨ ᠲᠦᠪ ᠳᠤ ᠲᠠᠩᠰᠠᠯᠠᠨ | ᠮᠡᠳᠡᠭᠦᠯᠦᠨ᠎ᠡ᠂ ᠳᠡᠳᠬᠦᠮᠵᠢ ᠶᠢᠨ ᠲᠦᠷᠦ ᠶᠢᠨ ᠪᠤᠳᠤᠯᠭ᠎ᠠ ᠶᠢ ᠬᠡᠷᠡᠭᠵᠢᠬᠦᠯᠵᠦ ᠪᠠᠶᠢᠭ᠎ᠠ ᠴᠡᠴᠡᠷᠯᠢᠭ ᠪᠤᠶᠤ | ᠰᠤᠷᠭᠠᠭᠤᠯᠢ ᠶᠢᠨ ᠵᠠᠬᠢᠷᠤᠯ ᠨᠢ ᠨᠢᠭᠡᠳᠦᠭᠡᠷ ᠬᠠᠷᠢᠭᠤᠴᠠᠯᠭᠠᠳᠠᠨ ᠤ ᠬᠠᠷᠢᠭᠤᠴᠠᠯᠭ᠎ᠠ ᠶᠢ ᠡᠭᠦᠷᠭᠡᠯᠡᠵᠤ ᠂ | ᠬᠠᠮᠢᠶ᠎ᠠ ᠪᠦᠬᠦᠢ ᠪᠦᠷᠢᠳᠭᠡᠯ ᠤᠨ ᠠᠵᠢᠯ ᠢ ᠲᠤᠰᠬᠠᠢ ᠬᠦᠮᠦᠨ ᠢᠶᠠᠷ ᠬᠠᠷᠢᠭᠤᠴᠠᠭᠤᠯᠤᠨ᠎ᠠ᠃ | ᠵᠢᠷᠭᠤᠳᠦᠭᠠᠷ ᠵᠦᠢᠯ ᠡᠯ᠎ᠡ ᠬᠤᠰᠢᠭᠤ ᠰᠢᠶᠠᠨ ᠬᠤᠲᠠ ︵ ᠤᠷᠤᠨ︶ ᠶᠢᠨ ᠰᠤᠷᠭᠠᠨ ᠬᠦᠮᠦᠵᠢᠯ ᠤᠨ | ᠲᠤᠪᠴᠢᠶ᠎ᠠ ᠲᠤᠬᠠᠢ ᠶᠢᠨ ᠭᠠᠵᠠᠷ ᠤᠨ ᠤᠶᠢᠯᠡᠳᠪᠦᠷᠢ ᠬᠤᠲᠠᠯᠲᠤᠭᠠᠨ ᠤ ᠬᠠᠮᠢᠶᠠᠷᠤᠯᠲᠠ᠂ ᠲᠤᠲᠤᠭᠠᠲᠤ ᠶᠢ | ᠬᠠᠮᠠᠭᠠᠯᠠᠬᠤ ᠪᠠᠶᠢᠭᠤᠯᠤᠯᠭ᠎ᠠ ᠶᠢᠨ ᠡᠷᠦᠬᠡ ᠠᠮᠠ ᠲᠠᠩᠰᠠ ᠡᠪᠬᠡᠮᠡᠯ ᠤᠨ ᠬᠠᠮᠢᠶᠠᠷᠤᠯᠲᠠ ᠶᠢᠨ ᠰᠠᠯᠠᠭ᠎ᠠ ᠮᠦᠴᠢᠷ᠂ | ᠰᠤᠮᠤ ᠪᠠᠯᠭᠠᠰᠤ᠂ ᠬᠡᠷᠡᠭ ᠡᠷᠬᠢᠯᠠᠬᠦ ᠭᠠᠵᠠᠷ ᠲᠠᠢ ᠬᠠᠮᠲᠤᠷᠠᠨ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ | ᠬᠦᠮᠦᠵᠢᠯ ᠤᠨ ᠪᠠᠶᠢᠭᠤᠯᠤᠮᠵᠢ ᠶᠢ ᠲᠠᠩᠰᠠᠯᠠᠨ ᠲᠡᠪᠲᠡᠷᠯᠡᠵᠤ᠂ ᠲᠤᠰᠠᠯᠠᠨ ᠲᠡᠳᠬᠦᠬᠦ ᠰᠤᠷᠠᠭ ᠵᠠᠩᠬᠢ ᠶᠢ ᠴᠠᠭ ᠲᠤᠬᠠᠢ | ᠳᠤᠨᠢ ᠵᠦᠪ ᠤᠨᠤᠪᠴᠢᠲᠠᠢ ᠲᠡᠭᠡᠭᠰᠢ ᠪᠠᠨ ᠮᠡᠲᠡᠬᠦᠯᠬᠦ ᠶᠢ ᠪᠠᠲᠤᠯᠠᠬᠤ ᠭᠡᠷᠡᠭᠲᠠᠢ᠃ | ᠳᠠᠩᠰᠠᠯᠠᠨ ᠲᠡᠮᠲᠡᠭᠯᠡᠭᠰᠡᠨ ᠦᠬᠡᠢ ᠪᠤᠶᠤ ᠪᠠᠷᠢᠮᠵᠢᠶᠠᠨ ᠳᠤ ᠬᠦᠷᠦᠭᠰᠡᠨ ᠦᠬᠡᠢ ᠠᠷᠠᠳ ᠠᠴᠠ ᠡᠷᠬᠢᠯᠡᠭᠰᠡᠨ | ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠪᠠᠶᠢᠭᠤᠯᠤᠮᠵᠢ ᠶᠢ ᠨᠢᠬᠡ ᠨᠢᠬᠡ ᠪᠠᠷ | ᠪᠦᠷᠢᠳᠬᠡᠵᠤ᠂ ᠡᠶᠢᠮᠦᠷᠬᠦ ᠴᠡᠴᠡᠷᠯᠢᠭ ᠲᠤ ᠬᠢᠴᠢᠶᠡᠯᠯᠡᠵᠤ ᠪᠠᠶᠢᠭ᠎ᠠ ᠬᠡᠦᠭᠡᠳ ᠢ ᠳᠡᠳᠬᠦᠮᠵᠢ ᠶᠢᠨ ᠲᠦᠷᠦ ᠶᠢᠨ | ᠪᠤᠲᠤᠯᠭ᠎ᠠ ᠶᠢᠨ ᠬᠦᠷᠢᠶ᠎ᠡ ᠬᠡᠪᠴᠢᠶᠠᠨ ᠳᠤ ᠪᠠᠭᠳᠠᠭᠠᠨ ᠤᠷᠤᠭᠤᠯᠤᠨ᠎ᠠ᠃ ᠡᠳᠡᠭᠡᠷ ᠴᠡᠴᠡᠷᠯᠢᠭ ᠪᠤᠶᠤ | ᠰᠣᠷᠭᠠᠭᠤᠯᠢ ᠲᠤᠭᠲᠠᠭᠰᠠᠨ ᠬᠤᠭᠤᠴᠠᠭᠠᠨ ᠳᠤ ᠦᠬᠡᠷᠡᠴᠢᠯᠠᠨ ᠵᠠᠰᠠᠵᠤ᠂ ᠪᠠᠷᠢᠮᠵᠢᠶ᠎ᠠ ᠰᠠᠭᠠᠷᠳᠠᠯᠠᠭ᠋ ᠠ ᠳᠤ | ᠲᠤᠬᠳᠠᠬᠰᠠᠨ ᠬᠤᠭᠤᠴᠠᠭᠠᠨ ᠳᠤ ᠬᠦᠷᠬᠦ ᠪᠠᠷ ᠴᠢᠷᠮᠠᠶᠢᠵᠤ ᠂ ᠡᠷᠳᠡ ᠨᠢᠭᠡᠨ ᠡᠳᠤᠷ ᠵᠢᠩᠬᠢᠨᠢ ᠪᠠᠷ | ᠲᠠᠩᠰᠠᠯᠠᠨ ᠲᠡᠮᠳᠡᠭᠯᠡᠭᠦᠯᠬᠦ ᠬᠡᠷᠡᠭᠳᠡᠢ᠃ ᠡᠬᠦᠨ ᠤ ᠵᠤᠷᠢᠯᠭ᠎ᠠ ᠨᠢ ᠰᠤᠷᠤᠯᠭ᠎ᠠ ᠶᠢᠨ ᠳᠡᠳᠬᠦᠮᠵᠢ ᠶᠢᠨ ᠲᠦᠷᠦ ᠶᠢᠨ | ᠪᠤᠲᠤᠯᠭ᠎ᠠ ᠶᠢᠨ ᠲᠦᠬᠡᠮᠡᠯᠴᠢ ᠴᠢᠨᠠᠷ ᠢ ᠢᠯᠡᠷᠡᠬᠦᠯᠬᠦ ᠶᠢᠨ ᠲᠠᠭᠠᠤ ᠳᠤ ᠠᠷᠠᠳ ᠠᠴᠠ ᠡᠷᠬᠢᠯᠡᠭᠰᠡᠨ ᠰᠤᠷᠭᠠᠭᠤᠯᠢ ᠶᠢᠨ | ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠪᠠᠶᠢᠭᠤᠯᠤᠮᠵᠢ ᠶᠢᠨ ᠬᠠᠮᠢᠶᠠᠷᠤᠯᠲᠠ ᠶᠢ ᠴᠢᠩᠭᠠᠳᠬᠠᠨ᠂ | ᠴᠡᠴᠡᠷᠯᠢᠭ ᠡᠷᠬᠢᠯᠡᠬᠦ ᠬᠢᠷᠢ ᠬᠡᠮᠵᠢᠶ᠎ᠡ ᠶᠢ ᠲᠡᠬᠡᠭᠰᠢᠬᠦᠯᠦᠨᠡ᠃ | ᠲᠤᠯᠤᠳᠤᠭᠠᠷ ᠵᠦᠢᠯ ᠠᠶᠢᠮᠠᠭ ᠤᠨ ᠰᠤᠷᠤᠯᠭ᠎ᠠ ᠶᠢᠨ ᠳᠡᠳᠬᠦᠮᠵᠢ ᠶᠢᠨ ᠬᠠᠮᠢᠶᠠᠷᠤᠯᠳᠠ ᠶᠢᠨ ᠲᠥᠪ ᠡᠯ᠎ᠠ | ᠭᠠᠵᠠᠷ ᠤᠨ ᠮᠡᠳᠡᠬᠦᠯᠦᠭᠰᠡᠨ ᠲᠤᠭ᠎ᠠ ᠪᠦᠷᠢᠳᠭᠡᠯ ᠢ ᠦᠨᠳᠦᠰᠦᠯᠡᠨ᠂ ᠬᠤᠰᠢᠭᠤ ᠰᠢᠶᠠᠨ ᠬᠤᠳᠠ ︵ᠤᠷᠤᠨ︶ | ᠬᠤᠪᠢᠶᠠᠵᠣ᠂ ᠰᠤᠷᠤᠯᠭ᠎ᠠ ᠶᠢᠨ ᠳᠡᠳᠬᠦᠮᠵᠢ ᠶᠢᠨ ᠶᠠᠷᠦᠩᠬᠡᠢ ᠲᠤᠭ᠎ᠠ ᠶᠢ ᠪᠤᠳᠤᠵᠤ᠂ ᠴᠠᠭ ᠲᠤᠬᠠᠢ ᠳᠤᠨᠢ ᠠᠶᠢᠮᠠᠭ | ᠤᠨ ᠡᠳ᠋ ᠤᠨ ᠵᠠᠰᠠᠭ ᠤᠨ ᠲᠤᠪᠴᠢᠶ᠎ᠠ ᠳᠤ ᠮᠡᠳᠡᠬᠦᠯᠦᠨ᠎ᠡ᠂ ᠠᠶᠢᠮᠠᠭ ᠶᠢᠨ ᠡᠳ᠋ ᠤᠨ ᠵᠠᠰᠠᠭ ᠤᠨ ᠲᠤᠪᠴᠢᠶ᠎ᠠ᠂ | ᠠᠶᠢᠮᠠᠭ ᠤᠨ ᠰᠤᠷᠭᠠᠨ ᠬᠦᠮᠦᠵᠢᠯ ᠤᠨ ᠲᠤᠪᠴᠢᠶ᠎ᠠ ᠰᠤᠷᠤᠯᠭ᠎ᠠ ᠶᠢᠨ ᠬᠤᠭᠤᠴᠠᠭ᠎ᠠ ᠪᠠᠷ ᠰᠤᠷᠤᠯᠭ᠎ᠠ ᠶᠢᠨ ᠳᠡᠳᠬᠦᠮᠵᠢ | ᠶᠢᠨ ᠮᠥᠩᠬᠦ ᠶᠢ ᠬᠤᠰᠢᠭᠤ ᠰᠢᠶᠠᠨ ᠳᠤ ᠪᠠᠭᠤᠯᠭᠠᠨ ᠦᠭᠬᠦᠨ᠎ᠡ᠂ ᠲᠤᠰ ᠪᠦᠷᠢ ᠵᠢᠯ ᠪᠤᠯᠭᠠᠨ ᠤ 4 ᠳ᠋ᠤᠭᠡᠷ ᠰᠠᠷ᠎ᠡ | ᠶᠢᠨ 1 ᠤ ᠡᠳᠦᠷ ᠪᠤᠯᠤᠨ 10 ᠳ᠋ᠤᠭᠠᠷ ᠰᠠᠷ᠎ᠡ ᠶᠢᠨ 1 ᠤ ᠡᠳᠦᠷ ᠠᠴᠠ ᠡᠮᠦᠨ᠎ᠡ ᠬᠤᠰᠢᠭᠤ ᠰᠢᠶᠠᠨ ᠬᠤᠳᠠ ︵ | ᠤᠷᠤᠨ︶ ᠶᠢᠨ ᠡᠳ᠋ ᠤᠨ ᠵᠠᠰᠠᠭ ᠤᠨ ᠲᠤᠪᠴᠢᠶᠠᠨ ᠳᠤ ᠪᠠᠭᠤᠯᠭᠠᠨ ᠦᠭᠬᠦ ᠶᠢᠨ ᠬᠠᠮᠳᠤ ᠬᠤᠰᠢᠭᠤ ᠰᠢᠶᠠᠨ ᠬᠤᠳᠠ | ︵ᠤᠷᠤᠨ︶ ᠶᠢᠨ ᠡᠳ᠋ ᠤᠨ ᠵᠠᠰᠠᠭ ᠤᠨ ᠲᠤᠪᠴᠢᠶ᠎ᠠ ᠡᠭᠦᠷᠭᠡᠯᠡᠵᠦ ᠪᠠᠶᠢᠭ᠎ᠠ ᠪᠡᠯᠡ ᠮᠥᠩᠬᠦ ᠲᠠᠢ ᠪᠠᠨ ᠬᠠᠮᠳᠤ ᠳᠤᠨᠢ | ᠲᠤᠭ᠎ᠠ ᠶᠤᠰᠤᠭᠠᠷ ᠴᠡᠴᠡᠷᠯᠢᠭ ᠪᠤᠶᠤ ᠰᠣᠷᠭᠠᠭᠤᠯᠢ ᠳᠤ ᠪᠠᠭᠤᠯᠭᠠᠨ ᠦᠭᠬᠦᠨ᠎ᠡ᠃ | ᠲᠦᠷᠪᠡᠳᠦᠭᠡᠷ ᠪᠦᠯᠦᠭ ᠪᠡᠯᠡ ᠮᠥᠩᠬᠦ ᠶᠢᠨ ᠢᠷᠡᠯᠳᠡ ᠬᠢᠬᠡᠳ ᠬᠠᠮᠢᠶᠠᠷᠤᠯᠳᠠ | ᠨᠠᠢᠮᠠᠳᠤᠭᠠᠷ ᠵᠦᠢᠯ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠤᠯᠭ᠎ᠠ ᠶᠢᠨ ᠳᠡᠳᠬᠦᠮᠵᠢ ᠶᠢᠨ | ᠮᠦᠩᠭᠦ ᠶᠢ ᠡᠯ᠎ᠡ ᠬᠤᠰᠢᠭᠤ ᠰᠢᠶᠠᠨ ᠬᠤᠳᠠ ︵ᠤᠷᠤᠨ︶ ᠶᠢᠨ ᠠᠵᠦ ᠠᠬᠤᠢ ᠶᠢᠨ ᠬᠦᠭᠵᠢᠯᠳᠠ ᠶᠢᠨ ᠪᠠᠶᠢᠳᠠᠯ | ᠪᠤᠯᠤᠨ ᠡᠳ᠋ ᠤᠨ ᠬᠦᠴᠦᠨ ᠤ ᠪᠠᠶᠢᠳᠠᠯ ᠢ ᠦᠨᠳᠦᠰᠦᠯᠡᠵᠦ ᠠᠶᠢᠮᠠᠭ᠂ ᠬᠤᠰᠢᠭᠤ ᠰᠢᠶᠠᠨ ᠬᠤᠳᠠ ︵ᠤᠷᠤᠨ︶ | ᠬᠤᠶᠠᠷ ᠱᠠᠳᠤᠨ ᠤ ᠡᠳ᠋ ᠤᠨ ᠵᠠᠰᠠᠭᠠᠳᠠᠯᠢ ᠪᠤᠰᠤ ᠬᠠᠷᠢᠴᠠᠯ ᠢᠶᠠᠷ ᠡᠬᠦᠷᠬᠡᠯᠡᠨ᠎ᠡ (ᠳᠡᠭᠡᠳᠦ ᠵᠡᠷᠭᠡ ᠶᠢᠨ ᠳᠤᠮᠳᠠᠳᠤ | ᠰᠤᠷᠭᠠᠭᠤᠯᠢ ᠶᠢᠨ ᠱᠠᠳᠤᠨ ᠤ ᠰᠤᠷᠭᠠᠨ ᠬᠦᠮᠦᠵᠢᠯ ᠤᠨ ᠳᠡᠳᠬᠦᠮᠵᠢ ᠶᠢᠨ ᠡᠬᠦᠷᠬᠡᠯᠡᠬᠦ ᠬᠠᠷᠢᠴᠠᠯ ᠲᠠᠢ ᠠᠳᠠᠯᠢ)᠃ | ᠵᠢᠯ ᠪᠤᠯᠭᠠᠨ ᠤ ᠡᠬᠢᠨ ᠳᠤ᠂ ᠠᠶᠢᠮᠠᠭ ᠤᠨ ᠡᠳ᠋ ᠤᠨ ᠵᠠᠰᠠᠭ ᠤᠨ ᠲᠤᠪᠴᠢᠶ᠎ᠠ᠂ ᠰᠤᠷᠭᠠᠨ ᠬᠦᠮᠦᠵᠢᠯ ᠤᠨ ᠪᠤᠳᠠᠳᠠᠢ | ᠡᠬᠦᠷᠬᠡᠯᠡᠬᠦ ᠬᠠᠷᠢᠴᠠᠯ ᠢ ᠲᠤᠷᠠᠳᠴᠤ᠂ ᠵᠠᠬᠢᠷᠭ᠎ᠠ ᠳᠤ ᠮᠡᠳᠡᠬᠦᠯᠦᠨ ᠵᠦᠪᠰᠢᠶᠡᠷᠡᠬᠦᠯᠵᠦ᠂ ᠭᠡᠷᠡᠭᠰᠡᠭᠦ ᠪᠡᠯᠡ ᠮᠥᠩᠬᠦ ᠶᠢ | ᠬᠤᠶᠠᠷ ᠱᠠᠳᠤᠨ ᠤ ᠵᠢᠯ ᠤᠨ ᠡᠳ᠋ ᠤᠨ ᠲᠦᠰᠤᠪ ᠲᠤ ᠤᠷᠤᠭᠤᠯᠤᠨ᠎ᠠ᠃ ᠬᠤᠰᠢᠭᠤ ᠰᠢᠶᠠᠨ ᠬᠤᠳᠠ ︵ᠤᠷᠤᠨ︶ | ᠠᠯᠤᠰᠯᠠᠭᠰᠠᠨ ᠴᠡᠴᠡᠷᠯᠢᠭ ᠲᠤ ᠰᠠᠭᠤᠭ᠎ᠠ ᠬᠡᠦᠬᠡᠳ ᠶᠢᠨ ᠳᠡᠳᠬᠦᠮᠵᠢ ᠶᠢᠨ ᠮᠥᠩᠬᠦ ᠶᠢ ᠰᠠᠭᠤᠭ᠎ᠠ ᠴᠡᠴᠡᠷᠯᠢᠭ | ᠤᠨ ᠪᠠᠶᠢᠭ᠎ᠠ ᠭᠠᠵᠠᠷ ᠤᠨ ᠵᠠᠰᠠᠭ ᠤᠨ ᠤᠷᠳᠤᠨ ᠡᠭᠦᠷᠬᠡᠯᠡᠨ᠎ᠡ᠃ | ᠶᠢᠰᠦᠳᠦᠭᠡᠷ ᠵᠦᠢᠯ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠠᠴᠠ ᠡᠮᠤᠨ᠎ᠡ ᠡᠯ᠎ᠡ ᠬᠤᠰᠢᠭᠤ | ᠰᠢᠶᠠᠨ ᠬᠤᠳᠠ ︵ᠤᠷᠤᠨ︶ ᠶᠢᠨ ᠡᠳ᠋ ᠤᠨ ᠵᠠᠰᠠᠭ ᠤᠨ ᠲᠤᠪᠴᠢᠶ᠎ᠠ ᠨᠢᠭᠡ ᠬᠡᠰᠡᠭ ᠪᠡᠯᠡ ᠮᠥᠩᠬᠦ ᠶᠢ ᠴᠡᠴᠡᠷᠯᠢᠭ | ᠪᠤᠶᠤ ᠰᠣᠷᠭᠠᠭᠤᠯᠢ ᠳᠤ ᠤᠷᠢᠳᠴᠢᠯᠠᠨ ᠦᠭᠴᠦ᠂ ᠬᠠᠮᠢᠶ᠎ᠠ ᠪᠦᠬᠦᠢ ᠰᠤᠷᠭᠠᠭᠤᠯᠢ ᠪᠤᠯᠤᠨ ᠬᠡᠥᠬᠡᠳ ᠤᠨ | ᠴᠡᠴᠡᠷᠯᠢᠭ ᠤᠨ ᠬᠡᠪ ᠤᠨ ᠡᠷᠬᠢᠯᠳᠡ ᠶᠢ ᠪᠠᠳᠤᠯᠠᠬᠤ ᠬᠡᠷᠡᠭᠳᠡᠢ᠃ ᠤᠯᠤᠰ᠂ ᠦᠪᠡᠷᠳᠡᠭᠡᠨ ᠵᠠᠰᠠᠬᠤ ᠤᠷᠤᠨ ᠤ | ᠰᠢᠨ᠎ᠠ ᠲᠤᠷᠠᠳᠤᠭᠰᠠᠨ ᠰᠤᠷᠤᠯᠭ᠎ᠠ ᠶᠢᠨ ᠳᠡᠳᠬᠦᠮᠵᠢ ᠶᠢᠨ ᠪᠤᠰᠤᠳ ᠲᠦᠷᠦ ᠶᠢᠨ ᠪᠤᠳᠤᠯᠭ᠎ᠠ ᠳᠤ ᠲᠤᠬᠢᠷᠠᠬᠤ | ᠬᠡᠦᠬᠡᠳ ᠲᠤ ︽ᠦᠨᠳᠦᠷ ᠪᠠᠷᠢᠮᠵᠢᠶ᠎ᠠ ᠪᠠᠷ ᠤᠯᠭᠤᠬᠤ︾ ᠵᠠᠷᠴᠢᠮ ᠶᠤᠰᠤᠭᠠᠷ ᠰᠤᠷᠤᠯᠭ᠎ᠠ ᠶᠢᠨ ᠳᠡᠳᠬᠦᠮᠵᠢ ᠶᠢᠨ | ᠮᠥᠩᠬᠦ ᠤᠯᠭᠤᠨ᠎ᠠ ᠂ ᠭᠡᠪᠡᠴᠥ ᠲᠠᠪᠬᠤᠷᠳᠠᠭᠤᠯᠤᠨ ᠤᠯᠭᠤᠵᠤ ᠪᠤᠯᠬᠤ ᠦᠭᠡᠢ᠃ | ᠠᠷᠪᠠᠳᠤᠭᠠᠷ ᠵᠦᠢᠯ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠤᠯᠭ᠎ᠠ ᠶᠢᠨ ᠳᠡᠳᠬᠦᠮᠵᠢ ᠶᠢᠨ | ᠮᠥᠩᠬᠦ ᠪᠤᠯ ᠴᠡᠴᠡᠷᠯᠢᠭ ᠲᠤ ᠰᠠᠭᠤᠭ᠎ᠠ ᠬᠡᠥᠬᠡᠳ ᠳᠡᠳᠬᠦᠮᠵᠢ ᠶᠢᠨ ᠲᠦᠷᠦ ᠶᠢᠨ ᠪᠤᠳᠤᠯᠭ᠎ᠠ ᠶᠢ ᠬᠦᠷᠳᠡᠵᠤ᠂ | ᠪᠡᠯᠡ ᠮᠦᠩᠭᠦ ᠶᠢ ᠡᠳ᠋ ᠤᠨ ᠵᠠᠰᠠᠭ ᠠᠴᠠ ᠴᠡᠴᠡᠷᠯᠢᠭ ᠤᠨ ᠬᠡᠥᠬᠡᠳ ᠤᠨ ᠲᠤᠭ᠎ᠠ ᠶᠢ ᠦᠨᠳᠦᠰᠦᠯᠡᠵᠦ ᠰᠤᠷᠭᠠᠭᠤᠯᠢ | ᠪᠤᠶᠤ ᠴᠡᠴᠡᠷᠯᠢᠭ ᠳᠤ ᠠᠯᠪᠠᠨ ᠵᠠᠷᠤᠳᠠᠯ ᠪᠤᠯᠭᠠᠨ ᠦᠭᠭᠦᠨ᠎ᠡ᠃ ᠮᠤᠩᠭᠤᠯ ᠢᠶᠠᠷ ᠬᠢᠴᠢᠶᠠᠯᠡᠯᠵᠦ ᠪᠠᠶᠢᠭ᠎ᠠ | ᠴᠡᠴᠡᠷᠯᠢᠭ ᠤᠨ ᠬᠡᠦᠬᠡᠳ ︵ᠴᠡᠴᠡᠷᠯᠢᠭ ᠳᠤ ᠬᠤᠭᠤᠯᠠ ᠢᠳᠡᠬᠦ ᠦᠬᠡᠢ ᠬᠡᠤᠬᠡᠳ ᠬᠦᠷᠳᠡᠬᠦ ᠦᠬᠡᠢ︶ ᠤᠨ | ᠬᠤᠭᠤᠯᠠᠨ ᠤ ᠰᠦᠢᠳᠭᠡᠯ ᠢ ᠰᠤᠷᠭᠠᠭᠤᠯᠢ ᠪᠤᠯᠤᠨ ᠴᠡᠴᠡᠷᠯᠢᠭ ᠨᠢᠭᠡᠳᠦᠯᠳᠠᠢ ᠬᠠᠮᠢᠶᠠᠷᠤᠨ ᠬᠡᠷᠡᠭᠯᠡᠵᠦ᠂ ᠰᠠᠷ᠎ᠡ ᠪᠤᠯᠭᠠᠨ | ᠬᠡᠥᠬᠡᠳ ᠨᠢᠬᠡᠪᠦᠷᠢ ᠶᠢᠨ ᠵᠠᠷᠤᠭᠰᠠᠨ ᠪᠤᠳᠠᠳᠠᠢ ᠲᠤᠭ᠎ᠠ ᠪᠠᠷ ᠳ᠋ᠦᠩᠨᠡᠨ ᠪᠤᠳᠤᠵᠤ᠂ ᠦᠯᠡᠳᠡᠭᠰᠡᠨ ᠬᠡᠰᠡᠭ ᠢ ᠨᠢ | ᠪᠤᠴᠠᠭᠠᠵᠤ ᠦᠭᠬᠦ ᠦᠬᠡᠢ᠂ ᠬᠡᠳᠦᠷᠡᠭᠰᠡᠨ ᠰᠦᠢᠳᠭᠡᠯ ᠢ ᠬᠡᠥᠭᠡᠳ ᠤᠨ ᠭᠡᠷ ᠪᠦᠯᠢ ᠨᠢ ᠡᠬᠦᠷᠬᠡᠯᠡᠨ᠎ᠡ᠃ ᠪᠤᠳᠠᠰ ᠪᠤᠶᠤ | ᠤᠶᠢᠯᠡᠴᠢᠯᠡᠭᠡ ᠵᠡᠷᠭᠡ ᠤᠨᠳᠣᠣ ᠬᠡᠯᠪᠡᠷᠢ ᠪᠠᠷ ᠤᠷᠤᠯᠠᠭᠤᠯᠬᠤ ᠪᠤᠶᠤ ᠬᠠᠰᠤᠵᠤ ᠪᠤᠯᠬᠤ ᠦᠭᠡᠢ᠃ | ᠠᠷᠪᠠᠨ ᠨᠢᠭᠡᠳᠦᠭᠡᠷ ᠵᠦᠢᠯ ᠠᠶᠢᠮᠠᠭ᠂ ᠬᠤᠰᠢᠭᠤ ᠰᠢᠶᠠᠨ ᠬᠤᠳᠠ ︵ᠤᠷᠤᠨ︶ ᠬᠤᠶᠠᠷ ᠱᠠᠳᠤᠨ ᠤ | ᠰᠤᠷᠤᠯᠭ᠎ᠠ ᠶᠢᠨ ᠳᠡᠳᠬᠦᠮᠵᠢ ᠶᠢᠨ ᠠᠵᠢᠯ ᠤᠨ ᠤᠳᠤᠷᠢᠳᠬᠤ ᠲᠤᠭᠤᠶᠢᠯᠠᠩ ᠡᠯ᠎ᠠ ᠬᠤᠰᠢᠭᠤ ᠰᠢᠶᠠᠨ ᠬᠤᠳᠠ ︵ | ᠤᠷᠤᠨ︶ ᠶᠢᠨ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠤᠯᠭ᠎ᠠ ᠶᠢᠨ ᠳᠡᠳᠬᠦᠮᠵᠢ ᠶᠢᠨ ᠪᠦᠬᠦ ᠶᠠᠪᠤᠴᠠ ᠳᠤ | ᠬᠢᠨᠠᠯᠳᠠ ᠲᠠᠯᠪᠢᠨ ᠪᠠᠶᠢᠴᠠᠭᠠᠬᠤ ᠶᠢᠨ ᠬᠠᠮᠳᠤ ᠡᠯ᠎ᠡ ᠬᠤᠰᠢᠭᠤ ᠰᠢᠶᠠᠨ ᠬᠤᠳᠠ ︵ᠤᠷᠤᠨ︶ ᠶᠢᠨ ᠰᠤᠷᠤᠯᠭ᠎ᠠ ᠶᠢᠨ | ᠳᠡᠳᠬᠦᠮᠵᠢ ᠶᠢᠨ ᠵᠠᠷᠤᠳᠠᠯ ᠢ ᠲᠤᠭ᠎ᠠ ᠶᠤᠰᠤᠭᠠᠷ ᠴᠠᠭ ᠲᠤᠬᠠᠢ ᠳᠤᠨᠢ ᠦᠭᠬᠦ ᠶᠢ ᠱᠠᠯᠠᠪᠳᠠᠭᠤᠯᠤᠨ ᠪᠠᠶᠢᠴᠠᠭᠠᠨ᠎ᠠ᠃ | ᠠᠶᠢᠮᠠᠭ᠂ ᠬᠤᠰᠢᠭᠤ ᠰᠢᠶᠠᠨ ᠬᠤᠳᠠ ︵ᠤᠷᠤᠨ︶ ᠬᠤᠶᠠᠷ ᠱᠠᠲᠤᠨ ᠤ ᠰᠤᠷᠤᠯᠭ᠎ᠠ ᠶᠢᠨ ᠳᠡᠳᠬᠦᠮᠵᠢ ᠶᠢᠨ | ᠬᠠᠮᠢᠶᠠᠷᠤᠯᠳᠠ ᠶᠢᠨ ᠲᠦᠪ ᠲᠤ ᠢᠯᠡᠴᠢᠯᠡᠨ ᠮᠡᠳᠡᠬᠦᠯᠬᠦ ᠬᠠᠶᠢᠷᠴᠠᠭ ᠭᠠᠷᠭᠠᠵᠤ᠂ ᠢᠯᠡᠴᠢᠯᠡᠨ ᠮᠡᠳᠡᠬᠦᠯᠬᠦ ᠤᠳᠠᠰᠤ ᠶᠢ | ᠨᠡᠶᠢᠳᠡᠯᠡᠨ᠎ᠡ᠃ ᠬᠢᠨᠠᠨ ᠪᠣᠳᠤᠬᠤ᠂ ᠬᠢᠨᠠᠨ ᠪᠠᠶᠢᠴᠠᠭᠠᠬᠤ ᠰᠠᠯᠠᠭ᠎ᠠ ᠮᠦᠴᠢᠷ ᠬᠢᠨᠠᠨ ᠪᠠᠶᠢᠴᠠᠭᠠᠬᠤ ᠠᠵᠢᠯ ᠢ ᠲᠤᠭᠳᠠᠮᠠᠯ | ᠬᠤᠭᠤᠴᠠᠭ᠎ᠠ ᠲᠠᠢ ᠪᠠᠷ ᠦᠷᠨᠢᠬᠦᠯᠦᠨ᠎ᠡ᠃ ᠭᠠᠵᠠᠷ ᠤᠷᠤᠨ ᠤ ᠡᠬᠦᠷᠭᠡᠯᠡᠭᠦ ᠪᠡᠯᠡ ᠮᠥᠩᠬᠦ ᠶᠢ ᠴᠠᠭ ᠲᠤᠬᠠᠢ ᠳᠤᠨᠢ | ᠭᠠᠷᠭᠠᠭᠰᠠᠨ ᠦᠬᠡᠢ ᠬᠤᠰᠢᠭᠤ ᠰᠢᠶᠠᠨ ᠬᠤᠳᠠ ︵ᠤᠷᠤᠨ︶ ᠢ ᠱᠠᠯᠠᠪᠳᠠᠭᠤᠯᠤᠨ ᠲᠤᠭᠳᠠᠭᠰᠠᠨ ᠬᠤᠭᠤᠴᠠᠭᠠᠨ ᠳᠤ | ᠮᠥᠨ ᠯᠡ ᠭᠠᠷᠭᠠᠭᠰᠠᠨ ᠦᠬᠡᠢ ᠶᠢ ᠨᠢ ᠠᠶᠢᠮᠠᠭ ᠤᠨ ᠬᠢᠨᠠᠨ ᠪᠠᠶᠢᠴᠠᠭᠠᠬᠤ ᠲᠤᠪᠴᠢᠶ᠎ᠠ ᠠᠴᠠ ᠬᠠᠷᠢᠭᠤᠴᠠᠯᠭ᠎ᠠ | ᠨᠡᠬᠡᠮᠵᠢᠯᠡᠨ᠎ᠡ᠃ ᠰᠤᠷᠤᠯᠭ᠎ᠠ ᠶᠢᠨ ᠳᠡᠳᠬᠦᠮᠵᠢ ᠶᠢᠨ ᠮᠥᠩᠬᠦ ᠶᠢ ᠡᠷᠡᠮᠡᠯᠵᠡᠯᠡᠨ ᠮᠡᠳᠡᠭᠦᠯᠬᠦ ᠂ ᠬᠢᠨᠠᠨ | ᠬᠠᠷᠭᠤᠭᠤᠯᠬᠤ ᠂ ᠳᠠᠷᠬᠠᠭᠠᠨ ᠥᠭᠬᠦ ᠵᠡᠷᠬᠡ ᠶᠠᠪᠤᠴᠠ ᠳᠤ ᠬᠤᠳᠠᠯ ᠬᠠᠭᠤᠷᠮᠠᠭ ᠢᠶᠠᠷ ᠵᠤᠬᠢᠶᠠᠭᠰᠠᠨ ᠂ ᠡᠵᠡᠯᠠᠨ | ᠬᠡᠷᠡᠭᠯᠡᠭᠰᠡᠨ ᠂ ᠰᠠᠭᠤᠯᠭᠠᠨ ᠠᠪᠤᠭᠰᠠᠨ ᠰᠤᠷᠭᠠᠭᠤᠯᠢ ᠪᠠ ᠬᠤᠪᠢ ᠬᠥᠮᠥᠨ ᠢ ᠬᠤᠯᠪᠤᠭᠳᠠᠯ ᠪᠥᠬᠦᠢ ᠳᠤᠭᠳᠠᠭᠠᠯ | ᠶᠤᠰᠤᠭᠠᠷ ᠴᠢᠩᠭ᠎ᠠ ᠪᠠᠶᠢᠴᠠᠭᠠᠨ ᠰᠢᠳᠬᠡᠨ᠎ᠠ ᠃ | ᠲᠠᠪᠤᠳᠤᠭᠠᠷ ᠪᠦᠯᠦᠭ ᠲᠠᠭᠠᠯᠳᠠ ᠲᠦᠷᠢᠮ | ᠠᠷᠪᠠᠨ ᠬᠤᠶᠠᠳᠤᠭᠠᠷ ᠵᠦᠢᠯ ᠲᠤᠰ ᠠᠷᠭ᠎ᠠ ᠶᠢ ᠠᠶᠢᠮᠠᠭ ᠤᠨ ᠰᠤᠷᠭᠠᠨ ᠬᠦᠮᠦᠵᠢᠯ ᠤᠨ ᠲᠤᠪᠴᠢᠶ᠎ᠠ᠂ | ᠡᠳ᠋ ᠤᠨ ᠵᠠᠰᠠᠭ ᠤᠨ ᠲᠤᠪᠴᠢᠶ᠎ᠠ ᠬᠠᠷᠢᠭᠤᠴᠠᠨ ᠲᠠᠶᠢᠯᠪᠤᠷᠢᠯᠠᠨ᠎ᠠ᠃ | ᠠᠷᠪᠠᠨ ᠭᠤᠷᠪᠠᠳᠤᠭᠠᠷ ᠵᠦᠢᠯ ᠲᠤᠰ ᠠᠷᠭ᠎ᠠ ᠶᠢ 2012 ᠤᠨ ᠤ 6 ᠰᠠᠷ᠎ᠡ ᠶᠢᠨ 1 ᠠᠴᠠ ᠡᠬᠢᠯᠡᠵᠦ | ᠬᠡᠷᠡᠭᠵᠢᠬᠦᠯᠦᠨ᠎ᠡ᠃ ᠡᠬᠦᠨ ᠳᠤ ︽ᠰᠢᠯᠢ ᠶᠢᠨ ᠭᠤᠤᠯ ᠠᠶᠢᠮᠠᠭ ᠤᠨ ᠮᠤᠩᠭᠤᠯ ᠢᠶᠠᠷ ᠬᠢᠴᠢᠶᠠᠯᠡᠯᠵᠦ ᠪᠠᠶᠢᠭ᠎ᠠ ᠰᠣᠷᠬᠤ | ᠨᠠᠰᠤᠨ ᠠᠴᠠ ᠡᠮᠦᠨᠡᠬᠢ ᠰᠤᠷᠭᠠᠨ ᠬᠦᠮᠥᠵᠢᠯ᠂ ᠲᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠱᠠᠳᠤᠨ ᠳᠤ | ᠰᠦᠢᠳᠭᠡᠯ ᠬᠤᠷᠢᠶᠠᠬᠤ ᠦᠭᠡᠢ ᠪᠠᠷ ᠰᠤᠷᠭᠠᠨᠬᠦ᠋ᠮᠦᠵᠢᠯ ᠬᠦᠷᠳᠡᠬᠡᠬᠦ ᠬᠡᠷᠡᠭᠵᠢᠬᠦᠯᠦᠯᠳᠡ ᠶᠢᠨ ᠠᠷᠭ᠎ᠠ︾ ︵ᠰᠢᠯᠢ | ᠵᠠᠬᠢᠷᠭ᠎ᠠ ᠠᠯᠪᠠᠨ ᠲᠠᠷᠬᠠᠭᠠᠭᠰᠠᠨ ﹇2010﹈ 128 ᠳ᠋ᠤᠭᠠᠷ ᠲᠤᠭᠠᠳᠤ︶ ᠶᠢ ᠵᠡᠷᠬᠡ ᠳᠤᠨᠢ ᠬᠦᠴᠦᠨ ᠦᠬᠡᠢ | ᠪᠤᠯᠭᠠᠨ᠎ᠠ᠃ | ᠠᠷᠪᠠᠨ ᠳᠦᠷᠪᠡᠳᠦᠭᠡᠷ ᠵᠦᠢᠯ ᠡᠯ᠎ᠠ ᠭᠠᠵᠠᠷ ᠲᠣᠰ ᠠᠷᠭ᠎ᠠ ᠶᠢ ᠦᠨᠳᠦᠰᠦᠯᠡᠨ᠂ ᠲᠤᠬᠠᠢ ᠶᠢᠨ ᠭᠠᠵᠠᠷ | ᠤᠨ ᠪᠤᠳᠠᠳᠤ ᠪᠠᠶᠢᠳᠠᠯ ᠲᠠᠢ ᠤᠶᠠᠯᠳᠤᠭᠤᠯᠵᠤ᠂ ᠬᠢᠳᠠᠳ ᠢᠶᠠᠷ ᠬᠢᠴᠢᠶᠡᠯᠯᠡᠵᠤ ᠪᠠᠶᠢᠭ᠎ᠠ ᠰᠤᠷᠭᠠᠭᠤᠯᠢ ᠶᠢᠨ ᠨᠠᠰᠤᠨ | ᠠᠴᠠ ᠡᠮᠦᠨᠡᠬᠢ ᠰᠤᠷᠤᠯᠭ᠎ᠠ ᠶᠢᠨ ᠳᠡᠳᠬᠦᠮᠵᠢ ᠶᠢᠨ ᠨᠠᠷᠢᠨ ᠲᠦᠷᠢᠮ ᠢ ᠳᠤᠭᠳᠠᠭᠠᠵᠤ ᠪᠤᠯᠤᠨ᠎ᠠ᠃ |